ᠨᠡᠬᠦᠳᠡᠯ ᠠᠷᠠᠳ ᠤ᠋ᠨ ᠴᠠᠬᠳᠠᠭ᠎ᠠ ᠨᠠᠷ ᠡᠮᠡᠭᠳᠡᠢᠴᠤᠳ ᠤ᠋ᠨ ᠪᠠᠶᠠᠷ ᠤ᠋ᠨ ᠡᠳᠦᠷ᠎ᠢ ᠪᠡᠯᠭᠡᠯᠡᠪᠡ
2026-03-10 11:28:28
ᠵᠣᠬᠢᠶᠠᠭ᠍ᠴᠢ᠄
ᠰᠦᠨ ᠯᠢ ᠶᠢᠡᠭ
ᠣᠩᠱᠢᠭ᠍ᠰᠠᠨ ᠣᠳᠠᠭ᠎ᠠ᠄
★★★☆☆

《3·8》 ᠤ᠋ ᠳᠡᠯᠡᠬᠡᠶ᠎ᠶ᠋ᠢᠨ ᠡᠮᠡᠭ᠌ᠲᠡᠢᠴᠦᠳ᠎ᠦᠨ ᠪᠠᠶᠠᠷ ᠤ᠋ᠨ ᠡᠳᠦᠷ ᠤ᠋ᠨ ᠬᠤᠭᠤᠴᠠᠭᠠᠨ ᠳ᠋ᠤ᠂ ᠥᠪᠥᠷ ᠮᠣᠩᠭᠣᠯ᠎ᠤᠨ ᠬᠢᠯᠢ ᠪᠡᠷ ᠤᠷᠤᠵᠤ ᠭᠠᠷᠬᠤ ᠬᠢᠯᠢ᠎ᠶ᠋ᠢᠨ ᠬᠠᠮᠠᠭᠠᠯᠠᠯᠳᠠ ᠵᠢᠨ ᠪᠠᠢᠴᠠᠭᠠᠬᠤ ᠶᠡᠷᠦᠩᠬᠡᠶ ᠥᠷᠲᠡᠭᠡ᠎ᠶ᠋ᠢᠨ ᠪᠠᠢᠭᠤᠯᠭ᠎ᠠ《ᠰᠤᠶᠤᠯ ᠵᠢᠡᠷ ᠴᠠᠬᠳᠠᠭᠠᠨ ᠤ᠋ ᠰᠦᠭ ᠰᠦᠨᠡᠰᠤ ᠵᠢ ᠱᠤᠭᠤᠵᠤ᠂ ᠡᠮᠡᠭᠳᠡᠢᠴᠤᠳ ᠤᠮᠠᠷᠠᠳᠤ ᠬᠢᠯᠢ ᠵᠢᠨ ᠰᠢᠨ᠎ᠠ ᠬᠠᠭᠤᠳᠠᠰᠤ ᠵᠢ ᠪᠢᠴᠢᠭᠯᠡᠬᠦ》 ᠭᠤᠤᠯ ᠰᠡᠳᠦᠪᠲᠦ ᠠᠵᠢᠯᠯᠠᠭ᠎ᠠ ᠎ᠶ᠋ᠢ ᠵᠣᠬᠢᠶᠠᠨ ᠪᠠᠢᠭᠤᠯᠤᠨ ᠥᠷᠨᠢᠭᠦᠯᠵᠦ᠍᠂ ᠠᠵᠢᠯ᠎ᠤᠨ ᠪᠠᠢᠷᠢ᠎ᠪᠠᠨ ᠪᠠᠲᠤ ᠰᠠᠬᠢᠵᠤ ᠪᠠᠢᠭ᠎ᠠ ᠡᠮᠡᠭ᠌ᠲᠡᠶ ᠴᠠᠭ᠍ᠳᠠᠭ᠎ᠠ ᠠᠵᠢᠯᠲᠠᠨ᠎ᠳᠤ ᠪᠠᠶᠠᠷ᠎ᠤᠨ ᠡᠳᠦᠷ᠎ᠦᠨ ᠬᠠᠢᠷ᠎ᠠ ᠬᠠᠯᠠᠮᠵᠢ ᠬᠦᠷᠭᠡᠪᠡ᠃

ᠲᠤᠰ ᠤᠳᠠᠭ᠎ᠠ᠎ᠶ᠋ᠢᠨ ᠠᠵᠢᠯᠯᠠᠭ᠎ᠠ ᠨᠢ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠪᠡᠶᠡᠴᠢᠯᠡᠨ ᠣᠢᠯᠠᠭᠠᠬᠤ ᠲᠠᠢ ᠠᠭᠤᠰᠤᠯᠴᠠᠭᠤᠯᠵᠤ᠂ ᠰᠦᠩ ᠤ᠋ᠨ ᠤᠷᠠᠨ ᠬᠠᠳᠬᠤᠮᠠᠯ ᠤ᠋ᠨ ᠰᠣᠶᠣᠯ᠎ᠤᠨ ᠲᠤᠰᠭᠠᠢ ᠰᠡᠳᠦᠪ᠎ᠢᠶᠡᠷ ᠬᠢᠴᠢᠶᠡᠯ ᠳᠠᠢᠯᠤᠮᠵᠢ ᠬᠢᠯᠭᠡᠵᠦ᠍᠂ ᠤᠯᠠᠨ᠎ᠢᠶᠠᠷ᠎ᠢᠶᠠᠨ《ᠳᠤᠮᠳᠠᠳᠤ ᠤᠯᠤᠰ ᠎ᠤᠨ ᠭᠤᠷᠪᠠᠨ ᠶᠡᠬᠡ ᠨᠡᠷᠡᠳᠤ ᠬᠠᠳᠬᠤᠮᠠᠯ》 ᠎ᠤ᠋ᠨ ᠨᠢᠭᠡ ᠪᠣᠯᠬᠤ ᠰᠦᠩ ᠤ᠋ᠨ ᠬᠠᠳᠬᠤᠮᠠᠯ  ᠤ᠋ᠨ ᠲᠡᠦᠬᠡ ᠪᠣᠯᠤᠨ ᠨᠡᠬᠡᠮᠡᠯ᠎ᠦᠨ ᠤᠷ᠎ᠠ ᠮᠡᠷᠭᠡᠵᠢᠯ᠎ᠢ ᠭᠦᠨᠵᠡᠭᠡᠢ ᠣᠢᠯᠠᠭᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠡᠴᠡ ᠤᠯᠠᠮᠵᠢᠯᠠᠯᠲᠤ ᠭᠤᠤ᠎ᠠ ᠰᠠᠢᠬᠠᠨ᠎ᠢ ᠮᠡᠳᠡᠷᠡᠪᠡ᠃ ᠡᠮᠡᠭ᠌ᠲᠡᠶ ᠴᠠᠭ᠍ᠳᠠᠭ᠎ᠠ ᠨᠠᠷ ᠬᠢᠨᠠᠮᠠᠭᠠᠶ ᠰᠤᠷᠤᠯᠴᠠᠵᠤ᠂ ᠵᠡᠭᠦᠦ ᠰᠦᠪᠡᠯᠡᠨ ᠤᠲᠠᠰᠤ ᠲᠠᠲᠠᠵᠤ᠂ ᠥᠪᠡᠷᠮᠢᠴᠡ ᠤᠨᠴᠠᠯᠢᠭ᠎ᠲᠠᠶ ᠰᠥᠩ ᠤ᠋ᠨ ᠬᠠᠳᠬᠤᠮᠠᠯ ᠤ᠋ᠨ ᠵᠠᠰᠠᠯ ᠴᠢᠮᠡᠭ᠌ᠯᠡᠯ᠎ᠢ ᠤᠷᠠᠯᠠᠨ ᠭᠠᠷᠭᠠᠪᠠ᠃

ᠤᠯᠠᠨ᠎ᠢᠶᠠᠷ᠎ᠢᠶᠠᠨ ᠪᠠᠶᠠᠷ ᠬᠦᠷ ᠎ᠲᠡᠶ ᠠᠭᠤᠷ ᠠᠮᠢᠰᠭᠤᠯ ᠎ᠤᠨ ᠳᠤᠮᠳᠠ ᠪᠡᠶ᠎ᠡ ᠰᠡᠳᠭᠢᠯ᠎ᠢᠶᠡᠨ ᠲᠠᠢᠪᠤᠱᠢᠷᠠᠭᠤᠯᠵᠤ᠂ ᠨᠥᠬᠥᠷᠯᠡᠯ᠎ᠢᠶᠡᠨ ᠵᠤᠵᠠᠭᠠᠳᠭᠠᠵᠤ᠂ ᠤᠯᠠᠮᠵᠢᠯᠠᠯᠳᠤ ᠰᠣᠶᠣᠯ ᠎ᠤᠨ ᠪᠡᠶᠡᠴᠢ ᠣᠢᠯᠠᠭᠠᠯᠲᠠ᠎ᠶ᠋ᠢᠨ ᠶᠠᠪᠤᠴᠠ ᠳ᠋ᠤ ᠰᠣᠶᠣᠯ᠎ᠤᠨ ᠢᠲᠡᠭᠡᠯ᠎ᠢᠶᠡᠨ ᠨᠡᠮᠡᠭ᠌ᠳᠡᠭᠦᠯᠪᠡ᠃

ᠡᠮᠡᠭ᠌ᠲᠡᠶ ᠴᠠᠭ᠍ᠳᠠᠭ᠎ᠠ ᠨᠡᠷ᠂ ᠵᠣᠬᠢᠶᠠᠨ ᠪᠠᠢᠭᠤᠯᠤᠯᠲᠠ᠎ᠶ᠋ᠢᠨ ᠬᠠᠢᠷ᠎ᠠ ᠬᠠᠯᠠᠮᠵᠢ᠎ᠶ᠋ᠢ ᠡᠭᠦᠷᠭᠡ ᠬᠠᠷᠢᠭᠤᠴᠠᠯᠭ᠎ᠠ᠎ᠪᠠᠨ ᠭᠦᠶ᠋ᠴᠡᠳᠭᠡᠬᠦ᠌ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠣᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠰᠠᠬᠢᠵᠤ᠂ ᠬᠢᠯᠢ ᠬᠢᠵᠠᠭᠠᠷ᠎ᠢ ᠬᠠᠮᠠᠭᠠᠯᠠᠬᠤ ᠬᠦᠨᠳᠦ ᠡᠭᠦᠷᠭᠡ ᠎ᠶ᠋ᠢ ᠵᠣᠷᠢᠭ᠍ᠲᠠᠶ ᠎ᠪᠠᠷ ᠡᠭᠦᠷᠭᠡᠯᠡᠵᠦ᠍᠂ ᠡᠮᠡᠭ᠌ᠲᠡᠢᠴᠦᠳ᠎ᠦᠨ ᠳᠦᠷᠢ ᠲᠥᠷᠬᠦ᠌᠂ ᠴᠣᠭ ᠵᠢᠪᠬᠤᠭ᠎ᠠ᠎ᠶ᠋ᠢ ᠪᠠᠳᠠᠷᠠᠭᠤᠯᠵᠤ᠂ ᠤᠮᠠᠷᠠᠲᠤ ᠬᠢᠯᠢ ᠎ᠶ᠋ᠢᠨ ᠠᠮᠤᠷ ᠲᠦᠪᠱᠢᠨ ᠲᠣᠭ᠍ᠲᠠᠭᠤᠨ᠎ᠢ ᠬᠠᠮᠠᠭᠠᠯᠠᠬᠤ᠂ ᠨᠡᠭᠦᠳᠡᠯ ᠠᠷᠠᠳ᠎ᠤᠨ ᠬᠠᠮᠢᠶᠠᠷᠤᠯᠲᠠ ᠎ᠶ᠋ᠢᠨ ᠦᠶ᠋ᠯᠡᠰ ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠎ᠳᠤ ᠡᠮᠡᠭ᠌ᠲᠡᠢᠴᠤᠳ ᠤ᠋ᠨ ᠬᠦᠴᠦᠨ ᠴᠢᠳᠠᠯ᠎ᠢᠶᠠᠨ ᠡᠷᠭᠦᠨ᠎ᠡ ᠭᠡᠵᠤ ᠢᠯᠡᠷᠭᠡᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号