ᠬᠤᠤᠷᠳᠤ ᠡᠳ᠋ ᠎ᠢ ᠴᠠᠭᠠᠵᠠᠯᠠᠬᠤ ᠤᠬᠠᠭᠤᠯᠭ᠎ᠠ ᠵᠢ ᠬᠦᠮᠦᠰ ᠤ᠋ᠨ ᠰᠡᠳᠬᠢᠯ ᠳ᠋ᠸ᠋ ᠬᠠᠳᠠᠩᠰᠢᠭᠤᠯᠤᠨ᠎ᠠ
2026-03-10 11:30:55
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

3 ᠰᠠᠷ᠎ᠠ ᠵᠢᠨ 5 ᠤ᠋ ᠡᠳᠦᠷ ᠂ ᠦᠪᠡᠷᠳᠡᠬᠡᠨ ᠵᠠᠰᠠᠬᠤ ᠤᠷᠤᠨ ᠤ᠋ ᠯᠸᠢ ᠹᠸᠩ ᠡᠴᠨ ᠰᠤᠷᠤᠯᠴᠠᠬᠤ ᠲᠤᠷᠠᠰᠬᠠᠯ ᠤ᠋ᠨ ᠡᠳᠦᠷ ᠤ᠋ᠨ ᠭᠤᠤᠯ ᠰᠡᠳᠦᠪᠳᠦ ᠰᠠᠢᠨ ᠲᠤᠷ᠎ᠠ ᠵᠢᠨ ᠦᠢᠯᠡᠴᠢᠯᠡᠬᠡᠨ ᠤ᠋ ᠠᠵᠢᠯᠯᠠᠭ᠎ᠠ ᠬᠦᠬᠡᠬᠤᠳᠠ ᠵᠢᠨ ᠹᠠᠨ ᠵᠸᠩ ᠠᠭᠤᠳᠠᠮ ᠲᠠᠯᠠᠪᠠᠢ ᠳ᠋ᠸ᠋ ᠶᠠᠪᠤᠬᠳᠠᠪᠠ᠃ ᠦᠪᠡᠷᠳᠡᠬᠡᠨ ᠵᠠᠰᠠᠬᠤ ᠤᠷᠤᠨ ᠤ᠋ ᠲᠤᠳᠤᠭᠠᠳᠤ ᠵᠢ ᠬᠠᠮᠠᠭᠠᠯᠠᠬᠤ ᠲᠢᠩᠬᠢᠮ ᠤ᠋ᠨ ᠬᠤᠤᠷᠳᠤ ᠡᠳ᠋ ᠎ᠢ ᠴᠠᠭᠠᠵᠠᠯᠠᠬᠤ ᠶᠡᠷᠦᠩᠬᠡᠢ ᠠᠩᠬᠢ ᠢᠳᠡᠪᠬᠢᠳᠡᠢ ᠪᠡᠷ ᠳᠤᠰ ᠠᠵᠢᠯᠯᠠᠭ᠎ᠠ ᠳ᠋ᠸ᠋ ᠤᠷᠤᠯᠴᠠᠵᠤ᠂ ᠯᠸᠢ ᠹᠸᠩ ᠤ᠋ᠨ ᠵᠤᠷᠢᠬ ᠰᠠᠨᠠᠭ᠎ᠠ ᠵᠢ ᠪᠠᠳᠠᠷᠠᠭᠤᠯᠬᠤ᠂ ᠰᠠᠢᠨ ᠲᠤᠷ᠎ᠠ ᠵᠢᠨ ᠦᠢᠯᠡᠴᠢᠯᠡᠬᠡ ᠵᠢ ᠦᠢᠯᠡᠳᠦᠯᠬᠡᠵᠢᠬᠦᠯᠬᠦ ᠪᠡᠷ ᠠᠵᠠ ᠲᠤᠬᠢᠶᠠᠯ ᠪᠤᠯᠭᠠᠨ᠂ ᠬᠤᠤᠷᠳᠤ ᠡᠳ᠋ ᠎ᠢ ᠴᠠᠭᠠᠵᠠᠯᠠᠬᠤ ᠮᠡᠳᠡᠯᠬᠡ ᠵᠢ ᠤᠬᠠᠭᠤᠯᠤᠨ ᠲᠦᠬᠡᠮᠡᠯᠵᠢᠬᠦᠯᠪᠡ᠃ 

ᠠᠵᠢᠯᠯᠠᠭ᠎ᠠ ᠵᠢᠨ ᠠᠬᠤᠢ ᠲᠠᠯᠠᠪᠠᠢ ᠳ᠋ᠸ᠋᠂ ᠲᠤᠳᠤᠭᠠᠳᠤ ᠵᠢ ᠬᠠᠮᠠᠭᠠᠯᠠᠬᠤ ᠲᠢᠩᠬᠢᠮ ᠤ᠋ᠨ ᠬᠤᠤᠷᠳᠤ ᠡᠳ᠋ ᠎ᠢ ᠴᠠᠭᠠᠵᠠᠯᠠᠬᠤ ᠶᠡᠷᠦᠩᠬᠡᠢ ᠠᠩᠬᠢ ᠰᠠᠢᠨ ᠲᠤᠷᠠᠴᠤᠳ ᠤ᠋ᠨ ᠠᠩᠬᠢ ᠵᠢ ᠵᠤᠬᠢᠶᠠᠨ ᠪᠠᠢᠭᠤᠯᠤᠨ ᠲᠠᠭᠤᠷᠢᠶᠠᠮᠠᠯ ᠬᠤᠤᠷᠳᠤ ᠡᠳ᠋ ᠤ᠋ᠨ ᠵᠠᠬᠪᠤᠷ ᠎ᠢ ᠲᠡᠯᠬᠡᠨ ᠦᠵᠡᠬᠦᠯᠬᠦ᠂ ᠬᠤᠤᠷᠳᠤ ᠡᠳ᠋ ᠎ᠢ ᠴᠠᠭᠠᠵᠠᠯᠠᠬᠤ ᠤᠬᠠᠭᠤᠯᠭ᠎ᠠ ᠵᠢᠨ ᠭᠠᠷ ᠲᠡᠪᠳᠡᠷ ᠎ᠢ ᠲᠠᠷᠬᠠᠭᠠᠬᠤ ᠵᠡᠷᠬᠡ ᠠᠷᠭ᠎ᠠ ᠬᠡᠯᠪᠡᠷᠢ ᠪᠡᠷ ᠲᠠᠮᠵᠢᠨ᠂ ᠤᠯᠠᠨ ᠲᠦᠮᠡᠨ ᠳ᠋ᠸ᠋ ᠬᠤᠤᠷᠳᠤ ᠡᠳ᠋ ᠤ᠋ᠨ ᠲᠦᠷᠦᠯ ᠵᠦᠢᠯ ᠪᠠ ᠬᠤᠤᠷ ᠬᠦᠨᠦᠬᠡᠯ᠂ ᠬᠤᠤᠷᠳᠤ ᠡᠳ᠋ ᠎ᠢ ᠢᠯᠭᠠᠨ ᠲᠠᠨᠢᠬᠤ ᠠᠷᠭ᠎ᠠ ᠲᠡᠮ ᠵᠡᠷᠬᠡ ᠮᠡᠳᠡᠯᠬᠡ ᠵᠢ ᠶᠠᠷᠢᠵᠤ ᠲᠠᠢᠯᠪᠤᠷᠢᠯᠠᠨ᠂ ᠤᠯᠠᠨ ᠳ᠋ᠸ᠋ ᠡᠮᠴᠢ ᠵᠢᠨ ᠵᠠᠬᠢᠶ᠎ᠠ ᠪᠡᠷ ᠡᠮ ᠬᠡᠷᠡᠭᠯᠡᠨ᠂ ᠬᠤᠤᠷᠳᠤ ᠡᠳ᠋ ᠲᠠᠢ ᠬᠤᠯᠪᠤᠬᠳᠠᠬᠰᠠᠨ ᠰᠦᠪᠡᠭᠴᠢ ᠵᠢ ᠤᠯᠵᠤ ᠮᠡᠳᠡᠪᠡᠯ ᠪᠠᠷᠢᠨ ᠲᠤᠳᠤᠭᠠᠳᠤ ᠵᠢ ᠬᠠᠮᠠᠭᠠᠯᠠᠬᠤ ᠪᠠᠢᠭᠤᠯᠭ᠎ᠠ ᠳ᠋ᠸ᠋ ᠢᠯᠡᠴᠢᠯᠡᠨ ᠮᠡᠳᠡᠬᠦᠯᠦᠬᠡᠷᠡᠢ ᠬᠡᠵᠦ ᠰᠠᠨᠠᠭᠤᠯᠵᠠᠢ᠃ 

ᠲᠤᠰ ᠤᠳᠠᠭ᠎ᠠ ᠵᠢᠨ ᠠᠵᠢᠯᠯᠠᠭ᠎ᠠ ᠳ᠋ᠸ᠋᠂ ᠤᠯᠠᠨ ᠲᠦᠮᠡᠨ ᠳ᠋ᠸ᠋ 500 ᠭᠠᠷᠤᠢ ᠬᠤᠪᠢ ᠡᠯ᠎ᠡ ᠵᠦᠢᠯ ᠤ᠋ᠨ ᠬᠤᠤᠷᠳᠤ ᠡᠳ᠋ ᠎ᠢ ᠤᠷᠢᠳᠴᠢᠯᠠᠨ ᠰᠡᠷᠬᠡᠢᠯᠡᠬᠦ ᠬᠦᠮᠦᠵᠢᠯ ᠤ᠋ᠨ ᠤᠬᠠᠭᠤᠯᠭ᠎ᠠ ᠵᠢᠨ ᠮᠠᠲᠸᠷᠢᠶᠠᠯ᠂ ᠬᠤᠤᠷᠳᠤ ᠡᠳ᠋ ᠎ᠢ ᠴᠠᠭᠠᠵᠠᠯᠠᠬᠤ ᠤᠬᠠᠭᠤᠯᠭ᠎ᠠ ᠵᠢᠨ ᠲᠤᠷᠠᠰᠬᠠᠯ ᠤ᠋ᠨ ᠪᠤᠳᠠᠰ᠎ᠢ ᠲᠠᠷᠬᠠᠭᠠᠪᠠ᠃ 

ᠲᠤᠰ ᠡᠳᠦᠷ᠂ ᠬᠦᠬᠡᠬᠤᠳᠠ ᠵᠢᠨ ᠬᠤᠳᠤᠩ ᠠᠷᠠᠳ ᠤ᠋ᠨ ᠲᠤᠭᠤᠷᠢᠬ ᠤ᠋ᠨ ᠲᠤᠳᠤᠭᠠᠳᠤ ᠵᠢ ᠬᠠᠮᠠᠭᠠᠯᠠᠬᠤ ᠬᠤᠪᠢᠶᠠᠷᠢ ᠲᠤᠪᠴᠢᠶ᠎ᠠ ᠵᠢᠨ ᠬᠤᠤᠷᠳᠤ ᠡᠳ᠋ ᠎ᠢ ᠴᠠᠭᠠᠵᠠᠯᠠᠬᠤ ᠶᠡᠬᠡ ᠠᠩᠬᠢ ᠵᠢᠨ ᠨᠠᠮ ᠤ᠋ᠨ ᠡᠬᠦᠷ ᠤ᠋ᠨ ᠴᠠᠬᠳᠠᠭ᠎ᠠ ᠨᠠᠷ ᠰᠤᠷᠭᠠᠭᠤᠯᠢ ᠵᠢᠨ ᠬᠦᠷᠢᠶᠡᠨ ᠳ᠋ᠸ᠋ ᠬᠦᠨᠵᠡᠬᠡᠢᠷᠡᠨ᠂ 《ᠬᠠᠪᠤᠷ ᠤ᠋ᠨ ᠰᠠᠯᠬᠢ ᠬᠡᠦᠬᠡᠳ ᠤ᠋ᠨ ᠰᠡᠳᠬᠢᠯ ᠎ᠢ ᠤᠮᠳᠠᠯᠠᠵᠦ᠂ ᠴᠠᠬᠳᠠᠭᠠᠨ ᠤ᠋ ᠰᠦᠯᠳᠡ ᠯᠸᠢ ᠹᠸᠩ ᠤ᠋ᠨ ᠵᠤᠷᠢᠭ ᠰᠠᠨᠠᠭ᠎ᠠ ᠵᠢ ᠪᠠᠳᠠᠷᠠᠭᠤᠯᠬᠤ》 ᠭᠤᠤᠯ ᠰᠡᠳᠦᠪᠳᠦ ᠠᠵᠢᠯᠯᠠᠭ᠎ᠠ ᠦᠷᠨᠢᠬᠦᠯᠦᠨ᠂ ᠪᠤᠳᠠᠳᠤ ᠠᠵᠢᠯᠯᠠᠭ᠎ᠠ ᠪᠡᠷ ᠵᠢᠡᠨ ᠰᠢᠨ᠎ᠡ ᠴᠠᠬ ᠦᠶ᠎ᠡ ᠵᠢᠨ ᠯᠸᠢ ᠹᠸᠩ ᠤ᠋ᠨ ᠵᠤᠷᠢᠬ ᠰᠠᠨᠠᠭ᠎ᠠ ᠵᠢ ᠢᠯᠡᠷᠡᠬᠦᠯᠵᠡᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号