ᠤᠢᠷ᠎ᠠ ᠳ᠋ᠤ ᠪᠦᠬᠦ ᠤᠯᠤᠰ ᠤ᠋ᠨ ᠠᠵᠢᠯᠴᠢᠨ ᠤ᠋ ᠶᠡᠷᠦᠩᠬᠡᠢ ᠡᠪᠯᠡᠯ ᠡᠴᠡ ᠢᠯᠢ ᠵᠢᠨ ᠤᠳᠤ ᠦᠶ᠎ᠠ ᠶ᠋ᠢᠨ ᠴᠠᠭᠠᠨ ᠢᠳᠡᠭᠡᠨ ᠤ᠋ ᠦᠢᠯᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠵᠢ ᠤᠯᠤᠰ ᠤ᠋ᠨ ᠳᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠪᠤᠯᠭᠠᠨ ᠲᠡᠰ ᠲᠡᠪᠰᠢᠬᠦᠯᠬᠦ ᠵᠢ ᠵᠦᠪᠰᠢᠶᠡᠷᠡᠵᠤ᠂ ᠢᠯᠢ ᠪᠦᠯᠦᠭᠯᠡᠯ ᠦᠪᠦᠷ ᠮᠤᠩᠭᠤᠯ ᠤ᠋ᠨ ᠴᠠᠭᠠᠨ ᠢᠳᠡᠭᠡᠨ ᠤ᠋ ᠦᠢᠯᠡᠰ ᠤ᠋ᠨ ᠬᠦᠷᠢᠶᠡᠨ ᠤ᠋ ᠲᠤᠰ ᠢᠷᠠᠭᠤ ᠠᠯᠳᠠᠷ ᠢ᠋ ᠤᠯᠤᠭᠰᠠᠨ ᠠᠩᠬᠠᠳᠠᠭᠴᠢ ᠠᠵᠤ ᠠᠬᠤᠢᠯᠠᠯ ᠪᠤᠯᠤᠭᠰᠠᠨ ᠪᠦᠬᠡᠳ ᠬᠦᠬᠡᠬᠤᠳᠠ ᠳ᠋ᠤ ᠤᠯᠤᠰ ᠤ᠋ᠨ ᠳᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠦᠬᠡᠢ ᠪᠠᠢᠭᠰᠠᠨ ᠬᠤᠭᠤᠰᠤᠨ ᠢ᠋ ᠨᠦᠬᠦᠪᠤᠷᠢᠯᠡᠪᠡ᠃
ᠤᠢᠯᠠᠭᠠᠭᠰᠠᠨ ᠶ᠋ᠢᠡᠷ᠂ ᠡᠨᠡ ᠬᠦ᠌ ᠤᠯᠤᠰ ᠤ᠋ᠨ ᠳᠡᠰ ᠤ᠋ᠨ ᠤᠳᠤ ᠦᠶ᠎ᠠ ᠶ᠋ᠢᠨ ᠴᠠᠭᠠᠨ ᠢᠳᠡᠭᠡᠨ ᠤ᠋ ᠦᠢᠯᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠨᠢ ᠰᠢᠨᠡᠭᠡᠨ ᠪᠠᠢᠭᠤᠯᠤᠭᠳᠠᠭᠰᠠᠨ ᠪᠠᠢᠭᠤᠯᠤᠮᠵᠢ ᠪᠢᠰᠢ᠂ ᠬᠠᠷᠢᠨ ᠢᠯᠢ ᠪᠦᠯᠦᠭᠯᠡᠯ ᠺᠤᠮᠫᠠᠨᠢ ᠶ᠋ᠢᠨ ᠦᠢᠯᠡᠳᠪᠤᠷᠢᠯᠡᠯ ᠬᠢᠴᠢᠶᠡᠯ ᠬᠦᠮᠦᠵᠢᠯ ᠤ᠋ᠨ ᠠᠭᠤᠰᠤᠯᠴᠠᠯ ᠢ᠋ ᠤᠷᠳᠤ ᠬᠤᠭᠤᠴᠠᠭ᠎ᠠ ᠪᠡᠷ ᠬᠦᠨᠵᠡᠭᠡᠢᠷᠡᠭᠦᠯᠦᠭᠰᠡᠨ ᠤ᠋ ᠦᠷ᠎ᠠ ᠪᠦᠲᠦᠭᠡᠯ ᠮᠦᠨ᠃ ᠲᠤᠰ ᠲᠡᠬᠡᠳᠤ ᠰᠤᠷᠭᠠᠭᠤᠯᠢ ᠪᠤᠯ ᠢᠯᠢ ᠪᠦᠯᠦᠭᠯᠡᠯ ᠤ᠋ᠨ 2010 ᠤᠨ ᠳ᠋ᠤ ᠪᠠᠢᠭᠤᠯᠤᠭᠰᠠᠨ 《ᠢᠯᠢ ᠶ᠋ᠢᠨ ᠰᠠᠭᠠᠯᠢ ᠶ᠋ᠢᠨ ᠦᠨᠢᠶ᠎ᠠ ᠶ᠋ᠢᠨ ᠰᠤᠷᠭᠠᠭᠤᠯᠢ 》 ᠡᠴᠡ ᠬᠦᠭᠵᠢᠨ ᠢᠷᠡᠵᠦ᠂ 2024 ᠤᠨ ᠤ᠋ 7 ᠰᠠᠷ᠎ᠠ ᠳ᠋ᠤ ᠦᠪᠡᠷᠳᠡᠭᠡᠨ ᠵᠠᠰᠠᠬᠤ ᠤᠷᠤᠨ ᠤ᠋ ᠳᠡᠰ ᠤ᠋ᠨ ᠤᠳᠤ ᠦᠶ᠎ᠠ ᠶ᠋ᠢᠨ ᠴᠠᠭᠠᠨ ᠢᠳᠡᠭᠡᠨ ᠤ᠋ ᠦᠢᠯᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠪᠤᠯᠵᠠᠢ᠃ ᠲᠤᠰ ᠳᠡᠭᠡᠳᠦ ᠰᠤᠷᠭᠠᠭᠤᠯᠢ ᠨᠢ ᠢᠯᠢ ᠪᠦᠯᠦᠭᠯᠡᠯ ᠺᠤᠮᠫᠠᠨᠢ ᠶ᠋ᠢᠨ ᠪᠦᠬᠦ ᠪᠦᠮᠪᠦᠷᠴᠡᠭ ᠤ᠋ᠨ ᠴᠢᠳᠠᠪᠤᠷᠢᠳᠠᠨ ᠤ᠋ ᠬᠦᠭᠵᠢᠯᠳᠡ ᠶ᠋ᠢᠨ ᠲᠦᠪ ᠲᠤ᠌ ᠲᠦᠰᠢᠭᠯᠡᠨ 3 ᠬᠤᠪᠢᠶᠠᠷᠢ ᠬᠦᠷᠢᠶᠡᠯᠡᠩ ᠪᠠᠢᠭᠤᠯᠵᠤ᠂ ᠮᠠᠯ ᠠᠵᠤ ᠠᠬᠤᠢ ᠶ᠋ᠢᠨ ᠲᠡᠵᠢᠭᠡᠨ ᠦᠷᠡᠵᠢᠭᠦᠯᠬᠦ᠂ ᠴᠠᠭᠠᠨ ᠢᠳᠡᠭᠡᠨ ᠪᠤᠯᠪᠠᠰᠤᠷᠠᠭᠤᠯᠬᠤ᠂ ᠴᠠᠭᠠᠨ ᠢᠳᠡᠭᠡᠨ ᠢ᠋ ᠰᠢᠯᠭᠠᠨ ᠪᠠᠢᠴᠠᠭᠠᠬᠤ ᠵᠡᠷᠭᠡ 3 ᠭᠤᠤᠯᠯᠠᠬᠤ ᠬᠦᠷᠢᠶ᠎ᠠ ᠶ᠋ᠢ ᠬᠠᠮᠤᠷᠤᠭᠰᠠᠨ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠴᠢᠳᠠᠪᠤᠷᠢᠳᠠᠨ ᠢ᠋ ᠬᠦᠮᠦᠵᠢᠭᠦᠯᠬᠦ ᠰᠢᠰᠲ᠋ᠧᠮ ᠲᠠᠢ ᠶᠤᠮ᠃
ᠢᠯᠢ ᠵᠢᠨ ᠤᠳᠤ ᠦᠶ᠎ᠠ ᠶ᠋ᠢᠨ ᠴᠠᠭᠠᠨ ᠢᠳᠡᠭᠡᠨ ᠤ᠋ ᠦᠢᠯᠡᠰ ᠤ᠋ᠨ ᠤᠷᠠᠨ ᠲᠠᠷᠬᠠᠨ ᠤ᠋ ᠳᠡᠭᠡᠳᠦ ᠰᠤᠷᠭᠠᠭᠤᠯᠢ ᠳ᠋ᠤ 1.6 ᠲᠦᠮᠡᠨ ᠳᠡᠭᠰᠢ ᠳᠦᠷᠪᠡᠯᠵᠢᠨ ᠮᠧᠲᠷ ᠤ᠋ᠨ ᠤᠳᠤᠬᠢᠴᠢᠯᠠᠭᠰᠠᠨ ᠰᠤᠷᠢᠯᠳᠠ ᠶ᠋ᠢᠨ ᠲᠠᠯᠠᠪᠠᠢ᠂ ᠪᠦᠬᠦ ᠪᠦᠮᠪᠦᠷᠴᠡᠭ ᠲᠤ᠌ ᠤᠷᠤᠢᠯᠠᠬᠤ ᠴᠠᠭᠠᠨ ᠢᠳᠡᠭᠡᠨ ᠪᠤᠯᠪᠠᠰᠤᠷᠠᠭᠤᠯᠬᠤ ᠲᠦᠬᠦᠭᠡᠷᠦᠮᠵᠢ᠂ ᠪᠦᠬᠦ ᠰᠢᠰᠲ᠋ᠧᠮ ᠤ᠋ᠨ ᠠᠵᠤ ᠦᠢᠯᠡᠰ ᠤ᠋ᠨ ᠠᠵᠢᠯᠴᠢᠨ ᠢ᠋ ᠬᠠᠮᠤᠷᠤᠭᠰᠠᠨ 《ᠬᠠᠮᠳᠤ ᠪᠡᠷ ᠰᠤᠷᠤᠯᠴᠠᠶ᠎ᠠ 》 ᠲᠤᠭᠠᠴᠢᠯᠠᠭᠰᠠᠨ ᠰᠤᠷᠤᠯᠴᠠᠯᠭ᠎ᠠ ᠶ᠋ᠢᠨ ᠳᠠᠪᠴᠠᠩ ᠵᠢᠴᠢ ᠦᠨᠳᠦᠷ ᠤᠷ᠎ᠠ ᠮᠡᠷᠭᠡᠵᠢᠯ ᠪᠦᠬᠦᠢ 1700 ᠭᠠᠷᠤᠢ ᠪᠠᠭᠰᠢ ᠲᠠᠢ ᠪᠠᠢᠵᠤ᠂ 《ᠠᠵᠢᠯᠴᠢᠨ ᠤ᠋ ᠡᠪᠯᠡᠯ ᠡᠴᠡ ᠬᠦᠲᠦᠯᠦᠨ ᠵᠢᠯᠤᠭᠤᠳᠬᠤ᠂ ᠠᠵᠤ ᠠᠬᠤᠢᠯᠠᠯ ᠬᠠᠮᠳᠤ ᠪᠡᠷ ᠪᠦᠲᠦᠭᠡᠨ ᠪᠠᠢᠭᠤᠯᠬᠤ᠂ ᠰᠦᠯᠵᠢᠶ᠎ᠠ ᠪᠠ ᠠᠬᠤᠢ ᠲᠠᠯᠠᠪᠠᠢ ᠶ᠋ᠢ ᠤᠶᠠᠯᠳᠤᠭᠤᠯᠬᠤ 》 ᠬᠡᠯᠪᠡᠷᠢ ᠶ᠋ᠢᠨ ᠤᠷᠠᠨ ᠳᠠᠷᠬᠠᠨ ᠢ᠋ ᠬᠦᠮᠦᠵᠢᠭᠦᠯᠬᠦ ᠬᠡᠪ ᠵᠠᠭᠪᠤᠷ ᠢ᠋ ᠪᠦᠷᠢᠯᠳᠦᠭᠦᠯᠤᠨ᠂ ᠲᠤᠭᠠᠴᠢᠯᠠᠭᠰᠠᠨ ᠤᠶᠤᠨᠴᠢᠯᠠᠭᠰᠠᠨ ᠪᠤᠬᠢᠷᠳᠦᠯ ᠦᠭᠡᠢ ᠦᠢᠯᠡᠳᠪᠤᠷᠢᠯᠡᠯ ᠤ᠋ᠨ ᠬᠡᠪ ᠪᠤᠯᠪᠠᠰᠤᠷᠠᠯ ᠪᠦᠬᠦᠢ ᠶᠡᠷᠦᠩᠬᠡᠢᠯᠡᠭᠰᠡᠨ ᠬᠡᠯᠪᠡᠷᠢ ᠶ᠋ᠢᠨ ᠤᠷᠠᠨ ᠳᠠᠷᠬᠠᠨ ᠢ᠋ ᠭᠤᠤᠯᠴᠢᠯᠠᠨ ᠬᠦᠮᠦᠵᠢᠭᠦᠯᠵᠦ᠂ ᠳᠤᠮᠳᠠᠳᠤ ᠤᠯᠤᠰ ᠤ᠋ᠨ ᠴᠠᠭᠠᠨ ᠢᠳᠡᠭᠡᠨ ᠤ᠋ ᠦᠢᠯᠡᠳᠭᠡᠯ ᠤ᠋ᠨ ᠤᠶᠤᠨᠴᠢᠯᠠᠭᠰᠠᠨ ᠴᠢᠳᠠᠪᠤᠷᠢ ᠪᠠ ᠲᠦᠪᠰᠢᠨ ᠢ᠋ ᠳᠡᠭᠡᠭᠰᠢᠯᠡᠭᠦᠯᠵᠤ ᠪᠠᠢᠨ᠎ᠠ᠃