ᠬᠤᠭᠤᠯᠠᠨ ᠬᠡᠷ ᠡᠷᠬᠢᠯᠡᠵᠤ ᠪᠠᠢᠭ᠎ᠠ ᠬᠦᠮᠦᠨ ᠤᠯᠠᠨ ᠪᠤᠯᠪᠠᠴᠤ ᠡᠳᠤᠷ ᠪᠦᠷᠢ 268 ᠲᠦᠬᠦᠷᠢᠭ ᠤ᠋ᠨ ᠲᠦᠷᠢᠶᠡᠰᠤᠨ ᠮᠦᠩᠬᠦ ᠦᠭᠴᠦ ᠬᠤᠭᠤᠯᠠᠨ ᠬᠡᠷ ᠡᠷᠬᠢᠯᠡᠬᠡᠳ ᠤᠳᠤ ᠪᠤᠯᠬᠤ ᠳ᠋ᠤ ᠲᠤᠰᠠᠭᠠᠷ ᠡᠵᠡᠩᠨᠡᠭᠰᠡᠨ 3 ᠬᠤᠭᠤᠯᠠᠨ ᠬᠡᠷ᠂ ᠬᠤᠷᠰᠢᠨ ᠡᠵᠡᠩᠨᠡᠭᠰᠡᠨ 2 ᠬᠤᠭᠤᠯᠠᠨ ᠬᠡᠷ ᠲᠠᠢ ᠪᠤᠯᠤᠭᠰᠠᠨ ᠮᠠᠯᠴᠢᠨ ᠪᠤᠯᠤᠳ ᠤ᠋ᠨ ᠤᠢᠯᠡᠰ ᠪᠤᠰᠬᠠᠭᠰᠠᠨ ᠦᠯᠢᠬᠡᠷ ᠢ᠋ ᠰᠡᠬᠦᠬᠦ ᠳ᠋ᠤ᠌ ᠬᠤᠷᠢᠭᠠᠳ ᠵᠢᠯ ᠤ᠋ᠨ ᠲᠤᠷᠰᠢᠬᠢ ᠬᠠᠳᠠᠭᠤ ᠴᠢᠷᠮᠠᠢᠯᠭ᠎ᠠ᠂ ᠨᠤᠭᠤᠷᠠᠯ ᠪᠦᠳᠤᠷᠢᠯ᠂ ᠠᠮᠵᠢᠯᠳᠠ ᠪᠦᠳᠦᠮᠵᠢ ᠁ ᠠᠯᠢ ᠪᠦᠬᠦᠨ ᠨᠢ ᠴᠤᠪᠤᠷᠠᠨ ᠲᠤᠳᠤᠷᠠᠨ᠎ᠠ᠃
2007 ᠤᠨ ᠤ᠋ ᠵᠤᠨ ᠤ᠋ ᠨᠢᠬᠡᠨ ᠡᠳᠤᠷ᠃ ᠰᠢᠯᠢ ᠢ᠋ᠢᠨ ᠭᠤᠤᠯ ᠠᠢᠮᠠᠭ ᠤ᠋ᠨ ᠰᠢᠯᠤᠭᠤᠨ ᠬᠦᠪᠡᠬᠡᠳᠤ ᠴᠠᠭᠠᠨ ᠬᠤᠰᠢᠭᠤ ᠪᠡᠷ ᠨᠤᠳᠤᠭᠳᠡᠢ ᠪᠤᠯᠤᠳ ᠠᠷᠦ ᠬᠡᠷ ᠤ᠋ᠨ ᠢ᠋ᠢᠡᠨ ᠲᠠᠷᠤᠭᠠᠰᠤ ᠢ᠋ᠢ ᠬᠦᠨᠭᠬᠡᠷᠡᠬᠦᠯᠵᠤ᠂ ᠠᠵᠤ ᠠᠮᠢᠳᠤᠷᠡᠯ ᠢ᠋ᠢᠡᠨ ᠦᠬᠡᠳᠡ ᠲᠠᠳᠠᠬᠤ ᠬᠡᠰᠡᠨ ᠡᠷᠡᠰ ᠰᠢᠭᠤᠳᠮᠠᠭᠠᠢ ᠪᠤᠳᠤᠯ ᠢ᠋ᠢᠡᠷ ᠠᠨᠭᠬ᠎ᠠ ᠲᠤᠮᠳᠠᠳᠤ ᠢ᠋ᠢᠨ ᠰᠤᠷᠤᠭᠴᠢ ᠢ᠋ᠢᠨ ᠠᠮᠢᠳᠤᠷᠡᠯ ᠢ᠋ᠢᠡᠨ ᠲᠤᠷᠭᠤᠨ ᠵᠤᠭᠰᠤᠵᠤ᠂ ᠬᠦᠮᠦᠨ ᠤ᠋ ᠭᠠᠵᠠᠷ ᠬᠦᠨᠳᠡᠯᠡᠨ ᠤ᠋ ᠨᠤᠳᠤᠭ ᠲᠦ᠍ ᠬᠦᠯ ᠤᠯᠠ ᠪᠡᠨ ᠤᠯᠬᠤ ᠪᠡᠷ ᠬᠦᠬᠡᠬᠤᠳᠡ ᠢ᠋ᠢ ᠵᠤᠷᠢᠯᠡ᠃
《ᠠᠮᠢᠳᠤᠷᠠᠯ ᠢ᠋ ᠠᠵᠢᠯ ᠵᠢᠡᠷ᠂ ᠠᠮᠵᠢᠯᠳᠠ ᠵᠢ ᠴᠢᠷᠮᠠᠢᠯᠳᠠ ᠪᠡᠷ 》 ᠬᠡᠳᠡᠭ᠂ ᠪᠤᠯᠤᠳ ᠬᠦᠬᠡᠬᠤᠳᠡ ᠳ᠋ᠤ᠌ ᠢᠷᠡᠭᠰᠡᠨ ᠬᠤᠢᠨ᠎ᠠ ᠲᠤᠬᠠᠢ ᠢ᠋ᠢᠨ ᠦᠶ᠎ᠡ ᠳ᠋ᠤ᠌ ᠨᠡᠷ᠎ᠡ ᠭᠠᠷᠴᠤ ᠪᠠᠢᠭᠰᠠᠨ 《ᠪᠤᠭᠳᠠ 》 ᠬᠤᠭᠤᠯᠠᠨ ᠬᠡᠷ ᠲᠦ᠍ ᠤᠢᠯᠡᠴᠢᠯᠡᠭᠴᠢ ᠢ᠋ᠢᠨ ᠠᠵᠢᠯ ᠬᠢᠵᠤ ᠪᠠᠢᠭᠰᠠᠨ ᠡᠴᠡ ᠪᠡᠨ ᠰᠡᠬᠦᠯ ᠳ᠋ᠤᠨᠢ ᠪᠠᠰᠠ ᠵᠦᠬᠡᠬᠡᠭᠴᠢ ᠢ᠋ᠢᠨ ᠠᠵᠢᠯ ᠢ᠋ ᠨᠢ ᠬᠠᠪᠰᠤᠷᠭᠠᠨ ᠬᠢᠵᠤ᠂ ᠦᠪᠡᠷ ᠤ᠋ᠨ ᠬᠦᠴᠦ ᠬᠦᠳᠡᠯᠮᠤᠷᠢ ᠪᠡᠷ ᠢ᠋ᠢᠡᠨ ᠲᠤᠭᠳᠠᠭᠰᠠᠨ ᠤᠷᠤᠯᠭ᠎ᠠ ᠲᠠᠢ ᠪᠤᠯᠤᠭᠰᠠᠨ ᠪᠦᠬᠡᠳ ᠪᠤᠰᠢᠭᠤ ᠱᠠᠯᠠᠮᠠᠭᠠᠢ ᠠᠵᠢᠯᠴᠢ ᠪᠤᠷᠤᠭᠵᠢᠭᠤᠨ ᠵᠠᠨᠭ᠌ ᠢ᠋ᠢᠡᠷ ᠢ᠋ᠢᠡᠨ ᠬᠤᠭᠤᠯᠠᠨ ᠬᠡᠷ ᠤ᠋ᠨ ᠡᠵᠡᠨᠳᠡᠨ ᠪᠤᠯᠤᠨ ᠬᠡᠢᠴᠢᠨ ᠵᠤᠴᠢᠨ ᠤ᠋ ᠢᠳᠡᠬᠡᠯ ᠢ᠋ ᠤᠯᠵᠤ᠂ ᠨᠢᠬᠡ ᠮᠡᠳᠡᠬᠦ ᠳ᠋ᠤ᠌ 4 ᠵᠢᠯ ᠢ᠋ ᠠᠷᠦ ᠳ᠋ᠠᠭᠠᠨ ᠤᠷᠬᠢᠵᠠᠢ᠃

ᠮᠠᠯᠴᠢᠨ ᠪᠤᠯᠤᠳ
ᠬᠤᠭᠤᠯᠠᠨ ᠬᠡᠷ ᠤ᠋ᠨ ᠡᠯ᠎ᠠ ᠲᠠᠯ᠎ᠠ ᠢ᠋ᠢᠨ ᠤᠢᠯᠡᠴᠢᠯᠡᠬᠡᠨ ᠤ᠋ ᠠᠵᠢᠯ ᠢ᠋ ᠨᠡᠪᠳᠡᠷᠡᠳᠡᠯ᠎ᠡ ᠤᠢᠯᠠᠭᠠᠭᠰᠠᠨ ᠪᠤᠯᠤᠳ ᠬᠤᠪᠢ ᠪᠡᠷ ᠢ᠋ᠢᠡᠨ ᠬᠤᠭᠤᠯᠠᠨ ᠬᠡᠷ ᠡᠷᠬᠢᠯᠡᠬᠦ ᠬᠦᠰᠡᠯ ᠤᠷᠭᠤᠵᠤ ᠪᠠᠢᠭᠰᠠᠨ ᠦᠶ᠎ᠡ ᠳ᠋ᠤ᠌ 《ᠪᠤᠭᠳᠠ》 ᠬᠤᠭᠤᠯᠠᠨ ᠬᠡᠷ ᠤ᠋ᠨ ᠡᠵᠡᠨ ᠶᠠᠭ ᠬᠤᠭᠤᠯᠠᠨ ᠬᠡᠷ ᠵᠢᠡᠨ ᠭᠠᠳᠠᠭᠰᠢ ᠰᠢᠯᠵᠢᠬᠦᠯᠬᠦ ᠪᠡᠷ ᠲᠤᠭᠳᠠᠭᠰᠠᠨ ᠳ᠋ᠤ ᠲᠡᠷᠡ ᠦᠴᠦᠬᠡᠨ ᠴᠦ᠍ ᠲᠠᠳᠠᠭᠠᠯᠵᠠᠯ ᠦᠬᠡᠢ ᠪᠡᠷ 《ᠪᠤᠭᠳᠠ》 ᠬᠤᠭᠤᠯᠠᠨ ᠬᠡᠷ ᠢ᠋ ᠰᠢᠯᠵᠢᠬᠦᠯᠦᠨ ᠠᠪᠴᠤ᠂ 2013 ᠤᠨ ᠳ᠋ᠤ᠌ ᠦᠪᠡᠷ ᠢ᠋ᠢᠡᠨ ᠬᠤᠭᠤᠯᠠᠨ ᠬᠡᠷ ᠡᠷᠬᠢᠯᠡᠬᠦ ᠬᠡᠰᠡᠨ ᠬᠦᠰᠡᠯ ᠢ᠋ᠢᠡᠨ ᠪᠡᠶᠡᠯᠡᠬᠦᠯᠵᠤ᠂ ᠤᠢᠯᠡᠴᠢᠯᠡᠭᠴᠢ ᠪᠠᠢᠭᠰᠠᠨ ᠡᠴᠡ ᠪᠡᠨ ᠡᠵᠡᠨᠳᠡᠨ ᠪᠤᠯᠪᠠ᠃

ᠠᠮᠳᠠᠷᠬᠠᠨ ᠵᠤᠭᠤᠭᠯᠠᠬᠤ ᠵᠤᠴᠢᠳ
ᠭᠠᠯ ᠵᠠᠯᠠᠭᠤ 22 ᠨᠠᠰᠤ ᠳᠡᠢ ᠳ᠋ᠠᠭᠠᠨ ᠬᠤᠭᠤᠯᠠᠨ ᠬᠡᠷ ᠤ᠋ᠨ ᠡᠵᠡᠨᠳᠡᠨ ᠰᠠᠭᠤᠭᠰᠠᠨ ᠪᠤᠯᠤᠳ ᠵᠠᠯᠠᠭᠤ ᠬᠦᠮᠦᠨ ᠤ᠋ ᠠᠭᠠᠭ ᠤᠮᠤᠭ ᠵᠢᠡᠷ 《ᠪᠤᠭᠳᠠ》 ᠬᠤᠭᠤᠯᠠᠨ ᠬᠡᠷ ᠢ᠋ᠢᠡᠨ ᠡᠵᠡᠨᠭᠨᠡᠬᠦ ᠢ᠋ᠢᠨ ᠲᠠᠭᠠᠤ ᠪᠠᠰᠠ ᠨᠢᠬᠡ ᠬᠠᠯᠠᠭᠤᠨ ᠲᠤᠭᠤᠭᠠᠨ ᠤ᠋ ᠬᠤᠭᠤᠯᠠᠨ ᠬᠡᠷ ᠨᠡᠬᠡᠬᠡᠵᠤ᠂ ᠤᠪᠤᠭ᠎ᠠ ᠲᠤᠪᠤᠭ᠎ᠠ ᠮᠦᠨᠭᠬᠦ ᠵᠤᠭᠤᠰ ᠡᠪᠤᠷᠳᠤᠯᠡᠭᠰᠡᠨ ᠶᠤᠮ᠃ ᠬᠤᠭᠤᠯᠠᠨ ᠬᠡᠷ ᠡᠷᠬᠢᠯᠡᠵᠤ ᠠᠷᠢᠬᠢ ᠲᠠᠷᠠᠰᠤ ᠵᠢᠨ ᠰᠢᠷᠡᠬᠡ ᠠᠶᠠᠨᠳᠠᠭᠠᠨ ᠨᠡᠮᠡᠭᠳᠡᠭᠰᠡᠨ ᠤ᠋ ᠲᠠᠬᠡᠷ᠎ᠠ ᠪᠠᠶ᠎ᠠ ᠪᠠᠨ ᠰᠠᠢᠨ ᠲᠠᠳᠠᠵᠤ ᠲᠡᠢᠯᠦᠭᠰᠡᠨ ᠦᠬᠡᠢ ᠡᠴᠡ ᠪᠤᠯᠤᠳ ᠠᠷᠢᠬᠢᠨ ᠰᠢᠷᠡᠬᠡ᠂ ᠨᠠᠢᠷ ᠤ᠋ᠨ ᠰᠢᠷᠡᠬᠡ ᠡᠴᠡ ᠰᠠᠯᠬᠤ ᠪᠡᠨ ᠪᠤᠯᠢᠵᠤ᠂ ᠬᠤᠭᠤᠯᠠᠨ ᠬᠡᠷ ᠢ᠋ᠢᠡᠨ ᠰᠡᠳᠬᠢᠯ ᠲᠠᠯᠪᠢᠵᠤ ᠡᠵᠡᠨᠭᠨᠡᠭᠰᠡᠨ ᠦᠬᠡᠢ ᠡᠴᠡ ᠭᠤᠷᠪᠡᠳᠤᠭᠠᠷ ᠵᠢᠯ ᠡᠴᠡ ᠡᠬᠢᠯᠡᠨ ᠮᠠᠢᠮᠠᠢ ᠨᠢ ᠮᠠᠭᠤᠳᠠᠵᠤ᠂ ᠠᠷᠭ᠎ᠠ ᠦᠬᠡᠢ 2 ᠬᠤᠭᠤᠯᠠᠨ ᠬᠡᠷ ᠢ᠋ᠢᠡᠨ ᠬᠠᠭᠠᠭᠰᠠᠨ ᠮᠦᠷᠳᠡᠬᠡᠨ ᠨᠢᠬᠡ ᠯᠡ ᠲᠡᠬᠡᠷ᠎ᠡ 70 ᠲᠦᠮᠡᠨ ᠲᠦᠬᠦᠷᠢᠭ ᠤ᠋ᠨ ᠦᠷᠢ ᠳ᠋ᠤ᠌ ᠤᠨᠠᠪᠠ᠃
ᠤᠢᠯᠡᠰ ᠪᠤᠰᠬᠠᠨ᠎ᠠ ᠬᠡᠳᠡᠭ ᠬᠢᠯᠪᠠᠷ ᠪᠤᠰᠤ ᠶᠠᠪᠤᠳᠡᠯ ᠡ᠃ ᠦᠢᠯᠡ ᠪᠠᠨ ᠪᠠᠷᠠᠵᠤ ᠪᠤᠰᠬᠠᠭᠰᠠᠨ ᠦᠢᠯᠡᠰ ᠨᠢ ᠬᠦᠬᠡᠰᠤ ᠰᠢᠭ ᠵᠠᠪᠬᠠᠷᠠᠬᠤ ᠳ᠋ᠤ᠌ ᠪᠤᠯᠤᠳ ᠨᠢᠬᠡᠨ ᠦᠶ᠎ᠡ ᠰᠡᠳᠬᠢᠯ ᠰᠢᠨᠠᠯᠤᠨ ᠭᠤᠨᠢᠵᠤ ᠭᠤᠳᠤᠷᠠᠬᠤ ᠵᠢᠨ ᠵᠡᠷᠬᠡ ᠪᠡᠷ ᠬᠤᠢᠰᠢᠳᠡ ᠢ᠋ᠢᠨ ᠠᠮᠢᠳᠤᠷᠡᠯ ᠳ᠋ᠠᠭᠠᠨ ᠰᠡᠳᠬᠢᠯ ᠢ᠋ᠢᠡᠨ ᠬᠠᠳᠠ ᠴᠢᠯᠠᠭᠤ ᠰᠢᠭ ᠴᠢᠨᠭᠭᠠᠯᠠᠨ᠂ ᠦᠷᠢ ᠪᠡᠨ ᠲᠦᠯᠦᠵᠤ ᠰᠠᠢᠬᠠᠨ ᠠᠮᠢᠳᠤᠷᠡᠬᠤ ᠪᠡᠷ ᠵᠢᠳᠬᠦᠬᠦ ᠬᠡᠷᠡᠭᠳᠡᠢ ᠬᠡᠰᠡᠨ ᠢ᠋ ᠤᠬᠠᠭᠠᠷᠠᠵᠤ ᠶᠠᠪᠤᠵᠡᠢ᠃ ᠦᠭᠰᠤᠵᠤ ᠤᠷᠤᠭᠤᠳᠠᠬᠤ ᠬᠦᠮᠦᠨ ᠤ᠋ ᠠᠮᠢᠳᠤᠷᠡᠯ ᠳ᠋ᠤ᠌ ᠶᠠᠮᠠᠷ ᠬᠦᠮᠦᠨ ᠲᠠᠢ ᠴᠦ᠍ ᠤᠴᠠᠷᠠᠵᠤ᠂ ᠠᠭᠤᠯᠵᠠᠵᠤ᠂ ᠲᠠᠨᠢᠯᠴᠠᠵᠤ᠂ ᠶᠠᠪᠤᠯᠴᠠᠳᠠᠭ ᠰᠠᠨ᠃ ᠬᠠᠷᠢᠨ ᠪᠤᠯᠤᠳ ᠤ᠋ᠨ ᠬᠤᠪᠢ ᠳ᠋ᠤ᠌ ᠰᠢᠯᠢ ᠵᠢᠨ ᠭᠤᠤᠯ ᠠᠢᠮᠠᠭ ᠤ᠋ᠨ ᠲᠤᠯᠤᠨ ᠨᠤᠤᠷ ᠤ᠋ᠨ 《ᠺᠠᠢ ᠰᠠ ᠫᠢᠧᠤ᠋》 ᠬᠦᠷᠬᠡᠳᠡᠭ ᠠᠬᠡ ᠲᠠᠢ ᠪᠠᠨ ᠠᠭᠤᠯᠵᠠᠨ ᠲᠠᠨᠢᠯᠴᠠᠭᠰᠠᠨ ᠨᠢ ᠲᠡᠬᠦᠨ ᠤ᠋ ᠠᠮᠢᠳᠤᠷᠡᠯ ᠳ᠋ᠤ᠌ ᠬᠦᠰᠡᠯ ᠡᠷᠡᠮᠡᠯᠵᠡᠯ ᠠᠪᠴᠢᠷᠠᠵᠤ ᠦᠭᠴᠡᠢ᠃ 2018 ᠤᠨ ᠳ᠋ᠤ᠌ ᠲᠤᠯᠤᠨ ᠨᠤᠤᠷ ᠤ᠋ᠨ ᠠᠬᠡ ᠨᠢ 《ᠺᠠᠢ ᠰᠠ ᠫᠢᠸᠤ᠋ ᠢ᠋ᠢᠨ ᠦᠷᠦᠬᠡ 》 ᠪᠡᠨ ᠵᠠᠰᠠᠵᠤ ᠴᠢᠮᠡᠭᠯᠡᠬᠡᠳ ᠪᠤᠯᠤᠳ ᠲᠠᠢ ᠬᠠᠮᠳᠤᠷᠡᠨ ᠨᠡᠬᠡᠬᠡᠬᠦ ᠰᠠᠨᠠᠭ᠎ᠠ ᠪᠡᠨ ᠬᠡᠯᠡᠵᠤ᠂ ᠠᠰᠢᠭ ᠤᠯᠪᠠᠯ ᠬᠠᠭᠠᠰ ᠬᠠᠭᠠᠰ ᠢ᠋ᠢᠡᠷ ᠬᠤᠪᠢᠶᠠᠴᠢᠬᠠᠶᠡ ᠬᠡᠳ ᠬᠤᠶᠠᠭᠤᠯᠠ ᠰᠠᠨᠠᠭ᠎ᠠ ᠲᠤᠬᠢᠷᠠᠯᠴᠠᠵᠤ 《ᠺᠠᠢ ᠰᠠ ᠫᠢᠸᠤ᠋ ᠢ᠋ᠢᠨ ᠦᠷᠦᠬᠡ》 ᠪᠠᠨ ᠡᠵᠡᠨᠭᠨᠡᠵᠤ ᠡᠬᠢᠯᠡᠯ᠎ᠠ᠃ ᠲᠡᠢᠮᠦ ᠴᠦ᠍ ᠠᠮᠠᠷᠬᠠᠨ ᠮᠦᠨᠭᠬᠦ ᠤᠯᠤᠨ᠎ᠡ ᠬᠡᠵᠤ ᠪᠠᠢᠨ᠎ᠡ ᠤᠤ ᠳᠠ⁈ ᠫᠢᠸᠤ᠋ ᠢ᠋ᠢᠨ ᠦᠷᠦᠬᠡ ᠪᠠᠨ 3 ᠰᠠᠷ᠎ᠡ ᠨᠡᠬᠡᠬᠡᠳ ᠤᠷᠤᠯᠭ᠎ᠠ ᠠᠨᠠᠢ ᠪᠤᠯᠬᠤᠷ ᠲᠤᠯᠤᠨ ᠨᠤᠤᠷ ᠤ᠋ᠨ ᠠᠬ᠎ᠠ ᠨᠢ ᠭᠠᠳᠠᠭᠰᠢ ᠪᠡᠨ ᠰᠢᠯᠵᠢᠬᠦᠯᠬᠦ ᠪᠡᠷ ᠪᠤᠯᠬᠤ ᠳ᠋ᠤ᠌ ᠪᠤᠯᠤᠳ ᠲᠤᠰᠠᠭᠠᠷ ᠡᠵᠡᠨᠭᠨᠡᠬᠦ ᠪᠡᠷ ᠪᠤᠯᠵᠠᠢ᠃ ᠬᠡᠪᠡᠴᠤ ᠲᠡᠬᠦᠨ ᠤ᠋ ᠬᠠᠷᠮᠠᠨ ᠳ᠋ᠤ ᠰᠤᠬᠤᠷ ᠮᠦᠨᠭᠬᠦ ᠴᠦ᠍ ᠦᠬᠡᠢ ᠶᠤᠮ᠂ ᠲᠦᠷᠢᠶᠡᠰᠤᠨ ᠮᠦᠨᠭᠬᠦ ᠳ᠋ᠡᠬᠡᠨ ᠵᠦᠪ ᠦᠬᠡᠢ ᠪᠤᠯᠬᠤᠷ ᠬᠤᠶᠠᠭᠤᠯᠠ ᠬᠡᠯᠡᠯᠴᠡᠭᠰᠡᠭᠡᠷ ᠪᠠᠢᠵᠤ᠂ ᠰᠠᠷ᠎ᠡ ᠪᠦᠷᠢ ᠵᠢᠨ 8000 ᠲᠦᠬᠦᠷᠢᠭ ᠤ᠋ᠨ ᠲᠦᠷᠢᠶᠡᠰᠤᠨ ᠮᠦᠨᠭᠬᠦ ᠢ᠋ᠢ ᠡᠳᠤᠷ ᠢ᠋ᠢᠡᠷ ᠬᠤᠪᠢᠶᠠᠨ ᠲᠤᠭᠠᠴᠠᠭᠠᠯᠠᠬᠤ ᠪᠡᠷ ᠲᠤᠭᠳᠠᠵᠠᠢ᠃ ᠫᠢᠸᠤ᠋ ᠢ᠋ᠢᠨ ᠦᠷᠦᠬᠡ ᠪᠡᠨ ᠨᠢᠬᠡ ᠡᠳᠤᠷ ᠡᠵᠡᠩᠨᠡᠬᠡᠳ ᠤᠷᠤᠢ ᠪᠤᠯᠬᠤ ᠳ᠋ᠤ 268 ᠲᠦᠬᠦᠷᠢᠭ ᠤ᠋ᠨ ᠲᠦᠷᠢᠶᠡᠰᠤᠨ ᠮᠦᠩᠬᠦ ᠪᠤᠳᠤᠵᠤ ᠦᠭᠳᠡᠭ ᠪᠠᠢᠭᠰᠠᠨ ᠬᠡᠵᠤ ᠪᠤᠯᠤᠳ 《ᠺᠠᠢ ᠰᠠ 》 ᠬᠤᠭᠤᠯᠠᠨ ᠬᠡᠷ ᠨᠡᠬᠡᠬᠡᠭᠰᠡᠨ ᠦᠯᠢᠬᠡᠷ ᠢ᠋ᠢᠡᠨ ᠬᠤᠪᠢᠶᠠᠯᠴᠠᠨᠡ᠃

《ᠺᠠᠢ ᠰᠠ》 ᠬᠤᠭᠤᠯᠡᠨ ᠭᠡᠷ
ᠤᠢᠯᠡᠰ ᠪᠤᠰᠬᠠᠬᠤ ᠵᠠᠮ ᠢ᠋ ᠰᠤᠨᠭᠭᠤᠭᠰᠠᠨ ᠬᠦᠮᠦᠰ ᠯᠡ ᠤᠢᠯᠡᠰ ᠪᠤᠰᠬᠠᠬᠤ ᠵᠠᠮ ᠲᠡᠬᠡᠷᠡᠬᠢ ᠬᠦᠴᠢᠷ ᠪᠡᠷᠬᠡ ᠵᠢ ᠤᠢᠯᠠᠭᠠᠳᠠᠭ ᠶᠤᠮ ᠃ ᠠᠨᠭᠬᠡ ᠡᠬᠢᠯᠡᠬᠦ ᠳ᠋ᠤ᠌ ᠪᠡᠯᠡ ᠮᠦᠨᠭᠬᠦ ᠵᠢᠨ ᠡᠷᠬᠢᠯᠳᠡ ᠶᠡᠬᠡ ᠪᠡᠷ ᠱᠠᠭᠠᠷᠳᠠᠭᠳᠠᠵᠤ ᠪᠠᠢᠭᠰᠠᠨ ᠪᠦᠬᠡᠳ ᠪᠠᠰᠠ ᠦᠷᠢ ᠪᠡᠨ ᠲᠦᠯᠦᠵᠤ ᠪᠠᠢᠭᠰᠠᠨ ᠪᠤᠯᠬᠤᠷ ᠪᠤᠯᠤᠳ ᠬᠡᠷᠬᠡᠢ ᠲᠠᠢ ᠪᠡᠨ ᠬᠤᠶᠠᠭᠤᠯᠠ ᠦᠯᠦᠰᠴᠤ ᠶᠠᠳᠠᠷᠠᠬᠤ ᠵᠢ ᠤᠮᠠᠷᠳᠠᠨ ᠪᠦᠬᠦ ᠰᠡᠳᠬᠢᠯ ᠢ᠋ᠢᠡᠷ ᠫᠢᠸᠤ᠋ ᠢ᠋ᠢᠨ ᠦᠷᠦᠬᠡ ᠪᠡᠨ ᠡᠵᠡᠨᠭᠨᠡᠵᠤ᠂ ᠡᠷᠳᠡᠯᠡᠵᠤ ᠤᠷᠤᠢᠯᠠᠨ ᠠᠵᠢᠯᠯᠠᠭᠰᠠᠨ ᠡᠴᠡ ᠢᠷᠡᠬᠦ ᠵᠤᠴᠢᠳ ᠠᠭᠠᠵᠢᠮ ᠢ᠋ᠢᠡᠷ ᠤᠯᠠᠰᠢᠷᠠᠵᠠᠢ᠃ ᠲᠡᠬᠡᠬᠦ ᠳ᠋ᠤ ᠤᠷᠤᠢ ᠪᠦᠷᠤᠢ ᠪᠡᠷ ᠫᠢᠸᠤ᠋ ᠢ᠋ᠢᠨ ᠦᠷᠦᠬᠡ ᠳ᠋ᠤᠨᠢ ᠢᠷᠡᠭᠰᠡᠨ ᠵᠤᠴᠢᠳ ᠬᠠᠯᠠᠭᠤᠨ ᠪᠦᠯᠢᠶᠡᠡ ᠶᠠᠭᠤᠮ᠎ᠠ ᠤᠭᠤᠴᠢᠬᠤ ᠰᠠᠨᠠᠭ᠎ᠠ ᠲᠠᠢ ᠪᠤᠯᠪᠠᠴᠦ ᠲᠡᠳᠡᠨ ᠤ᠋ ᠳ᠋ᠤ᠌ ᠰᠢᠷᠡᠬᠡᠨ ᠳ᠋ᠤ᠌ ᠭᠠᠷᠭᠠᠴᠢᠬᠠᠮᠠᠷ ᠶᠠᠭᠤᠮ᠎ᠠ ᠪᠠᠢᠭᠰᠠᠨ ᠦᠬᠡᠢ᠃ ᠲᠡᠬᠡᠬᠡᠳ ᠪᠤᠯᠤᠳ ᠬᠦᠢᠳᠡᠨ ᠤᠷᠤᠢ ᠬᠠᠯᠠᠭᠤᠨ ᠬᠤᠭᠤᠯᠠ ᠯᠡ ᠠᠵᠠ ᠵᠢᠷᠭᠠᠯ ᠢ᠋ ᠮᠡᠳᠡᠷᠡᠬᠦᠯᠳᠡᠭ ᠬᠡᠮᠡᠨ ᠦᠬᠡᠷ ᠤ᠋ᠨ ᠮᠢᠬᠠᠨ ᠱᠦᠯᠦ ᠲᠠᠢ ᠭᠤᠯᠢᠷ ᠭᠠᠷᠭᠠᠬᠤ ᠪᠡᠷ ᠪᠤᠯᠵᠤ᠂ ᠲᠠᠨᠢᠳᠠᠭ ᠡᠬᠡᠴᠢ ᠪᠡᠷ ᠢ᠋ᠢᠡᠨ ᠱᠦᠯᠦ ᠢ᠋ᠢ ᠨᠢ ᠲᠤᠬᠢᠷᠠᠭᠤᠯᠤᠨ ᠬᠤᠭᠤᠯᠠᠨ ᠰᠢᠷᠡᠬᠡᠨ ᠳ᠋ᠤ᠌ ᠭᠠᠷᠭᠠᠭᠰᠠᠨ ᠳ᠋ᠤ᠌ ᠬᠠᠷᠢᠨ ᠤᠯᠠᠨ ᠤ᠋ ᠬᠦᠷᠢᠶᠡᠯᠡᠯ ᠢ᠋ ᠶᠡᠬᠡᠳᠡ ᠤᠯᠵᠤ᠂ ᠠᠭᠠᠵᠢᠮ ᠳ᠋ᠠᠭᠠᠨ 《ᠺᠠᠢ ᠰᠠ ᠫᠢᠸᠤ᠋ ᠢ᠋ᠢᠨ ᠦᠷᠦᠬᠡ 》 ᠨᠢ 《ᠺᠠᠢ ᠰᠠ ᠦᠬᠡᠷ ᠤ᠋ᠨ ᠮᠢᠬᠠᠨ ᠱᠦᠯᠦ ᠲᠠᠢ ᠭᠤᠯᠢᠷ》 ᠤ᠋ᠨ ᠬᠤᠭᠤᠯᠠᠨ ᠬᠡᠷ ᠪᠤᠯᠵᠤ ᠬᠤᠪᠢᠷᠠᠪᠠ᠃
ᠠᠵᠢᠯᠴᠢ ᠬᠦᠮᠦᠨ ᠳ᠋ᠤ ᠠᠯᠤᠰ ᠤ᠋ᠨ ᠦᠢᠯᠡᠰ ᠤᠢᠷᠠᠬᠠᠨ ᠪᠠᠢᠳᠠᠭ᠃ ᠪᠤᠯᠤᠳ ᠤ᠋ᠨ ᠤᠢᠭ᠎ᠠ ᠦᠬᠡᠢ ᠵᠢᠳᠬᠦᠯ ᠴᠢᠷᠮᠠᠢᠯᠭ᠎ᠠ ᠪᠡᠷ ᠠᠷᠠᠯᠵᠢᠶ᠎ᠡ ᠮᠠᠢᠮᠠᠢ ᠨᠢ ᠠᠶᠠᠨᠳᠠᠭᠠᠨ ᠦᠬᠡᠳᠡ ᠲᠠᠢ ᠪᠤᠯᠵᠤ᠂ 2019 ᠤᠨ ᠳ᠋ᠤ᠌ ᠲᠡᠷᠡ ᠬᠤᠶᠠᠳᠤᠭᠠᠷ ᠬᠤᠭᠤᠯᠠᠨ ᠬᠡᠷ ᠢ᠋ᠢᠡᠨ ᠨᠡᠬᠡᠬᠡᠪᠡ᠃ ᠦᠬᠡᠷ ᠤ᠋ᠨ ᠮᠢᠬᠠᠨ ᠱᠦᠯᠦ ᠲᠠᠢ ᠭᠤᠯᠢᠷ ᠤ᠋ᠨ ᠠᠮᠳᠠ ᠰᠢᠮᠳᠡ ᠨᠢ ᠭᠤᠤᠯᠳᠠᠭᠤ ᠮᠢᠬᠠᠨ ᠲᠡᠬᠡᠷ᠎ᠡ ᠪᠠᠢᠳᠠᠭ ᠡᠴᠡ ᠪᠤᠯᠤᠳ ᠪᠠᠷᠠᠭᠤᠨ ᠦᠵᠦᠮᠦᠴᠢᠨ ᠡᠴᠡ ᠲᠤᠰᠬᠠᠢ ᠦᠬᠡᠷ ᠤ᠋ᠨ ᠴᠤᠷᠤᠢ ᠢ᠋ᠢᠨ ᠬᠡᠰᠡᠭ ᠤ᠋ᠨ ᠮᠢᠬ᠎ᠡ ᠢ᠋ᠢ ᠤᠷᠤᠭᠤᠯᠵᠤ᠂ ᠮᠢᠬᠠᠨ ᠤ᠋ ᠴᠢᠨᠠᠷ ᠴᠢᠨᠰᠠᠭ᠎ᠠ ᠢ᠋ᠢ ᠪᠠᠳᠤᠯᠠᠭᠰᠠᠨ ᠢ᠋ᠢᠡᠷ ᠵᠤᠴᠢᠳ ᠰᠢᠷᠡᠬᠡ ᠲᠦᠬᠦᠷᠡᠨᠭ ᠰᠠᠭᠤᠬᠤ ᠪᠤᠯᠵᠤ᠂ ᠵᠠᠷᠢᠮ ᠨᠢᠬᠡ ᠨᠢ ᠭᠠᠳᠠᠨ᠎ᠠ ᠲᠡᠷᠬᠡᠨ ᠳ᠋ᠡᠭᠡᠨ ᠰᠠᠭᠤᠵᠤ ᠤᠷᠤ ᠭᠠᠷᠬᠤ ᠢ᠋ᠢ ᠬᠦᠯᠢᠶᠡᠳᠡᠭ ᠪᠤᠯᠤᠭᠰᠠᠨ ᠠᠵᠢ᠃ ᠢᠨᠭᠬᠢᠬᠡᠳ ᠪᠤᠯᠤᠳ ᠬᠤᠭᠤᠯᠠᠨ ᠬᠡᠷ ᠤ᠋ᠨ ᠢ᠋ᠢᠡᠨ ᠲᠦᠷᠢᠶᠡᠰᠤᠨ ᠮᠦᠨᠭᠬᠦ ᠢ᠋ᠢ ᠡᠳᠤᠷ ᠢ᠋ᠢᠡᠷ ᠦᠭᠳᠡᠭ ᠪᠠᠢᠭᠰᠠᠨ ᠡᠴᠡ ᠪᠡᠨ ᠰᠠᠷ᠎ᠡ ᠪᠡᠷ ᠦᠭᠴᠦ᠂ ᠰᠠᠷ᠎ᠡ ᠪᠡᠷ ᠦᠭᠳᠡᠭ ᠪᠠᠢᠭᠰᠠᠨ ᠡᠴᠡ ᠪᠡᠨ ᠵᠢᠯ ᠶ᠋ᠢᠡᠷ ᠦᠭᠬᠦ ᠪᠤᠯᠵᠤ ᠂ ᠬᠤᠶᠠᠷᠬᠠᠨ ᠵᠢᠯ ᠤ᠋ᠨ ᠲᠤᠳᠤᠷ᠎ᠠ ᠪᠠᠢᠳᠠᠭ ᠦᠷᠢ ᠰᠢᠷᠢ ᠪᠡᠨ ᠴᠦ᠍ ᠪᠦᠬᠦᠨ ᠢ᠋ ᠲᠦᠯᠦᠵᠤ ᠲᠠᠭᠤᠰᠬᠠᠪᠠ᠃

ᠬᠤᠭᠤᠯᠠᠨ ᠭᠡᠷ ᠤ᠋ᠨ ᠨᠢᠭᠡ ᠦᠨᠴᠦᠭ
ᠪᠤᠯᠤᠳ ᠠᠷᠠᠯᠵᠢᠶ᠎ᠡ ᠮᠠᠢᠮᠠᠢ ᠪᠡᠨ ᠦᠷᠬᠡᠳᠬᠡᠨ ᠵᠠᠬᠡ ᠲᠡᠯᠬᠡᠬᠦᠷ ᠲᠦ᠍ ᠤᠷᠤᠨ ᠵᠠᠢ ᠪᠡᠨ ᠤᠯᠬᠤ ᠢ᠋ᠢᠨ ᠲᠦᠯᠦᠬᠡ 2021 ᠤᠨ ᠳ᠋ᠤ᠌ ᠭᠤᠷᠪᠠᠳᠤᠭᠠᠷ ᠬᠤᠭᠤᠯᠠᠨ ᠬᠡᠷ ᠢ᠋ᠢᠡᠨ ᠨᠡᠬᠡᠬᠡᠵᠤ᠂ 《ᠢ ᠮᠢᠶᠠᠨ ᠺᠠᠢ ᠰᠠ 》 ᠬᠡᠰᠡᠨ ᠲᠠᠸᠠᠷ ᠤ᠋ᠨ ᠲᠡᠮᠳᠡᠭ ᠢ᠋ᠢᠡᠨ ᠲᠠᠨᠭᠰᠠᠯᠠᠭᠤᠯᠬᠤ ᠵᠢᠨ ᠬᠠᠮᠳᠤ ᠰᠢᠨ᠎ᠡ ᠢ᠋ᠢ ᠰᠦᠪᠡᠭᠴᠢᠯᠡᠨ ᠬᠤᠭᠤᠯᠠ ᠵᠠᠭᠤᠰᠢ ᠵᠢᠨ ᠲᠦᠷᠦᠯ ᠵᠤᠢᠯ ᠵᠢᠡᠨ ᠨᠡᠮᠡᠭᠳᠡᠬᠦᠯᠦᠭᠰᠡᠨ ᠡᠴᠡ ᠲᠤᠭᠳᠠᠮᠠᠯ ᠵᠤᠴᠢᠳ ᠲᠠᠢ ᠪᠤᠯᠵᠤ ᠬᠦᠭᠵᠢᠨ᠂ ᠤᠳᠤ ᠡᠳᠤᠷ ᠤ᠋ᠨ 100 ᠭᠠᠷᠤᠢ ᠠᠶᠠᠭ᠎ᠠ ᠭᠤᠯᠢᠷ ᠬᠤᠭᠤᠯᠠ ᠬᠢᠵᠤ᠂ 1 ᠬᠤᠭᠤᠯᠠᠨ ᠬᠡᠷ ᠤ᠋ᠨ ᠵᠢᠯ ᠤ᠋ᠨ ᠡᠵᠡᠨᠭᠨᠡᠯᠳᠡ ᠢ᠋ᠢᠨ ᠤᠷᠤᠯᠭ᠎ᠠ ᠨᠢ 20 — 30 ᠲᠦᠮᠡᠨ ᠲᠦᠬᠦᠷᠢᠭ ᠲᠦ᠍ ᠬᠦᠷᠴᠦ ᠪᠠᠢᠨ᠎ᠠ᠃
ᠤᠳᠤ 《ᠺᠠᠢ ᠰᠠ 》 ᠬᠡᠪᠡᠯ ᠬᠦᠬᠡᠬᠤᠳᠡ ᠢ᠋ᠢᠨ ᠴᠦᠬᠡᠨ ᠪᠤᠰᠤ ᠬᠦᠮᠦᠰ ᠮᠢᠬ᠎ᠠ ᠵᠢ ᠪᠦᠳᠦᠬᠦᠨ ᠪᠦᠳᠦᠬᠦᠨ ᠵᠢᠡᠷ ᠬᠦᠰᠭᠦᠯᠡᠴᠢᠬᠡᠭᠰᠡᠨ ᠰᠠᠢᠬᠠᠨ ᠱᠦᠯᠦ ᠲᠠᠢ ᠭᠤᠯᠢᠷ ᠬᠡᠵᠤ ᠮᠡᠳᠡᠴᠢᠬᠡᠨ᠎ᠡ᠃ 《ᠺᠠᠢ ᠰᠠ ᠦᠬᠡᠷ ᠤ᠋ᠨ ᠮᠢᠬᠠᠨ ᠱᠦᠯᠦ ᠲᠠᠢ ᠭᠤᠯᠢᠷ 》 ᠤ᠋ᠨ ᠨᠡᠷ᠎ᠡ ᠨᠦᠯᠦᠬᠡ ᠨᠡᠮᠡᠭᠳᠡᠬᠦ ᠢ᠋ᠢ ᠲᠠᠭᠠᠯᠳᠤᠨ ᠬᠤᠷᠰᠢᠨ ᠡᠵᠡᠩᠨᠡᠬᠦ ᠪᠤᠳᠤᠯ ᠲᠠᠢ ᠬᠦᠮᠦᠨ ᠴᠦ᠍ ᠤᠯᠠᠨ ᠪᠤᠯᠵᠤ᠂ ᠤᠷᠳᠤᠰ ᠬᠤᠳᠠ ᠢ᠋ᠢᠨ ᠦᠤᠰᠢᠨ ᠬᠤᠰᠢᠭᠤ ᠪᠡᠷ ᠨᠤᠳᠤᠭᠳᠡᠢ ᠨᠢᠬᠡᠨ ᠵᠠᠯᠠᠭᠤ ᠬᠤᠭᠤᠯᠠᠨ ᠬᠡᠷ ᠲᠤᠨᠢ ᠠᠵᠢᠯ ᠬᠢᠬᠦ ᠪᠡᠷ ᠢᠷᠡᠬᠡᠳ ᠤᠷᠳᠤᠰ ᠲᠦ᠍ ᠪᠠᠰᠠ ᠡᠢᠮᠤ ᠦᠬᠡᠷ ᠤ᠋ᠨ ᠮᠢᠬᠠᠨ ᠱᠦᠯᠦ ᠲᠠᠢ ᠭᠤᠯᠢᠷ ᠬᠢᠬᠦ ᠪᠤᠳᠤᠯ ᠢ᠋ᠢᠡᠨ ᠴᠤᠬᠤᠢᠯᠭᠠᠬᠤ ᠳ᠋ᠤ ᠪᠤᠯᠤᠳ ᠲᠡᠬᠦᠨ ᠢ᠋ ᠬᠤᠭᠤᠯᠠᠨ ᠬᠡᠷ ᠲᠡᠬᠡᠨ 3 ᠰᠠᠷ᠎ᠡ ᠠᠵᠢᠯᠯᠠᠭᠤᠯᠤᠨ᠂ ᠪᠦᠬᠦ ᠶᠠᠭᠤᠮ᠎ᠡ ᠢ᠋ᠢ ᠵᠢᠭᠠᠨ ᠦᠭᠴᠤ᠂ ᠬᠤᠭᠤᠯᠠᠨ ᠬᠡᠷ ᠤ᠋ᠨ ᠠᠵᠢᠯ ᠳ᠋ᠤ᠌ ᠵᠤᠬᠢᠬᠤ ᠲᠤᠷᠰᠢᠯᠭ᠎ᠠ ᠲᠠᠢ ᠪᠤᠯᠤᠮᠠᠭᠴᠠ 2023 ᠤᠨ ᠳ᠋ᠤ᠌ ᠦᠤᠰᠢᠨ ᠬᠤᠰᠢᠭᠤᠨ ᠳ᠋ᠤ᠌ 5 ᠰᠢᠷᠡᠬᠡ ᠲᠠᠢ 《ᠺᠠᠢ ᠰᠠ ᠦᠬᠡᠷ ᠤ᠋ᠨ ᠮᠢᠬᠠᠨ ᠱᠦᠯᠦ ᠲᠠᠢ ᠭᠤᠯᠢᠷ 》 ᠤ᠋ᠨ ᠬᠤᠷᠰᠢᠭᠰᠠᠨ ᠬᠤᠭᠤᠯᠠᠨ ᠬᠡᠷ ᠨᠡᠬᠡᠬᠡᠵᠤ᠂ ᠠᠷᠠᠯᠵᠢᠶ᠎ᠡ ᠮᠠᠢᠮᠠᠢ ᠨᠢ ᠰᠠᠢᠨ ᠪᠤᠯᠤᠭᠠᠳ ᠢᠷᠡᠬᠦ ᠳ᠋ᠤ᠌ 2025 ᠤᠨ ᠳ᠋ᠤ᠌ ᠶᠡᠬᠡᠰᠬᠡᠬᠡᠳ ᠲᠤᠮᠤ ᠬᠤᠭᠤᠯᠠᠨ ᠬᠡᠷ ᠪᠤᠯᠭᠠᠵᠡᠢ᠃ ᠡᠢᠨ ᠬᠦ᠌ 《ᠺᠠᠢ ᠰᠠ ᠦᠬᠡᠷ ᠤ᠋ᠨ ᠮᠢᠬᠠᠨ ᠱᠦᠯᠤ ᠲᠠᠢ ᠭᠤᠯᠢᠷ》 ᠤ᠋ᠨ ᠦᠨᠤᠷ ᠠᠮᠳᠠ ᠬᠦᠬᠡᠬᠤᠳᠡ ᠡᠴᠡ ᠤᠨᠳᠤᠤ ᠭᠠᠵᠠᠷ ᠲᠤ᠌ ᠴᠦ᠍ ᠬᠠᠨᠭᠬᠤᠯᠬᠤ ᠪᠤᠯᠵᠠᠢ᠃ 《ᠡᠷᠢᠶᠡᠨ ᠬᠤᠳᠠ ᠳ᠋ᠤ᠌ ᠦᠬᠡᠷ ᠤ᠋ᠨ ᠮᠢᠬᠠᠨ ᠱᠦᠯᠤ ᠲᠠᠢ ᠭᠤᠯᠢᠷ ᠤ᠋ᠨ ᠬᠤᠭᠤᠯᠠᠨ ᠬᠡᠷ ᠨᠡᠬᠡᠬᠡᠬᠦ ᠪᠡᠷ ᠪᠡᠯᠡᠳᠬᠡᠵᠤ ᠪᠠᠢᠨ᠎ᠡ᠂ ᠲᠠᠷᠠᠭᠠᠴᠢ ᠪᠡᠷ ᠨᠡᠨᠭ ᠠᠷᠪᠢᠨ ᠭᠠᠵᠠᠷ ᠲᠦ᠍ ᠬᠤᠭᠤᠯᠠᠨ ᠬᠡᠷ ᠨᠡᠬᠡᠬᠡᠵᠤ᠂ ᠨᠡᠩ ᠤᠯᠠᠨ ᠬᠦᠮᠦᠨ ᠳ᠋ᠤ᠌ ᠮᠠᠨ ᠤ᠋ ᠦᠬᠡᠷ ᠤ᠋ᠨ ᠮᠢᠬᠠᠨ ᠱᠦᠯᠤ ᠲᠠᠢ ᠭᠤᠯᠢᠷ ᠢ᠋ᠢᠡᠨ ᠠᠮᠳᠠᠯᠠᠭᠤᠯᠤᠨᠡ》 ᠬᠡᠵᠤ ᠪᠤᠯᠤᠳ ᠬᠤᠢᠰᠢᠳᠡ ᠢ᠋ᠢᠨ ᠲᠦᠯᠦᠪᠯᠡᠬᠡ ᠪᠡᠨ ᠶᠠᠷᠢᠬᠤ ᠳ᠋ᠤ᠌ ᠢᠳᠡᠬᠡᠯ ᠲᠦᠬᠦᠷᠡᠨᠭ ᠪᠠᠢᠯᠡ᠃
ᠪᠠᠷᠢᠮᠳᠠᠯᠠᠯ ᠪᠤᠯ ᠲᠤᠮᠤ ᠢᠯᠡᠯᠳᠡ ᠮᠦᠨ᠃ 《 ᠺᠠᠢ ᠰᠠ ᠦᠬᠡᠷ ᠤ᠋ᠨ ᠮᠢᠬᠠᠨ ᠱᠦᠯᠤ ᠲᠠᠢ ᠭᠤᠯᠢᠷ 》 ᠤ᠋ᠨ ᠠᠨᠭᠬᠠᠨ ᠤ᠋ ᠬᠤᠭᠤᠯᠠᠨ ᠬᠡᠷ ᠢ᠋ ᠨᠡᠬᠡᠬᠡᠳ ᠨᠢᠬᠡᠨᠳᠡ 8 ᠵᠢᠯ ᠤ᠋ᠨ ᠨᠢᠭᠤᠷ ᠦᠵᠡᠵᠤ ᠪᠤᠢ᠃ 8 ᠵᠢᠯ ᠤ᠋ᠨ ᠲᠤᠷᠰᠢ᠂ ᠪᠤᠯᠤᠳ ᠦᠨᠡᠨᠴᠢ ᠢᠳᠡᠭᠡᠯ᠂ ᠬᠠᠯᠠᠭᠤᠮᠰᠤᠭ ᠤᠢᠯᠡᠴᠢᠯᠡᠬᠡ ᠪᠠ ᠦᠨᠤᠷ ᠠᠮᠳᠠ ᠢ᠋ᠢ ᠴᠢᠩᠭ᠎ᠠ ᠪᠠᠷᠢᠮᠳᠠᠯᠠᠵᠤ ᠢᠷᠡᠵᠠᠢ᠃ ᠡᠨᠡ ᠨᠢ ᠮᠦᠨ ᠴᠦ᠍ ᠲᠡᠳᠡᠨ ᠤ᠋ ᠬᠤᠭᠤᠯᠠᠨ ᠬᠡᠷ ᠲᠦ᠍ ᠬᠡᠢᠴᠢᠨ ᠲᠦᠬᠦᠷᠡᠨᠭ ᠪᠠᠢᠬᠤ ᠢ᠋ᠢᠨ ᠤᠴᠢᠷ ᠰᠢᠯᠳᠠᠭᠠᠨ ᠪᠤᠯᠤᠭᠰᠠᠨ ᠶᠤᠮ᠃
ᠬᠦᠰᠡᠯ ᠵᠤᠷᠢᠯᠳᠡ ᠢ᠋ᠢᠨ ᠢ᠋ᠢᠡᠨ ᠲᠦᠯᠦᠬᠡ ᠬᠦᠴᠢᠷ ᠢ᠋ ᠰᠦᠷᠦᠨ ᠪᠡᠷᠬᠡ ᠢ᠋ᠢ ᠲᠤᠭᠤᠯᠤᠨ ᠴᠤᠴᠠᠯᠳᠡ ᠦᠬᠡᠢ ᠤᠷᠤᠭᠰᠢᠯᠠᠬᠤ ᠰᠠᠢᠬᠠᠨ᠃ ᠲᠦᠴᠢ ᠢ᠋ᠢᠨ ᠲᠦᠷᠦᠬᠡ ᠢ᠋ᠢ ᠰᠢᠬᠦᠷᠴᠤ ᠶᠠᠪᠤᠭ᠎ᠠ ᠪᠤᠯᠤᠳ ᠬᠦᠰᠡᠭᠰᠡᠨ ᠳ᠋ᠡᠬᠡᠨ ᠬᠦᠷᠬᠦ ᠢ᠋ᠢᠨ ᠲᠦᠯᠦᠬᠡ ᠠᠷᠢᠭᠤᠨ ᠬᠦᠳᠡᠯᠮᠤᠷᠢ ᠪᠡᠷ ᠢ᠋ᠢᠡᠨ ᠤᠢᠯᠡᠰ ᠢ᠋ᠢᠡᠨ ᠴᠤᠭᠴᠠᠯᠠᠵᠤ᠂ ᠲᠡᠰᠪᠤᠷᠢ ᠲᠡᠪᠴᠢᠶᠡᠷᠢ ᠪᠡᠷ ᠬᠦᠴᠢᠷ ᠪᠡᠷᠬᠡᠰᠢᠶᠡᠯ ᠢ᠋ ᠢᠯᠠᠨ ᠲᠠᠪᠠᠵᠤ᠂ ᠠᠯᠳᠠᠭ᠎ᠠ ᠤᠨᠤᠭ᠎ᠠ ᠪᠡᠨ ᠲᠤᠨᠭᠭᠠᠨ᠂ ᠠᠮᠢᠳᠤᠷᠡᠯ ᠤ᠋ᠨ ᠬᠠᠳᠠᠭᠤ ᠲᠠᠪᠠᠭ᠎ᠠ ᠢ᠋ᠢ ᠲᠤᠭᠤᠯᠵᠤ᠂ ᠠᠵᠢᠯ ᠤᠢᠯᠡᠰ ᠢ᠋ᠢᠡᠨ ᠬᠢᠯᠠᠷᠠᠳᠡᠯᠠ ᠬᠢᠵᠤ ᠶᠠᠪᠤᠨ᠎ᠡ᠃ 《ᠤᠷᠤᠯᠳᠤᠯᠭ᠎ᠠ ᠰᠠᠢᠳᠤ ᠤᠷᠤᠢ ᠳ᠋ᠤᠨᠢ ᠭᠠᠷᠤᠨ᠎ᠡ 》 ᠬᠡᠭᠴᠢ ᠪᠡᠷ ᠪᠤᠯᠤᠳ ᠦᠷᠯᠦᠬᠡ ᠢ᠋ᠢᠨ ᠨᠠᠷᠡᠨ ᠡᠴᠡ ᠦᠳᠡᠰᠢ ᠢ᠋ᠢᠨ ᠪᠦᠷᠦᠢ ᠪᠤᠯᠳᠠᠯ᠎ᠡ ᠲᠤᠰᠠᠭᠠᠷ ᠡᠵᠡᠩᠨᠡᠭᠰᠡᠨ 3 ᠬᠤᠭᠤᠯᠠᠨ ᠬᠡᠷ ᠤ᠋ᠨ ᠢ᠋ᠢᠡᠨ ᠬᠤᠭᠤᠷᠤᠨᠳᠤ ᠪᠤᠷᠪᠢ ᠪᠤᠬᠢᠰᠭᠢᠯ ᠦᠬᠡᠢ ᠶᠠᠭᠠᠷᠠᠨ᠎ᠠ ᠁