ᠭᠤᠤᠯ ᠮᠥᠷᠡᠨ ᠨᠠᠭᠤᠷ ᠴᠥᠭᠥᠷᠥᠮ ᠤ᠋ᠨ ᠳᠠᠷᠤᠭ᠎ᠠ ᠢ᠋ᠢᠨ ᠵᠠᠷᠯᠢᠭ
2026-03-10 10:23:20
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠰᠤᠨ ᠠᠱᠢᠭ᠍ᠯᠠᠯᠲᠠ ᠢ᠋ᠢᠨ ᠲᠢᠩᠬᠢᠮ ᠡᠴᠡ ᠣᠢᠯᠠᠭᠠᠭ᠍ᠰᠠᠨ ᠢ᠋ᠢᠡᠷ᠂ ᠣᠢᠷ᠎ᠠ ᠳ᠋ᠤ ᠥᠪᠥᠷ ᠮᠣᠩᠭᠣᠯ 2026 ᠣᠨ ᠤ᠋ ᠨᠢᠭᠡᠳᠦᠭᠡᠷ ᠲᠣᠭᠠᠲᠤ ᠭᠤᠤᠯ ᠮᠥᠷᠡᠨ ᠨᠠᠭᠤᠷ ᠴᠥᠭᠥᠷᠥᠮ ᠤ᠋ᠨ ᠳᠠᠷᠤᠭ᠎ᠠ ᠢ᠋ᠢᠨ ᠵᠠᠷᠯᠢᠭ《ᠭᠤᠤᠯ ᠮᠥᠷᠡᠨ ᠨᠠᠭᠤᠷ ᠴᠥᠭᠥᠷᠥᠮ ᠤ᠋ᠨ 〈ᠰᠠᠪᠠ ᠭᠠᠵᠠᠷ ᠢ᠋ ᠴᠡᠪᠡᠷᠯᠡᠬᠦ᠌ ᠠᠵᠢᠯᠯᠠᠭ᠎ᠠ〉 ᠶ᠋ᠢ ᠭᠦᠨᠵᠡᠭᠡᠢᠷᠡᠭᠦᠯᠦᠨ ᠠᠬᠢᠭᠤᠯᠬᠤ ᠲᠤᠬᠠᠶ ᠵᠠᠷᠯᠢᠭ》 ᠢ᠋ ᠨᠡᠢᠲᠡᠯᠡᠵᠤ᠂ 5 ᠲᠠᠯ᠎ᠠ ᠢ᠋ᠢᠨ 11 ᠵᠦᠶ᠋ᠯ ᠤ᠋ᠨ ᠪᠣᠳᠠᠲᠠᠶ ᠠᠵᠢᠯ ᠢ᠋ ᠪᠠᠢᠷᠢᠯᠠᠭᠤᠯᠪᠠ᠃

ᠭᠣᠣᠯ ᠮᠥᠷᠡᠨ ᠨᠠᠭᠤᠷ ᠴᠥᠭᠥᠷᠥᠮ ᠤ᠋ᠨ ᠳᠠᠷᠤᠭ᠎ᠠ ᠢ᠋ᠢᠨ ᠵᠠᠷᠯᠢᠭ ᠲᠦ᠍᠂  ᠵᠠᠭᠠᠭ ᠢ᠋ ᠤᠨᠤᠪᠴᠢᠲᠠᠢ ᠲᠣᠭ᠍ᠲᠠᠭᠠᠵᠤ ᠬᠠᠮᠢᠶᠠᠷᠤᠨ ᠡᠵᠡᠮᠳᠡᠬᠦ᠌ ᠰᠠᠭᠤᠷᠢ ᠢ᠋ᠢ ᠪᠡᠬᠢᠵᠢᠭᠦᠯᠤᠨ᠎ᠠ᠃ ᠡᠯ᠎ᠡ ᠠᠢᠮᠠᠭ ᠬᠣᠲᠠ ᠲᠠᠷᠢᠬᠤ ᠢ᠋ᠢ ᠴᠠᠭᠠᠵᠠᠯᠠᠬᠤ ᠱᠤᠭᠤᠮ ᠤ᠋ᠨ ᠲᠡᠮᠳᠡᠭ ᠢ᠋ ᠪᠥᠬᠥ᠌ ᠲᠠᠯ᠎ᠠ ᠪᠡᠷ ᠵᠢᠭ᠍ᠰᠠᠭᠠᠨ ᠪᠠᠢᠴᠠᠭᠠᠵᠤ᠂ ᠳᠤᠲᠠᠭ᠍ᠳᠠᠵᠤ ᠪᠠᠢᠭ᠎ᠠ ᠲᠡᠮᠳᠡᠭ ᠢ᠋ ᠴᠠᠭ ᠲᠤᠬᠠᠶ ᠳ᠋ᠤᠨᠢ ᠨᠥᠬᠥᠪᠥᠷᠢᠯᠡᠬᠦ᠌ ᠪᠠ ᠰᠡᠷᠭᠦᠭᠡᠬᠦ᠌ ᠢ᠋ᠢᠨ ᠬᠠᠮᠲᠤ ᠱᠢᠯᠢᠳᠡᠭ᠌ᠵᠢᠭᠦᠯᠦᠨ ᠳᠣᠭᠢᠷᠠᠭᠤᠯᠵᠤ᠂ ᠪᠥᠬᠥ᠌ ᠱᠤᠭᠤᠮ ᠤ᠋ᠨ ᠲᠡᠮᠳᠡᠭ ᠤ᠋ᠨ ᠣᠨᠣᠪᠴᠢᠲᠠᠶ᠂ ᠪᠦᠷᠢᠨ ᠪᠦᠲᠦᠨ᠂ ᠢᠯᠡ ᠲᠣᠳᠣ ᠪᠠᠢᠬᠤ ᠢ᠋ᠢ ᠦᠨᠡᠨ ᠬᠦ᠌ ᠪᠠᠲᠤᠯᠠᠵᠤ᠂  2026 ᠣᠨ ᠤ᠋ 3 ᠰᠠᠷ᠎ᠠ ᠢ᠋ᠢᠨ ᠰᠡᠭᠦᠯᠴᠢ᠎ᠡᠴᠡ ᠡᠮᠦᠨ᠎ᠡ ᠴᠠᠭᠠᠵᠠᠯᠠᠬᠤ ᠱᠤᠭᠤᠮ ᠢ᠋ ᠰᠠᠭᠤᠷᠢᠱᠢᠭᠤᠯᠤᠨ ᠲᠣᠭ᠍ᠲᠠᠭᠠᠬᠤ ᠠᠵᠢᠯ ᠢ᠋ ᠪᠥᠬᠥ᠌ ᠲᠠᠯ᠎ᠠ ᠪᠡᠷ ᠳᠠᠭᠤᠰᠬᠠᠬᠤ ᠬᠡᠷᠡᠭᠲᠡᠢ;ᠳᠠᠭᠠᠭᠠᠴᠢᠯᠠᠨ ᠬᠣᠯᠪᠣᠭᠠᠯᠠᠬᠤ ᠬᠠᠷᠢᠭᠤᠴᠠᠯᠭ᠎ᠠ ᠢ᠋ᠢᠨ ᠬᠡᠯᠬᠢᠶ᠎ᠡ ᠢ᠋ᠢ ᠪᠦᠷᠢᠨᠱᠢᠭᠦᠯᠦᠨ ᠲᠡᠭᠦᠯᠳᠡᠷᠵᠢᠭᠦᠯᠵᠦ᠍᠂ ᠡᠯ᠎ᠡ ᠠᠢᠮᠠᠭ ᠬᠣᠲᠠ ᠲᠤᠤᠷᠵᠢᠭᠤᠯᠤᠭ᠍ᠰᠠᠨ ᠲᠠᠷᠢᠬᠤ ᠢ᠋ᠢ ᠴᠠᠭᠠᠵᠠᠯᠠᠬᠤ ᠬᠢᠨᠠᠨ ᠬᠠᠮᠢᠶᠠᠷᠤᠯᠲᠠ ᠢ᠋ᠢᠨ ᠵᠠᠭ᠍ᠪᠤᠷ ᠢ᠋ ᠳᠡᠯᠭᠡᠷᠡᠭᠦᠯᠵᠦ᠍᠂ ᠲᠤᠤᠷᠵᠢᠭᠤᠯᠤᠭ᠍ᠰᠠᠨ ᠬᠠᠮᠢᠶᠠᠷᠤᠯᠲᠠ ᠢ᠋ᠢᠨ ᠠᠵᠢᠯᠲᠠᠨ᠂ ᠳᠠᠭᠠᠭᠠᠴᠢᠯᠠᠨ ᠬᠣᠯᠪᠣᠭᠠᠯᠠᠬᠤ ᠬᠠᠷᠢᠭᠤᠴᠠᠯᠭᠠᠲᠠᠨ ᠵᠡᠷᠭᠡ ᠢ᠋ᠢ ᠨᠠᠢᠳᠠᠪᠤᠷᠢᠵᠢᠭᠤᠯᠤᠨ᠂ ᠲᠠᠷᠢᠬᠤ ᠢ᠋ᠢ ᠴᠠᠭᠠᠵᠠᠯᠠᠬᠤ ᠬᠠᠮᠢᠶᠠᠷᠤᠨ ᠡᠵᠡᠮᠳᠡᠬᠦ᠌ ᠬᠠᠷᠢᠭᠤᠴᠠᠯᠭ᠎ᠠ ᠢ᠋ᠢ ᠱᠠᠲᠤ ᠱᠠᠲᠤ ᠪᠡᠷ ᠪᠣᠳᠠᠲᠠᠢᠵᠢᠭᠤᠯᠵᠤ᠂ ᠬᠠᠷᠢᠭᠤᠴᠠᠯᠭ᠎ᠠ ᠢ᠋ᠢ ᠬᠥᠮᠦᠨ ᠳ᠋ᠤᠨᠢ ᠬᠦᠷᠭᠡᠬᠦ᠂ ᠬᠢᠨᠠᠨ ᠬᠠᠮᠢᠶᠠᠷᠤᠯᠲᠠ ᠢ᠋ᠢ ᠡᠷᠦᠬᠡ ᠳ᠋ᠦ᠍ ᠬᠦᠷᠭᠡᠬᠦ ᠶ᠋ᠢ ᠦᠨᠡᠨ ᠬᠦ᠌ ᠪᠠᠲᠤᠯᠠᠬᠤ ᠬᠡᠷᠡᠭ᠌ᠲᠡᠶ; ᠡᠯ᠎ᠡ ᠠᠢᠮᠠᠭ ᠬᠣᠲᠠ ᠢ᠋ᠢᠨ ᠎ᠬᠢᠨ ᠬᠠᠪᠤᠷ ᠤ᠋ᠨ ᠲᠠᠷᠢᠶᠠᠯᠠᠭ᠎ᠠ ᠢ᠋ᠢᠨ ᠵᠠᠩᠭᠢᠯᠠᠭ᠎ᠠ ᠢ᠋ᠢᠨ ᠬᠤᠭᠤᠴᠠᠭ᠎ᠠ ᠪᠣᠯᠤᠨ 2025 ᠣᠨ ᠤ᠋ ᠲᠣᠭ᠍ᠲᠠᠭᠠᠯ ᠡᠴᠡ ᠵᠥᠷᠢᠴᠡᠨ ᠳᠠᠷᠢᠭ᠍ᠰᠠᠨ ᠭᠠᠵᠠᠷ ᠢ᠋ ᠴᠢᠩᠭ᠎ᠠ ᠠᠩᠬᠠᠷᠴᠤ᠌᠂ ᠲᠣᠭᠣᠷᠢᠨ ᠪᠠᠢᠴᠠᠭᠠᠵᠤ ᠬᠢᠨᠠᠨ ᠬᠠᠮᠢᠶᠠᠷᠬᠤ ᠡᠷᠴᠢᠮ ᠢ᠋ᠢᠡᠨ ᠴᠢᠩᠭᠠᠷᠠᠭᠤᠯᠤᠨ᠂ ᠲᠣᠭ᠍ᠲᠠᠭᠠᠯ ᠡᠴᠡ ᠵᠥᠷᠢᠴᠡᠨ ᠳᠠᠷᠢᠭ᠍ᠰᠠᠨ ᠦᠶ᠋ᠯᠡ ᠠᠵᠢᠯᠯᠠᠭ᠎ᠠ ᠢ᠋ᠢ ᠡᠷᠲᠡᠬᠡᠡ ᠢᠯᠡᠷᠡᠭᠦᠯᠬᠦ᠌᠂ ᠲᠦᠷᠭᠡᠨ ᠵᠠᠯᠠᠷᠠᠭᠤᠯᠬᠤ᠂ ᠴᠢᠩᠭ᠎ᠠ ᠱᠢᠶ᠋ᠳᠪᠦᠷᠢᠯᠡᠬᠦ᠌ ᠢ᠋ᠢ ᠪᠡᠶᠡᠯᠡᠭᠦᠯᠬᠦ ᠬᠡᠷᠡᠭᠲᠡᠢ ᠭᠡᠵᠤ ᠱᠠᠭᠠᠷᠳᠠᠪᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号