ᠭᠤᠨᠠᠨ ᠦᠭᠡᠷ ᠤ᠋ᠨ ᠡᠪᠡᠷ ᠬᠦᠯᠳᠡᠮᠠᠷ ᠬᠠᠬᠢᠷ ᠡᠪᠦᠯ ᠤ᠋ᠨ ᠬᠦᠢᠳᠡᠨ ᠳ᠋ᠤ ᠰᠢᠭᠤᠷᠭ᠎ᠠ ᠰᠦᠷᠦᠨ ᠲᠠᠪᠬᠢᠯᠳᠤᠬᠤ ᠤᠷᠤᠯᠳᠤᠭᠠᠨ ᠤ᠋ ᠮᠤᠷᠢᠳ ᠤ᠋ᠨ ᠡᠷᠡᠮᠡᠬᠡᠢ ᠵᠤᠷᠢᠭ ᠲᠦ᠍ ᠴᠠᠰᠤ ᠤᠶᠠᠰᠤᠨ ᠬᠠᠢᠯᠵᠦ᠂ ᠨᠠᠷᠠᠨ ᠨᠠᠭᠠᠰᠢᠯᠠᠨ᠎ᠠ᠃ ᠬᠦᠷᠦᠰᠢ ᠦᠭᠡᠢ ᠬᠢᠵᠠᠭᠠᠷ ᠬᠤᠯᠠ᠂ ᠳᠠᠪᠠᠰᠢ ᠦᠭᠡᠢ ᠦᠨᠳᠦᠷ ᠳᠠᠪᠠᠭ᠎ᠠ ᠭᠡᠵᠦ ᠠᠯᠠᠭ᠎ᠠ᠃ ᠬᠦᠷᠬᠦ ᠵᠤᠷᠢᠭ ᠳᠠᠪᠠᠬᠤ ᠢᠳᠡᠭᠡᠯ ᠬᠤᠯᠠ ᠵᠢ ᠤᠢᠷᠠᠳᠤᠭᠤᠯᠵᠦ᠂ ᠬᠦᠴᠢᠷ ᠢ᠋ ᠳᠠᠪᠠᠭᠤᠯᠤᠨ᠎ᠠ᠃ 《ᠬᠤᠯᠠ ᠬᠡᠮᠡᠨ ᠪᠦᠦ ᠴᠦᠬᠦ》 ᠭᠡᠳᠡᠭ ᠶᠠᠭᠠᠬᠢᠭᠰᠠᠨ ᠰᠠᠢᠬᠠᠨ ᠵᠤᠷᠢᠬ ᠡᠷᠴᠢᠯᠡᠭᠰᠡᠨ ᠬᠦᠨ ᠤᠬᠠᠭᠠᠯᠢᠬ ᠰᠤᠷᠭᠠᠯ ᠪᠢᠯᠡ⁈ ᠡᠭᠡ ᠤᠯᠤᠰ ᠤ᠋ᠨ ᠵᠢᠡᠨ ᠤᠤᠭᠠᠨ ᠦᠨᠳᠦᠰᠦᠳᠡᠨ ᠤ᠋ ᠦᠪᠡᠷᠳᠡᠭᠡᠨ ᠵᠠᠰᠠᠬᠤ ᠤᠷᠤᠨ ᠪᠤᠯᠤᠭᠰᠠᠨ ᠦᠪᠦᠷ ᠮᠤᠩᠭᠤᠯ ᠶᠡᠭᠡ ᠢᠳᠡᠭᠡᠯ ᠡᠷᠡᠮᠡᠬᠡᠢ ᠵᠤᠷᠢᠬ ᠵᠢᠡᠷ ᠦᠭᠡᠷᠡᠴᠢᠯᠡᠯᠳᠡ ᠬᠦᠭᠵᠢᠯᠳᠡ ᠵᠢᠨ ᠲᠤᠮᠳᠠ ᠭᠠᠪᠰᠢᠭᠠᠢᠯᠠᠨ᠂ ᠵᠤᠷᠢᠭᠰᠠᠨ ᠳ᠋ᠠᠭᠠᠨ ᠵᠠᠪᠠᠯ ᠬᠦᠷᠬᠦ ᠮᠤᠩᠭᠤᠯ ᠮᠤᠷᠢᠨ ᠤ᠋ ᠵᠤᠷᠢᠭ ᠰᠠᠨᠠᠭ᠎ᠠ ᠪᠠᠷ ᠬᠦᠴᠢᠷ ᠪᠦᠬᠦᠨ ᠢ᠋ ᠢᠯᠠᠨ ᠳᠠᠪᠠᠵᠦ᠂ ᠠᠯᠢ ᠤᠯᠠᠨ ᠭᠠᠢᠬᠠᠮᠰᠢᠭ ᠢ᠋ ᠡᠭᠦᠳᠤᠨ᠂ ᠦᠨᠳᠦᠰᠦᠳᠡᠨ ᠨᠤᠬᠦᠳ ᠪᠦᠯᠬᠦᠮᠳᠡᠨ ᠨᠢᠬᠳᠠᠷᠠᠭᠰᠠᠨ᠂ ᠠᠳᠠᠯ ᠦᠢᠯᠡᠰ ᠦᠷᠨᠢᠬᠦᠨ ᠦᠭᠡᠳᠡᠯᠡᠭᠰᠡᠨ᠂ ᠦᠵᠡᠰᠭᠦᠯᠡᠩᠳᠤ ᠰᠠᠢᠠᠬᠨ ᠦᠵᠡᠮᠵᠢ ᠵᠢᠨ ᠤᠷᠤᠨ ᠢ᠋ ᠴᠤᠭᠴᠠᠯᠠᠨ᠂ ᠢᠷᠠᠭᠤ ᠬᠠᠭᠤᠳᠠᠰᠤ ᠵᠢ ᠪᠢᠴᠢᠭᠯᠡᠭᠰᠡᠨ ᠶᠤᠮ᠃
ᠪᠦᠬᠦ ᠤᠯᠤᠰ ᠤ᠋ᠨ ᠬᠠᠮᠤᠭ ᠤ᠋ᠨ ᠶᠡᠭᠡ ᠬᠠᠮᠤᠭ ᠤ᠋ᠨ ᠰᠠᠢᠬᠠᠨ ᠲᠠᠯ᠎ᠠ ᠨᠤᠲᠤᠭ — ᠬᠦᠯᠦᠨ ᠪᠤᠢᠷ ᠤ᠋ᠨ ᠲᠠᠯ᠎ᠠ ᠨᠤᠲᠤᠭ ᠦᠪᠦᠷ ᠮᠤᠩᠭᠤᠯ ᠳ᠋ᠤ ᠪᠠᠢᠳᠠᠭ; ᠪᠦᠬᠦ ᠤᠯᠤᠰ ᠤ᠋ᠨ ᠬᠠᠮᠤᠭ ᠤ᠋ᠨ ᠰᠠᠢᠬᠠᠨ ᠡᠯᠡᠰᠦᠨ ᠴᠦᠯ ᠭᠡᠮᠡᠵᠦ ᠦᠪᠦᠷ ᠮᠤᠩᠭᠤᠯ ᠤ᠋ᠨ ᠪᠠᠳᠠᠢ ᠵᠢᠨ ᠵᠢᠷᠠᠨ ᠤ᠋ ᠡᠯᠡᠰᠦᠨ ᠴᠦᠯ ᠢ᠋ ᠬᠡᠯᠡᠳᠡᠭ᠃ ᠦᠪᠦᠷ ᠮᠤᠩᠭᠤᠯ ᠤ᠋ᠨ ᠨᠡᠬᠦᠷᠡᠰᠦ᠂ ᠬᠤᠪᠤᠷ ᠰᠢᠷᠤᠢ᠂ ᠯᠢᠲ᠋ᠢ ᠵᠢᠨ ᠪᠤᠯᠠᠭᠳᠠᠴᠠ ᠪᠦᠬᠦ ᠤᠯᠤᠰ ᠲᠦ᠍ ᠲᠦᠷᠦᠬᠦᠯᠡᠳᠡᠭ; ᠦᠪᠦᠷ ᠮᠤᠩᠭᠤᠯ ᠤ᠋ᠨ ᠦᠭᠡᠷ ᠬᠤᠨᠢᠨ ᠮᠢᠬ᠎ᠠ᠂ ᠦᠨᠢᠶᠡᠨ ᠰᠦ᠂ ᠨᠤᠤᠰᠤ ᠨᠤᠤᠯᠤᠭᠤᠷ᠂ ᠨᠠᠷᠠᠨ ᠬᠤᠸᠠᠷ ᠤ᠋ᠨ ᠭᠠᠷᠤᠯᠳᠠ ᠪᠦᠬᠦ ᠤᠯᠤᠰ ᠲᠦ᠍ ᠲᠦᠷᠦᠬᠦᠯᠡᠳᠡᠭ; ᠦᠪᠦᠷ ᠮᠤᠩᠭᠤᠯ ᠤ᠋ᠨ ᠰᠠᠯᠬᠢᠨ ᠬᠦᠴᠦᠨ ᠤ᠋ ᠴᠠᠬᠢᠯᠭᠠᠨ᠂ ᠭᠡᠷᠡᠯᠴᠢ ᠴᠡᠨᠡᠭ ᠤ᠋ᠨ ᠮᠠᠰᠢᠨ ᠴᠤᠭᠴᠠᠯᠠᠪᠤᠷᠢ ᠵᠢᠨ ᠪᠠᠭᠳᠠᠭᠠᠮᠵᠢ ᠪᠦᠬᠦ ᠤᠯᠤᠰ ᠲᠦ᠍ ᠲᠦᠷᠦᠬᠦᠯᠡᠳᠡᠭ; ᠦᠪᠦᠷ ᠮᠤᠩᠭᠤᠯ ᠤ᠋ᠨ ᠬᠢᠯᠢ ᠵᠢᠨ ᠱᠤᠭᠤᠮ ᠤ᠋ᠨ ᠤᠷᠳᠤ ᠪᠦᠬᠦ ᠤᠯᠤᠰ ᠲᠦ᠍ ᠲᠦᠷᠦᠬᠦᠯᠡᠳᠡᠭ᠃ ᠡᠨᠡ ᠪᠤᠯ ᠦᠪᠦᠷ ᠮᠤᠩᠭᠤᠯ ᠤ᠋ᠨ ᠲᠠᠪᠠᠭᠤᠯᠢᠬ᠂ ᠦᠪᠤᠷ ᠮᠤᠩᠭᠤᠯ ᠤ᠋ᠨ ᠬᠦᠭᠵᠢᠯᠳᠡ ᠵᠢᠨ ᠰᠠᠭᠤᠷᠢ᠂ ᠬᠦᠯ ᠲᠤᠭᠳᠠᠬᠤ ᠵᠢᠨ ᠪᠡᠯᠡ᠂ ᠬᠦᠴᠦᠷᠭᠡᠭᠵᠢᠨ ᠮᠠᠨᠳᠤᠬᠤ ᠵᠢᠨ ᠡᠬᠢᠯᠡᠯᠳᠡ ᠵᠢᠨ ᠴᠡᠭ ᠠᠵᠢ᠃
ᠤᠯᠤᠰ ᠤ᠋ᠨ ᠪᠤᠳᠤᠯᠳᠠ ᠵᠢᠨ ᠬᠦᠴᠦᠨ ᠤ᠋ ᠬᠦᠢᠰᠦ᠂ ᠲᠠᠯ᠎ᠠ ᠨᠤᠲᠤᠭ ᠤ᠋ᠨ 《ᠡᠭᠦᠯᠡᠨ ᠬᠦᠨᠳᠡᠢ》 ᠭᠡᠮᠡᠵᠦ ᠦᠪᠦᠷ ᠮᠤᠩᠭᠤᠯ ᠤ᠋ᠨ ᠤᠯᠠᠭᠠᠨᠴᠠᠪ ᠢ᠋ ᠨᠡᠷᠡᠯᠡᠳᠡᠭ; 《ᠬᠦᠴᠢᠯᠲᠦ᠋ᠷᠥᠭᠴᠢ ᠵᠢᠨ ᠪᠠᠭᠠᠷ》 ᠭᠡᠮᠡᠵᠦ ᠪᠦᠬᠦ ᠤᠯᠤᠰ ᠤ᠋ᠨ ᠲᠠᠯᠠᠪᠠᠢ ᠪᠠᠷ ᠬᠠᠮᠤᠭ ᠤ᠋ᠨ ᠶᠡᠭᠡ ᠦᠪᠦᠷ ᠮᠤᠩᠭᠤᠯ ᠤ᠋ᠨ ᠤᠢ ᠰᠢᠭᠤᠢ ᠵᠢᠨ ᠠᠭᠤᠯᠤᠭᠳᠠᠴᠠ ᠵᠢ ᠵᠢᠭᠠᠳᠠᠭ᠃ ᠲᠤᠮᠳᠠᠳᠤ ᠤᠯᠤᠰ ᠤ᠋ᠨ 《ᠡᠯᠡᠰᠦᠨ ᠴᠦᠯ ᠤ᠋ᠨ ᠤᠷᠬᠤᠳᠠᠢ》 ᠴᠠᠭᠠᠨ ᠭᠤᠶᠤᠤ ᠵᠢᠨ ᠭᠠᠷᠤᠯᠳᠠ ᠵᠢᠨ ᠭᠤᠤᠯ ᠤᠷᠤᠨ ᠭᠡᠮᠡᠵᠦ ᠠᠯᠠᠱᠠ ᠠᠢᠮᠠᠬ ᠢ᠋ ᠨᠡᠷᠡᠯᠡᠳᠡᠭ᠃ ᠲᠤᠮᠳᠠᠳᠤ ᠡᠸᠦᠢ᠍ᠷᠦᠫᠡ ᠵᠢᠨ ᠵᠢᠱᠢᠶᠡᠨ ᠤ᠋ ᠭᠠᠯᠳᠤ ᠲᠡᠷᠭᠡ ᠵᠢᠨ ᠬᠢᠯᠢ ᠪᠡᠷ ᠤᠷᠤᠵᠦ ᠭᠠᠷᠬᠤ ᠶᠡᠷᠤᠩᠬᠡᠢ ᠬᠡᠮᠵᠢᠶᠡᠨ ᠤ᠋ 33% ᠤᠷᠴᠢᠮ ᠢ᠋ ᠡᠭᠦᠷᠭᠡᠯᠡᠵᠦ ᠪᠠᠢᠭ᠎ᠠ ᠪᠦᠬᠦ ᠤᠯᠤᠰ ᠤ᠋ᠨ ᠬᠠᠮᠤᠭ ᠤ᠋ᠨ ᠲᠤᠮᠤ ᠡᠭᠡ ᠬᠠᠭᠤᠷᠠᠢ ᠵᠢᠨ ᠬᠢᠯᠢ ᠵᠢᠨ ᠪᠤᠭᠤᠮᠳᠠ ᠭᠡᠮᠡᠵᠦ ᠦᠪᠦᠷ ᠮᠤᠩᠭᠤᠯ ᠤ᠋ᠨ ᠮᠠᠨᠵᠤᠤᠷ ᠬᠢᠯᠢ ᠵᠢᠨ ᠪᠤᠭᠤᠮᠳᠠ ᠵᠢ ᠬᠡᠯᠡᠳᠡᠭ; ᠦᠪᠦᠷ ᠮᠤᠩᠭᠤᠯ ᠤ᠋ᠨ ᠨᠠᠭᠠᠳᠤᠮ ᠤ᠋ᠨ ᠶᠡᠭᠡ ᠬᠤᠷᠠᠯ ᠪᠤᠯ ᠪᠦᠬᠦ ᠤᠯᠤᠰ ᠲᠠᠬᠢ ᠭᠡᠪᠴᠢᠶ᠎ᠡ ᠪᠡᠷ ᠬᠠᠮᠤᠭ ᠤ᠋ᠨ ᠶᠡᠭᠡ᠂ ᠲᠦᠷᠦᠯ ᠵᠦᠢᠯ ᠵᠢᠡᠷ ᠬᠠᠮᠤᠭ ᠤ᠋ᠨ ᠪᠦᠷᠢᠨ ᠬᠦᠢᠴᠡᠳ ᠦᠨᠳᠦᠰᠦᠳᠡᠨ ᠤ᠋ ᠤᠯᠠᠮᠵᠢᠯᠠᠯᠳᠤ ᠪᠡᠶ᠎ᠡ ᠵᠢᠨ ᠲᠠᠮᠢᠷ ᠤ᠋ᠨ ᠦᠪᠡᠳᠡᠭᠰᠢ ᠴᠤᠭᠯᠠᠭᠠᠨ ᠪᠤᠯᠤᠨ᠎ᠠ; ᠪᠦᠬᠦ ᠤᠯᠤᠰ ᠤ᠋ᠨ ᠤᠳᠬ᠎ᠠ ᠤᠷᠠᠯᠢᠬ ᠤ᠋ᠨ ᠬᠦᠩᠭᠡᠨ ᠮᠤᠷᠢᠳᠤ ᠴᠡᠷᠢᠭ ᠬᠡᠮᠡᠵᠦ ᠦᠪᠦᠷ ᠮᠤᠩᠭᠤᠯ ᠤ᠋ᠨ ᠤᠯᠠᠭᠠᠨᠮᠦᠢ᠍ᠴᠢᠷ ᠢ᠋ ᠬᠡᠯᠡᠳᠡᠭ; ᠲᠡᠯᠡᠬᠡᠢ ᠵᠢᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠠᠮᠢᠳᠤ ᠴᠢᠯᠠᠭᠤᠵᠢᠮᠠᠯ ᠭᠡᠮᠡᠵᠦ ᠦᠪᠦᠷ ᠮᠤᠩᠭᠤᠯ ᠤ᠋ᠨ ᠤᠷᠳᠤ ᠵᠢᠨ ᠲᠠᠭᠤᠤ ᠵᠢ ᠬᠡᠯᠡᠳᠡᠭ᠃
ᠪᠦᠬᠦ ᠤᠯᠤᠰ ᠤ᠋ᠨ ᠠᠷᠠᠳ ᠲᠦᠮᠡᠨ ᠤ᠋ ᠵᠤᠭᠤᠭᠯᠠᠵᠤ ᠪᠠᠢᠭ᠎ᠠ 10 ᠵᠢᠩ ᠬᠤᠨᠢᠨ ᠮᠢᠬ᠎ᠠ ᠵᠢᠨ 3 ᠵᠢᠩ ᠨᠢ ᠦᠪᠦᠷ ᠮᠤᠩᠭᠤᠯ ᠤ᠋ᠨ ᠴᠤᠯ ᠪᠠᠢᠭᠠᠯᠢ ᠵᠢᠨ ᠪᠡᠯᠴᠢᠭᠡᠷ ᠡᠴᠡ ᠭᠠᠷᠤᠯᠳᠠ ᠲᠠᠢ᠂ ᠤᠤᠭᠤᠵᠦ ᠪᠠᠢᠭ᠎ᠠ 5 ᠴᠤᠮᠤ ᠦᠨᠢᠶᠡᠨ ᠰᠦ ᠵᠢᠨ 1 ᠴᠤᠮᠤ ᠨᠢ ᠦᠪᠦᠷ ᠮᠤᠩᠭᠤᠯ ᠡᠴᠡ ᠢᠷᠡᠯᠳᠡ ᠳᠡᠢ᠂ ᠡᠮᠤᠰᠴᠦ ᠪᠠᠢᠭ᠎ᠠ 2 ᠵᠠᠬ᠎ᠠ ᠢᠮᠠᠭᠠᠨ ᠨᠤᠤᠯᠤᠭᠤᠷ ᠤ᠋ᠨ ᠬᠤᠪᠴᠠᠰᠤ ᠵᠢᠨ 1 ᠵᠠᠬ᠎ᠠ ᠵᠢᠨ ᠬᠢᠨᠢ ᠲᠦᠬᠦᠭᠡᠢ ᠮᠠᠲ᠋ᠸᠷᠢᠶᠠᠯ ᠦᠪᠦᠷ ᠮᠤᠩᠭᠤᠯ ᠤ᠋ᠨ ᠬᠢ ᠪᠠᠢᠳᠠᠭ᠃ ᠡᠨᠡ ᠪᠤᠯ ᠦᠪᠦᠷ ᠮᠤᠩᠭᠤᠯ ᠤ᠋ᠨ ᠬᠠᠷᠢᠭᠤᠴᠠᠯᠭ᠎ᠠ ᠡᠭᠦᠷᠭᠡᠯᠡᠯ᠂ ᠦᠪᠦᠷ ᠮᠤᠩᠭᠤᠯ ᠤ᠋ᠨ ᠪᠢᠴᠢᠭᠯᠡᠭᠰᠡᠨ ᠢᠷᠠᠭᠤ ᠬᠠᠭᠤᠳᠠᠰᠤ ᠶᠤᠮ᠃
ᠡᠳᠡᠭᠡᠷ ᠤᠯᠠᠨ 《ᠪᠦᠬᠦ ᠤᠯᠤᠰ ᠤ᠋ᠨ ᠬᠠᠮᠤᠭ ᠤ᠋ᠳ》 ᠢ᠋ ᠪᠢᠴᠢᠭᠯᠡᠭᠰᠡᠨ ᠢᠷᠠᠭᠤ ᠬᠠᠭᠤᠳᠠᠰᠤ ᠵᠢᠨ ᠠᠷᠤ ᠳ᠋ᠤ ᠦᠪᠦᠷ ᠮᠤᠩᠭᠤᠯ ᠤ᠋ᠨ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠡᠷᠡᠮᠡᠬᠡᠢ ᠲᠡᠮᠡᠴᠡᠯ ᠤ᠋ᠨ ᠵᠤᠷᠢᠭ ᠰᠠᠨᠠᠭ᠎ᠠ ᠠᠭᠤᠯᠤᠭᠳᠠᠵᠦ ᠪᠤᠢ᠃ ᠡᠨᠡ ᠬᠦ᠌ ᠵᠤᠷᠢᠭ ᠰᠠᠨᠠᠭ᠎ᠠ ᠨᠢ ᠦᠪᠦᠷ ᠮᠤᠩᠭᠤᠯ ᠤ᠋ᠨ ᠬᠦᠰᠡᠭᠰᠡᠨ ᠳ᠋ᠡᠭᠡᠨ ᠬᠦᠷᠬᠦ ᠲᠡᠮᠡᠦᠯᠦᠯ᠂ ᠬᠤᠯᠠ ᠵᠢ ᠬᠠᠷᠠᠬᠤ ᠴᠠᠮᠬᠠᠬ᠂ ᠠᠯᠬᠤᠮ ᠠᠯᠬᠤᠮ ᠵᠢᠡᠷ ᠢᠳᠡᠷᠡᠬᠦᠨ ᠪᠠᠳᠤᠳᠠᠢ ᠪᠡᠷ ᠡᠷᠡᠮᠡᠬᠡᠢᠯᠡᠨ ᠲᠡᠮᠡᠴᠡᠵᠦ ᠢᠷᠡᠭᠰᠡᠨ ᠤᠯᠠ ᠮᠦᠷ᠂ ᠪᠤᠷᠤᠭᠵᠢᠭᠤᠨ ᠠᠭᠠᠳ ᠶᠡᠭᠡᠮᠰᠦᠭ ᠰᠦᠷᠯᠢᠬᠦᠨ ᠤᠷᠤᠭᠰᠢᠯᠠᠯᠳᠠ ᠵᠢᠨ ᠴᠠᠳᠢᠭ ᠪᠤᠯᠬᠤ ᠶᠤᠮ᠃
ᠤᠯᠠᠮᠵᠢᠯᠠᠯᠳᠤ ᠴᠠᠭᠠᠨ ᠰᠠᠷ᠎ᠠ ᠵᠢᠨ ᠪᠠᠶᠠᠷ ᠪᠠᠶᠠᠰᠤᠯ ᠬᠦᠮᠦᠨ ᠪᠦᠬᠦᠨ ᠤ᠋ ᠴᠢᠷᠠᠢ ᠲᠡᠭᠡᠷ᠎ᠡ ᠮᠦᠰᠢᠶᠡᠨ ᠭᠡᠷᠡᠯᠳᠦᠭᠰᠡᠨ ᠦᠯᠵᠡᠢᠳᠤ ᠮᠦᠴᠡ ᠳ᠋ᠤ ᠦᠪᠡᠷᠳᠡᠭᠡᠨ ᠵᠠᠰᠠᠬᠤ ᠤᠷᠤᠨ ᠤ᠋ ᠬᠤᠶᠠᠷ ᠬᠤᠷᠠᠯ ᠦᠪᠡᠳᠡᠭᠰᠢ ᠶᠡᠭᠡ ᠪᠡᠷ ᠬᠤᠷᠠᠯᠳᠤᠵᠦ᠂ ᠦᠪᠦᠷ ᠮᠤᠩᠭᠤᠯ ᠤ᠋ᠨ ᠦᠷᠬᠦᠯᠵᠢᠯᠡᠨ ᠦᠷᠨᠢᠬᠦᠨ ᠦᠭᠡᠳᠡᠯᠡᠬᠦ ᠰᠢᠨ᠎ᠠ ᠠᠶᠠᠨ ᠤ᠋ ᠬᠦᠭᠵᠢᠯᠳᠡ ᠵᠢᠨ ᠪᠦᠷᠢᠶ᠎ᠠ ᠵᠢ ᠬᠠᠩᠬᠢᠨᠠᠭᠤᠯᠪᠠ᠃ ᠮᠤᠩᠭᠤᠯ ᠮᠤᠷᠢᠨ ᠤ᠋ ᠵᠤᠷᠢᠭ ᠰᠠᠨᠠᠭ᠎ᠠ ᠵᠢ ᠪᠠᠳᠠᠷᠠᠭᠤᠯᠵᠦ᠂ ᠲᠤᠮᠳᠠᠳᠤ ᠤᠯᠤᠰ ᠤ᠋ᠨ ᠮᠠᠶᠢᠬ ᠤ᠋ᠨ ᠤᠳᠤᠬᠢᠴᠢᠯᠠᠯᠳᠠ ᠵᠢᠨ ᠦᠪᠦᠷ ᠮᠤᠩᠭᠤᠯ ᠤ᠋ᠨ ᠰᠢᠨ᠎ᠠ ᠬᠠᠭᠤᠳᠠᠰᠤ ᠵᠢ ᠪᠢᠴᠢᠭᠯᠡᠨ᠂ ᠦᠷᠨᠢᠬᠦᠨ ᠦᠭᠡᠳᠡᠯᠡᠭᠰᠡᠨ ᠦᠪᠦᠷ ᠮᠤᠩᠭᠤᠯ ᠤ᠋ᠨ ᠢᠷᠡᠬᠦ ᠢᠷᠡᠭᠡᠳᠦᠢ ᠨᠡᠩ ᠭᠡᠭᠡᠨ ᠰᠠᠷᠠᠭᠤᠯ ᠪᠤᠯᠬᠤ ᠨᠢ ᠯᠠᠪᠳᠠᠢ!