ᠲᠠᠯ᠎ᠠ ᠵᠢᠨ ᠬᠦᠨ ᠳ᠋ᠡᠬᠢ 《 ᠮᠠᠨ᠎ᠦ ᠬᠢᠯᠢᠴᠢᠨ 》
2026-02-09 10:54:33
ᠵᠣᠬᠢᠶᠠᠭ᠍ᠴᠢ᠄
ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

ᠯᠠ ᠰᠠᠷ᠎ᠠ᠎ᠶ᠋ᠢᠨ ᠱᠢᠨ᠎ᠡ᠎ᠶ᠋ᠢᠨ ᠨᠠᠢ᠍ᠮᠠᠨ᠎ᠳᠤ᠂ ᠬᠥᠯᠥᠨ ᠪᠤᠢ᠌ᠷ ᠬᠤᠳᠠ᠎ᠶ᠋ᠢᠨ ᠱᠢᠨ᠎ᠡ ᠪᠠᠷᠭᠤ ᠵᠡᠭᠦᠨ ᠬᠣᠱᠢᠭᠤᠨ ᠎ᠤ ᠠᠭᠠᠷ ᠎ᠤᠨ ᠳᠤᠯᠠᠭᠠᠨ ᠲᠡᠭ᠎ᠡᠴᠡ ᠳᠣᠷᠣᠭ᠍ᠰᠢ 35 ᠼᠸᠯᠰ᠎ᠤᠨ ᠭᠷᠠᠳᠦ᠋ᠰ᠎ᠲᠦ ᠬᠦᠷᠴᠦ᠍᠂ ᠲᠠᠯ᠎ᠠ ᠨᠤᠲᠤᠭ᠎ᠲᠦ ᠴᠠᠭᠠᠨ ᠰᠢᠭᠤᠷᠭ᠎ᠠ ᠪᠤᠰᠪᠠ᠃ ᠡᠪᠦᠳᠦᠭ  ᠬᠢᠯᠢ᠎ᠶ᠋ᠢᠨ ᠲᠣᠮᠢᠯᠠᠭ᠍ᠰᠠᠨ ᠰᠠᠯᠪᠤᠷᠢ᠎ᠳᠤ᠂ ᠶᠠᠷᠢᠯᠴᠠᠭᠤᠷ ᠮᠠᠱᠢᠨ᠎ᠡᠴᠡ ᠭᠡᠨᠡᠳᠲᠡ᠄ 《ᠪᠠᠶᠠᠨ ᠣᠪᠣᠭ᠎ᠠ ᠭᠠᠴᠠᠭ᠎ᠠ᠎ᠶᠢᠨ ᠵᠣᠣ ᠶᠢᠤ ᠮᠣᠷᠢ᠎ᠪᠠᠨ ᠡᠷᠢᠬᠦ ᠪᠡᠷ ᠭᠠᠷᠤᠭᠠᠳ ᠬᠣᠯᠪᠣᠭ᠎ᠠ ᠲᠠᠰᠤᠷᠠᠵᠤ 3 ᠴᠠᠭ ᠭᠠᠷᠤᠶ ᠪᠣᠯᠵᠤ ᠪᠠᠢᠨ᠎ᠠ!》 ᠭᠡᠬᠦ ᠪᠠᠴᠢᠮ ᠠᠪᠤᠷᠠᠯᠲᠠ᠎ᠶᠢᠨ ᠳᠠᠭᠤᠨ ᠳᠠᠮᠵᠢᠭᠳᠠᠵᠤ ᠢᠷᠡᠯ᠎ᠡ᠃

ᠠᠩᠭᠢ᠎ᠶ᠋ᠢᠨ ᠳᠠᠷᠤᠭ᠎ᠠ ᠪᠦᠦ ᠬᠠᠢ ᠱᠧᠩ ᠲᠠᠪᠬᠢᠨ ᠪᠣᠰᠴᠤ᠌ ᠮᠠᠯᠠᠭᠠᠶ᠎ᠪᠠᠨ ᠵᠡᠭᠦᠨ᠂《ᠴᠤᠭ᠍ᠯᠠᠷᠠ᠂ ᠮᠣᠷᠳᠠᠵᠠᠭᠠᠶ᠎ᠠ!》 ᠭᠡᠮᠡᠨ ᠰᠢᠭᠤᠷᠬᠠᠢ ᠬᠡᠯᠡᠪᠡ᠃ ᠮᠠᠯᠴᠢᠳ᠎ᠤᠨ ᠵᠢᠡᠨ ᠳᠤᠮᠳᠠ 《ᠮᠠᠨ᠎ᠦ ᠬᠢᠯᠢᠴᠢᠨ》  ᠬᠡᠮᠡᠭ᠌ᠳᠡᠭ᠌ᠰᠡᠨ ᠡᠨᠡᠬᠦ ᠮᠣᠷᠢᠲᠤ ᠴᠠᠭ᠍ᠳᠠᠭ᠎ᠠ᠎ᠶ᠋ᠢᠨ ᠠᠩᠭᠢ ᠦᠳᠲᠡᠷ ᠲᠦᠷᠭᠡᠨ ᠬᠦᠳᠡᠯᠪᠡ᠃

《ᠵᠢᠯᠣᠭᠣᠴᠢ ᠦᠭᠡᠢ ᠨᠢᠰᠭᠡᠯ ᠎ᠢ ᠨᠢᠰᠭᠡ! 》ᠭᠡᠵᠦ᠍ ᠭᠤᠷᠪᠠᠨ ᠴᠠᠭ ᠨᠡᠩᠵᠢᠭᠡᠳ ᠦᠷ᠎ᠡ ᠳ᠋ᠦᠩ ᠭᠠᠷᠤᠭ᠍ᠰᠠᠨ ᠥᠬᠡᠶ᠎ᠪᠤᠯᠬᠤᠷ ᠪᠦᠦ ᠬᠠᠶ ᠱᠧᠩ ᠬᠠᠰᠬᠢᠷᠪᠠ᠃ ᠳᠡᠯᠭᠡᠴᠡ ᠭᠡᠷᠡᠯᠳᠦᠵᠦ᠂ ᠭᠡᠷᠡᠯ᠎ᠦᠨ ᠴᠡᠭ ᠳᠣᠭ᠍ᠰᠢᠨ ᠰᠠᠯᠬᠢ   ᠴᠠᠰᠤᠨ ᠰᠢᠭᠤᠷᠭᠠᠨ ᠲᠤᠮᠳᠠᠭᠤᠷ ᠬᠦᠴᠢᠷᠳᠡᠯᠳᠡᠢ᠎ᠱᠢᠷᠪᠢᠨ᠎ᠡ᠃ ᠭᠡᠨᠡᠳᠲᠡ᠂ ᠨᠢᠭᠡ ᠪᠠᠯᠠᠷᠬᠠᠶ ᠳᠦᠷᠢ 8 ᠺᠢᠯᠣᠮᠧᠲ᠋ᠷ ᠎ᠦᠨ ᠭᠠᠳᠠᠨᠠᠬᠢ ᠨᠠᠮᠤᠭ ᠭᠠᠵᠠᠷ᠎ᠤᠨ ᠵᠠᠬ᠎ᠠ᠎ᠳᠤ ᠢᠯᠡᠷᠡᠪᠡ — ᠬᠦᠮᠦᠨ ᠪᠠ ᠮᠤᠷᠢᠨ᠎ᠦ ᠰᠡᠭᠦᠳᠡᠷ ᠬᠡᠯᠪᠡᠯᠵᠡᠵᠦ᠂ ᠴᠠᠰᠤᠨ᠎ᠳᠤ ᠭᠤᠳᠤᠷᠤᠭᠰᠠᠨ ᠮᠣᠲ᠋ᠣᠷ ᠵᠢᠡᠨ  ᠲᠠᠲᠠᠵᠤ ᠴᠢᠨᠭᠭᠠᠭᠠᠵᠤ ᠪᠠᠢᠬᠤ ᠬᠦᠮᠦᠨ ᠬᠠᠷᠠᠭᠳᠠᠪᠠ᠃

《ᠪᠠᠷᠠᠭᠤᠨ ᠬᠤᠢᠲᠤ ᠵᠦᠭ ᠲᠦ᠍᠂ ᠪᠤᠰᠢᠭᠤᠯᠠ!》 ᠭᠡᠭᠰᠡᠭᠡᠷ ᠪᠦᠦ ᠬᠠᠢ ᠱᠧᠩ ᠮᠤᠷᠢ ᠪᠠᠨ ᠲᠠᠪᠢᠷᠠᠪᠠ᠃ ᠠᠭᠳᠠ ᠬᠦᠯᠦᠭ ᠲᠤᠭᠤᠷᠠᠢ ᠴᠠᠪᠴᠢᠯᠠᠨ ᠲᠠᠪᠬᠢᠬᠤ᠎ᠳᠤ᠂ ᠠᠷᠤ᠎ᠳᠦᠨᠢ ᠴᠠᠰᠤ ᠪᠤᠵᠢᠬᠢᠨᠠᠨ᠎ᠠ᠃

ᠲᠡᠳᠡ ᠬᠦᠷᠴᠦ᠍ ᠤᠴᠢᠬᠤ ᠦᠶ᠎ᠡ᠎ᠳᠦ᠂ ᠮᠠᠯᠴᠢᠨ ᠵᠤᠤ ᠶᠢᠤ ᠪᠠᠷᠤᠭ ᠯᠠ ᠴᠠᠰᠤᠨ ᠬᠥᠮᠦᠨ ᠪᠤᠯᠵᠤ᠂ ᠬᠠᠴᠠᠷ ᠨᠢ ᠪᠤᠷᠤᠯᠠᠵᠤ ᠬᠠᠪᠤᠩᠨᠠᠨ᠂ ᠭᠠᠷ᠎ᠤᠨ ᠬᠤᠷᠤᠭᠤ ᠨᠢ ᠬᠥᠱᠢᠭᠡᠳ ᠵᠢᠬᠢᠯᠭᠡᠵᠦ ᠴᠢᠳᠠᠬᠤ ᠪᠠᠨ ᠪᠦᠷ ᠪᠤᠯᠢᠬᠰᠠᠨ ᠪᠠᠢᠪᠠ᠃ ᠦᠳᠡ᠎ᠶ᠋ᠢᠨ ᠬᠣᠢᠨ᠎ᠠ᠂ ᠲᠠᠷᠠ  ᠪᠠᠷ  ᠴᠢᠨᠣ᠎ᠠ᠎ᠡᠴᠡ ᠦᠷᠭᠦᠭᠰᠡᠨ 8 ᠮᠣᠷᠢ ᠵᠢᠨ ᠵᠢᠡᠨ ᠬᠤᠢᠨ᠎ᠠ ᠡᠴᠡ ᠨᠡᠭᠡᠵᠤ ᠶᠠᠪᠤᠭᠠᠳ  ᠬᠢᠯᠢ᠎ᠶ᠋ᠢᠨ ᠣᠢᠷᠠᠯᠴᠠᠭ᠎ᠠ ᠬᠦᠷᠬᠦ᠌᠎ᠳᠦ ᠮᠣᠲ᠋ᠣᠷ ᠨᠢ ᠬᠤᠷᠠᠭ᠍ᠰᠠᠨ ᠴᠠᠰᠤᠨ᠎ᠳᠤ ᠭᠤᠳᠤᠷᠤᠨ ᠤᠷᠤᠭᠰᠠᠨ ᠪᠦᠭᠡᠳ ᠭᠠᠷ ᠤᠲᠠᠰᠤ ᠨᠢ ᠴᠦ᠍ ᠲᠤᠢᠯ᠎ᠤᠨ ᠳᠣᠣᠷ᠎ᠠ ᠳᠤᠯᠠᠭᠠᠨ᠎ᠳᠤ ᠴᠠᠬᠢᠯᠭᠠᠨ ᠪᠠᠷᠠᠭ᠍ᠳᠠᠬᠰᠠᠨ ᠪᠠᠢᠵᠠᠢ᠃

《ᠪᠢ ᠡᠨᠡ ᠡᠳᠦᠷ ᠡᠨᠳᠡ ᠬᠥᠯᠳᠡᠴᠢᠬᠡᠨ᠎ᠡ ᠭᠡᠵᠦ᠍ ᠪᠣᠳᠣᠵᠠᠢ ᠁》 ᠭᠡᠵᠦ ᠲᠡᠷᠡ ᠴᠡᠴᠡᠷᠬᠢᠯᠡᠨ ᠬᠡᠯᠡᠨ᠎ᠡ᠃

《ᠪᠢᠲᠡᠭᠡᠢ ᠦᠭᠡ ᠶᠠᠷᠢ᠂ ᠤᠷᠢᠳ ᠵᠢᠡᠷ ᠭᠠᠷᠴᠤ᠌ ᠢᠷ᠎ᠡ!》 ᠭᠡᠵᠦ ᠪᠦᠦ ᠬᠠᠢ ᠱᠧᠩ ᠪᠣᠯᠤᠨ ᠠᠷᠠᠳ᠎ᠤᠨ ᠴᠠᠭ᠍ᠳᠠᠭ᠎ᠠ ᠰᠠᠴᠤᠷᠠ ᠮᠤᠷᠢᠨ᠎ᠡᠴᠡ᠎ᠪᠠᠨ ᠪᠠᠭᠤᠵᠤ᠂ ᠵᠤᠤ ᠶᠢᠤ ᠵᠢ ᠮᠤᠷᠢᠨ᠎ᠨᠢᠷᠤᠭᠤᠨ ᠲᠡᠭᠡᠷ᠎ᠡ ᠭᠠᠷᠭᠠᠵᠤ᠂ ᠠᠪᠴᠢᠷᠠᠭᠰᠠᠨ ᠲᠡᠪᠡᠯ᠎ᠢᠶᠡᠷ᠎ᠢᠶᠡᠨ ᠣᠷᠢᠶᠠᠵᠤ᠂ ᠡᠪᠦᠷ ᠲᠤᠨᠢ ᠲᠤᠯᠠᠭᠠᠨ ᠨᠠᠭᠠᠯᠲᠠ ᠬᠢᠪᠡ᠃ ᠨᠥᠭᠥᠭᠡ ᠲᠠᠯ᠎ᠠ᠎ᠪᠠᠷ ᠂ ᠪᠤᠰᠤᠳ ᠠᠷᠠᠳ᠎ᠤᠨ ᠴᠠᠭ᠍ᠳᠠᠭ᠎ᠠ ᠪᠡᠶ᠎ᠡ᠎ᠳᠡᠭᠡᠨ ᠠᠪᠴᠤ᠌ ᠶᠠᠪᠤᠭ᠎ᠠ ᠫᠤᠤᠵᠢᠩ ᠎ᠢ ᠨᠣᠴᠣᠭᠠᠵᠤ᠂ ᠫᠠᠷᠴᠢᠬᠢᠨᠠᠬᠤ ᠲᠠᠭᠤᠨ᠎ᠢᠶᠠᠷ ᠣᠢᠷ᠎ᠠ ᠬᠠᠪᠢ᠎ᠳᠦ ᠡᠷᠭᠢᠴᠡᠵᠦ᠍ ᠪᠠᠢᠭ᠍ᠰᠠᠨ ᠴᠢᠨᠣ᠎ᠠ᠎ᠶ᠋ᠢᠨ ᠰᠦᠷᠦᠭ᠎ᠢ ᠦᠯᠳᠡᠨ ᠬᠦᠭᠡᠭᠡᠵᠠᠢ᠃

ᠡᠨᠡ ᠪᠣᠯ ᠺᠢᠨᠣ᠋ ᠲᠧᠯᠸᠢᠰ ᠵᠦᠴᠦᠭᠡ ᠪᠢᠰᠢ᠂ ᠬᠠᠷᠢᠨ《ᠬᠢᠯᠢᠴᠢᠨ》ᠮᠣᠷᠢᠳᠤ ᠴᠠᠭ᠍ᠳᠠᠭ᠎ᠠ᠎ᠶ᠋ᠢᠨ ᠠᠩᠭᠢ᠎ᠶ᠋ᠢᠨ 180 ᠡᠳᠦᠷ᠎ᠦᠨ ᠮᠥᠰᠥ᠍ ᠴᠠᠰᠤᠨ᠎ᠤ ᠬᠤᠭᠤᠴᠠᠭᠠᠨ ᠳ᠋ᠡᠬᠢ ᠡᠳᠦᠷ ᠲᠤᠲᠤᠮ᠎ᠤᠨ ᠶᠠᠪᠤᠳᠠᠯ ᠪᠣᠯᠤᠨ᠎ᠠ᠃

ᠲᠡᠳᠡᠨ᠎ᠦ ᠬᠠᠷᠢᠶᠠᠲᠤ ᠭᠠᠵᠠᠷ᠎ᠤᠨ ᠪᠠᠢᠴᠠ ᠨᠢ ᠪᠤᠳᠤᠯᠢᠶᠠᠨᠲᠠᠶ᠂ ᠵᠣᠨ᠎ᠤ ᠤᠯᠠᠷᠢᠯ᠎ᠳᠤ ᠨᠠᠮᠤᠭ ᠲᠠᠢ᠂ ᠡᠪᠦᠯ᠎ᠦᠨ ᠤᠯᠠᠷᠢᠯ᠎ᠳᠤ ᠶᠡᠬᠡ ᠴᠠᠰᠤᠨ᠎ᠳᠤ ᠵᠠᠮ ᠬᠠᠭᠠᠭᠳᠠᠳᠠᠭ ᠤᠴᠢᠷ ᠡᠴᠡ ᠮᠣᠷᠢ ᠪᠣᠯ ᠲᠡᠳᠡᠨ᠎ᠦ ᠬᠠᠮᠤᠭ᠎ᠤᠨ ᠨᠠᠢᠳᠠᠪᠤᠷᠢᠲᠠᠶ ᠳᠠᠢᠴᠢᠨ ᠬᠠᠨᠢ ᠶᠤᠮ᠃

《ᠮᠠᠱᠢᠨ ᠲᠡᠷᠭᠡ ᠬᠦᠷᠴᠦ᠍ ᠳᠡᠢᠯᠬᠦ᠌ ᠦᠭᠡᠢ ᠭᠠᠵᠠᠷ᠎ᠲᠤ ᠮᠣᠷᠢ ᠬᠦᠷᠴᠦ᠍᠂ ᠮᠠᠨ᠎ᠤ ᠶᠠᠪᠤᠵᠤ ᠳᠡᠢᠯᠬᠦ᠌ ᠦᠭᠡᠢ ᠵᠠᠮ᠎ᠢᠶᠠᠷ ᠮᠣᠷᠢ ᠪᠢᠳᠡᠨ᠎ᠢ ᠳᠠᠭᠠᠭᠤᠯᠵᠤ ᠶᠠᠪᠤᠨ᠎ᠠ》 ᠭᠡᠵᠦ᠍ ᠠᠷᠠᠳ᠎ᠤᠨ ᠴᠠᠭ᠍ᠳᠠᠭ᠎ᠠ ᠰᠠᠴᠤᠷᠠ ᠮᠣᠷᠢ᠎ᠪᠠᠨ ᠢᠯᠪᠢᠨ ᠬᠡᠯᠡᠪᠡ᠃

ᠰᠤᠷᠪᠤᠯᠵᠢᠯᠠᠵᠤ ᠪᠠᠢᠬᠤ ᠵᠠᠭᠤᠷ᠎ᠠ ᠠᠷᠠᠳ᠎ᠤᠨ ᠴᠠᠭ᠍ᠳᠠᠭ᠎ᠠ᠎ᠨᠠᠷ ᠪᠠᠰᠠ ᠰᠠᠭᠤᠭᠠᠯᠢ ᠠᠷᠠᠳ ᠱᠢᠤᠢ ᠳ᠋ᠸ ᠢᠦᠶ᠎ᠶ᠋ᠢᠨ ᠭᠤᠶᠤᠴᠢᠯᠠᠯ᠎ᠤᠨ ᠤᠲᠠᠰᠤ᠎ᠶ᠋ᠢ ᠲᠣᠰᠪᠠ — ᠲᠡᠭᠦᠨ᠎ᠦ ᠲᠡᠷᠭᠡ ᠨᠢ ᠬᠤᠷᠠᠭ᠍ᠰᠠᠨ ᠴᠠᠰᠤᠨ᠎ᠳᠦ ᠭᠤᠳᠤᠷᠴᠤ ᠭᠠᠷᠴᠤ ᠳᠡᠢᠯᠬᠦ᠌ ᠥᠬᠡᠶ ᠪᠣᠯᠵᠠᠶ᠃ ᠤᠲᠠᠰᠤ᠎ᠪᠠᠨ ᠲᠠᠯᠪᠢᠮᠠᠭᠴᠠ ᠠᠷᠠᠳ᠎ᠤᠨ ᠴᠠᠭ᠍ᠳᠠᠭ᠎ᠠ ᠨᠠᠷ  ᠲᠤᠬᠠᠶ᠎ᠶ᠋ᠢᠨ ᠲᠠᠯᠠᠪᠠᠢ᠎ᠵᠦᠭ ᠲᠠᠪᠬᠢᠪᠠ᠃

 《ᠬᠦᠴᠢᠷ ᠪᠡᠷᠬᠡᠱᠢᠶᠡᠯ ᠲᠤᠯᠭᠠᠷᠠᠬᠤ ᠪᠦᠷᠢ ᠬᠠᠮᠤᠭ᠎ᠤᠨ ᠲᠦᠷᠦᠭᠦᠨ᠎ᠳᠦ ᠲᠣᠮᠢᠯᠠᠭ᠍ᠰᠠᠨ ᠰᠠᠯᠪᠤᠷᠢ᠎ᠶ᠋ᠢᠨ ᠠᠷᠠᠳ᠎ᠤᠨ ᠴᠠᠭ᠍ᠳᠠᠭ᠎ᠠ᠎ᠶ᠋ᠢ ᠪᠤᠳᠤᠵᠤ ᠤᠯᠳᠠᠭ᠂ ᠲᠡᠳᠡ ᠶᠠᠭ ᠰᠠᠳᠤᠨ ᠲᠦᠷᠦᠯ ᠶᠤᠮ ᠰᠢᠭ᠋ ᠲᠤᠳᠤᠨᠤ》 ᠭᠡᠵᠦ ᠱᠢᠤᠢ ᠳ᠋ᠸ ᠢᠦᠶ ᠬᠡᠯᠡᠪᠡ᠃

 《ᠪᠠᠭᠠᠲᠤᠷ ᠡ᠂ ᠣᠢᠷ᠎ᠠ᠎ᠳᠤ ᠴᠢᠨᠣ᠎ᠠ᠎ᠶ᠋ᠢᠨ ᠰᠦᠷᠦᠭ᠎ᠦᠨ ᠪᠠᠢᠳᠠᠯ᠎ᠢ ᠢᠯᠡᠭᠦᠬᠡᠨ ᠠᠩᠬᠠᠷᠴᠤ᠌ ᠪᠠᠢᠭᠠᠷᠠᠢ᠂ ᠶᠠᠭᠠᠷᠠᠤ ᠪᠠᠢᠳᠠᠯ᠎ᠲᠠᠶ ᠪᠣᠯ ᠴᠠᠭ ᠲᠤᠬᠠᠶ᠎ᠳᠤᠨᠢ ᠬᠠᠷᠢᠯᠴᠠᠭᠠᠷᠠᠢ᠂ ᠪᠢᠳᠡ ᠲᠡᠷᠭᠡᠳᠡ ᠴᠢᠨᠢ ᠪᠠᠢᠨ᠎ᠠ᠂ ᠡᠨᠳᠡ ᠰᠠᠨᠠᠭ᠎ᠠ ᠠᠮᠤᠷ ᠱᠢᠨᠡᠯᠡᠭᠡᠷᠡᠢ!》 ᠭᠡᠵᠦ ᠪᠦᠦ ᠬᠠᠢ ᠱᠧᠩ ᠬᠢᠯᠢ᠎ᠴᠠᠭ᠍ᠳᠠᠬᠤ ᠵᠢᠨ ᠲᠠᠭᠠᠤ ᠮᠠᠯᠴᠢᠳ᠎ᠤᠨ ᠠᠮᠤᠷ ᠲᠦᠪᠱᠢᠨ᠎ᠦ ᠲᠤᠬᠠᠢ ᠠᠩᠬᠠᠷᠬᠤ ᠵᠦᠢᠯ ᠎ᠢ᠋ ᠵᠠᠬᠢᠵᠤ ᠬᠡᠯᠡᠨ᠎ᠡ᠃

 ᠲᠣᠮᠢᠯᠠᠭ᠍ᠰᠠᠨ ᠰᠠᠯᠪᠤᠷᠢ᠎ᠳᠠᠭᠠᠨ ᠬᠦᠷᠬᠦ᠎ᠳᠦ ᠰᠥᠨᠢ᠎ᠲᠤᠮᠳᠠ ᠪᠣᠯᠵᠠᠶ᠃ ᠳᠥᠭᠥᠮ ᠪᠦᠳᠦᠭᠦᠯᠢᠭ ᠪᠠᠢᠷᠢ ᠵᠢᠨ ᠵᠢᠡᠨ ᠴᠣᠩᠬᠣᠨ᠎ᠤ ᠰᠢᠯ ᠲᠡᠭᠡᠷ᠎ᠠ ᠪᠠᠨ ᠴᠠᠭᠠᠰᠤᠨ ᠰᠡᠢᠯᠦᠮᠡᠯ ᠨᠠᠭᠠᠭᠰᠠᠨ᠎ᠢᠶᠡᠷ ᠴᠠᠭᠠᠨ ᠰᠠᠷ᠎ᠠ᠎ᠶ᠋ᠢᠨ ᠦᠨᠦᠷ ᠠᠮᠲᠠ᠎ᠲᠠᠶ ᠪᠣᠯᠵᠠᠢ᠃ ᠵᠠᠯᠠᠭᠤ ᠴᠠᠭ᠍ᠳᠠᠭ᠎ᠠ ᠴᠡᠩᠭᠡᠯ ᠨᠤᠲᠤᠭ᠎ᠤᠨ᠎ᠢᠶᠠᠨ ᠤᠷᠲᠤ᠎ᠶ᠋ᠢᠨ ᠳᠠᠭᠤᠤ᠎ᠶ᠋ᠢ ᠲᠠᠭᠤᠯᠠᠬᠤᠶ᠎ᠠ ᠢᠷᠠᠭᠤ ᠰᠠᠢᠬᠠᠨ ᠳᠠᠭᠤᠨ ᠤᠶᠠᠩᠭᠠᠷᠠᠵᠤ ᠴᠤᠤᠷᠢᠶᠠᠳᠤᠨ᠎ᠠ᠃

 《ᠭᠡᠷ᠎ᠢᠶᠡᠨ ᠰᠠᠨᠠᠵᠤ ᠪᠠᠢᠨ᠎ᠠ ᠤᠤ?》 ᠭᠡᠵᠦ ᠠᠰᠠᠭᠤᠬᠤ ᠎ᠳᠦ ᠴᠡᠩᠭᠡᠯ᠄ 《ᠰᠠᠨᠠᠵᠤ ᠪᠠᠢᠨ᠎ᠠ᠂ ᠭᠡᠪᠡᠴᠦ᠍ ᠡᠬᠡ ᠤᠯᠤᠰ᠎ᠤᠨ᠎ᠢᠶᠠᠨ ᠬᠢᠯᠢ ᠬᠢᠵᠠᠭᠠᠷ᠎ᠢ ᠰᠠᠬᠢᠨ ᠬᠠᠮᠠᠭᠠᠯᠠᠬᠤ᠎ᠨᠢ ᠨᠠᠳᠠ᠎ᠳᠦ ᠮᠠᠰᠢ ᠣᠮᠣᠭ᠍ᠰᠢᠯᠳᠠᠢ ᠰᠠᠨᠠᠭᠳᠠᠵᠤ ᠪᠠᠢᠨ᠎ᠠ᠂ ᠮᠠᠯᠴᠢᠳ ᠰᠠᠨᠠᠭ᠎ᠠ ᠠᠮᠤᠷ ᠱᠢᠨᠡᠯᠡᠪᠡᠯ ᠮᠢᠨᠤ ᠰᠡᠳᠭᠢᠯ᠎ᠳᠤ ᠲᠠᠪᠠᠳᠠᠢ》 ᠭᠡᠪᠡ᠃

  ᠪᠢᠳᠡᠭᠦᠦ ᠬᠠᠷ᠎ᠠ ᠰᠥᠨᠢ ᠴᠠᠰᠤᠨ ᠱᠢᠭᠤᠷᠭ᠎ᠠ ᠲᠦᠷ ᠨᠠᠮᠳᠠᠪᠠ᠃ ᠠᠯᠤᠰ᠎ᠬᠤᠯᠠ ᠵᠢᠨ ᠮᠠᠯᠴᠢᠨ ᠠᠢᠯ᠎ᠤᠨ᠎ᠳ᠋ᠧᠩ ᠎ᠤ᠋ᠨ ᠭᠡᠷᠡᠯ ᠣᠳᠣᠨ ᠮᠠᠴᠢᠳ ᠰᠢᠭ ᠭᠢᠯᠠᠯᠵᠠᠵᠤ᠂ ᠳᠤᠯᠠᠭᠠᠬᠠᠨ ᠮᠦᠷᠳᠡᠭᠡᠨ ᠠᠮᠤᠭᠤᠯᠠᠩ ᠰᠠᠨᠠᠭᠳᠠᠨ᠎ᠠ᠃ 《ᠬᠢᠯᠢᠴᠢᠨ》 ᠤ᠋ ᠮᠤᠷᠢᠨ ᠫᠸᠩ᠎ᠳᠤ᠂ ᠮᠣᠷᠢᠳ᠎ᠤᠨ ᠬᠦᠨᠭᠭᠡᠨ ᠲᠤᠷᠭᠢᠬᠤ ᠲᠠᠭᠤᠨ ᠰᠤᠨᠤᠰᠳᠠᠨ᠎ᠠ᠃ ᠮᠠᠷᠭᠠᠰᠢ ᠪᠠᠰᠠ ᠨᠢᠭᠡ ᠡᠭᠡᠯᠵᠢ᠎ᠶ᠋ᠢᠨ ᠴᠠᠭ᠍ᠳᠠᠨ ᠬᠠᠮᠠᠭᠠᠯᠠᠯᠲᠠ ᠡᠬᠢᠯᠡᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号