32 ᠲᠦᠮᠡᠨ ᠾᠧᠺᠲ᠋ᠠᠷ᠎ᠤᠨ ᠰᠢᠭᠤᠢᠳᠤ ᠤᠷᠤᠨ ᠬᠢᠭᠡᠳ 30 ᠵᠢᠯ᠎ᠤᠨ ᠰᠠᠬᠢᠨ ᠬᠠᠮᠠᠭᠠᠯᠠᠯᠳᠠ
2026-03-16 11:56:38
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠭᠴᠢ ᠵᠢᠨ ᠦᠭᠡ ᠄ ᠥᠪᠥᠷ ᠮᠣᠩᠭᠣᠯ ᠤᠢ ᠰᠢᠭᠤᠢ ᠪᠠ ᠨᠤᠳᠤᠭ ᠪᠡᠯᠴᠢᠭᠡᠷ ᠢ᠋ ᠬᠠᠮᠢᠶᠠᠷᠴᠤ ᠬᠠᠮᠠᠭᠠᠯᠠᠬᠤ ᠲᠣᠭᠲᠠᠴᠠ ᠳ᠋ᠤ᠌ ᠰᠢᠨ᠎ᠡ ᠵᠢ ᠡᠭᠦᠳᠬᠦ ᠵᠢ ᠴᠢᠩᠭᠠᠳᠬᠠᠵᠤ᠂ ᠤᠷᠲᠤ ᠬᠤᠭᠤᠴᠠᠭᠠᠨ ᠤ᠋ ᠦᠷ᠎ᠡ ᠪᠦᠲᠦᠮᠵᠢᠲᠡᠢ᠂ ᠵᠢᠷᠤᠮᠵᠢᠭᠰᠡᠨ ᠬᠠᠮᠢᠶᠠᠷᠤᠯᠲᠠ ᠬᠠᠮᠠᠭᠠᠯᠠᠯᠲᠠ ᠵᠢᠨ ᠵᠠᠭᠪᠤᠷ ᠢ᠋ ᠪᠠᠢᠭᠤᠯᠤᠨ ᠲᠡᠭᠦᠯᠳᠡᠷᠵᠢᠭᠦᠯᠵᠦ ᠂ 700 ᠭᠠᠷᠤᠢ  ᠰᠤᠮᠤ ᠰᠢᠶᠠᠡᠭ ᠪᠠᠯᠭᠠᠰᠤᠨ᠎ᠳᠤ ᠤᠢ ᠰᠢᠭᠤᠢ ᠪᠠ ᠨᠤᠳᠤᠭ ᠪᠠᠯᠴᠢᠭᠡᠷ᠎ᠤᠨ  ᠠᠵᠢᠯ᠎ᠤᠨ ᠦᠷᠳᠡᠭᠡ ᠪᠠᠢᠭᠤᠯᠵᠤ᠂ 4.68 ᠲᠦᠮᠡᠨ ᠣᠢ ᠬᠠᠮᠠᠭᠠᠯᠠᠭᠴᠢ ᠪᠠ ᠪᠡᠯᠴᠢᠭᠡᠷ ᠬᠠᠮᠠᠭᠠᠯᠠᠭᠴᠢ ᠵᠢ ᠤᠷᠢᠨ ᠬᠡᠷᠡᠭᠯᠡᠨ ᠬᠠᠮᠢᠶᠠᠷᠤᠯᠲᠠ ᠬᠠᠮᠠᠭᠠᠯᠠᠯᠲᠠ ᠵᠢᠨ ᠳᠤᠤᠷ ᠢ᠋ ᠰᠦᠯᠵᠢᠵᠤ᠂ ᠤᠢ ᠰᠢᠭᠤᠢ ᠪᠠ ᠨᠤᠲᠤᠭ ᠪᠡᠯᠴᠢᠭᠡᠷ ᠤ᠋ᠨ ᠬᠠᠮᠢᠶᠠᠷᠤᠯᠲᠠ ᠬᠠᠮᠠᠭᠠᠯᠠᠯᠲᠠ ᠵᠢᠨ 《ᠬᠠᠮᠤᠭ ᠡᠴᠦᠰ  ᠤ᠋ᠨ ᠨᠢᠭᠡ ᠺᠢᠯᠣᠮᠧᠲ᠋ᠷ 》 ᠢ᠋ ᠨᠡᠪᠲᠡᠷᠡᠭᠦᠯᠵᠠᠢ᠃

ᠦᠨᠤᠳᠤᠷ ᠡᠴᠡ ᠡᠬᠢᠯᠡᠵᠤ 《ᠠᠮᠢ ᠠᠬᠤᠢ ᠤᠷᠴᠢᠨ ᠳᠤᠭᠤᠷᠢᠨ》ᠳᠤᠰᠬᠠᠢ ᠬᠡᠪᠯᠡᠯ  《ᠤᠢ ᠬᠠᠮᠠᠭᠠᠯᠠᠭᠴᠢ ᠵᠢᠨ ᠦᠯᠢᠭᠡᠷ》 ᠪᠤᠯᠤᠩ ᠨᠡᠭᠡᠭᠡᠵᠤ᠂ ᠦᠪᠦᠷ ᠮᠤᠩᠭᠤᠯ ᠤ᠋ᠨ ᠠᠮᠢ ᠠᠬᠤᠢ ᠤᠷᠴᠢᠨ ᠳᠤᠭᠤᠷᠢᠨ ᠤ᠋ ᠬᠠᠮᠠᠭᠠᠯᠠᠯᠳᠠ᠎ᠳᠤ ᠬᠦᠴᠤᠨ ᠴᠢᠳᠠᠯ᠎ᠵᠢᠡᠨ ᠨᠠᠮᠠᠷᠢᠯᠡᠵᠤ ᠪᠦᠬᠦᠢ ᠦᠷᠭᠡᠨ ᠤᠯᠠᠨ ᠤᠢ ᠬᠠᠮᠠᠭᠠᠯᠠᠭᠴᠢ ᠪᠠ ᠪᠡᠯᠴᠢᠭᠡᠷ ᠬᠠᠮᠠᠭᠠᠯᠠᠭᠴᠢ ᠎ᠵᠢᠨ ᠦᠢᠯᠡ ᠠᠵᠢᠯᠯᠠᠭ᠎ᠠ ᠵᠢᠳᠭᠦᠯ ᠴᠢᠷᠮᠠᠢᠯᠭ᠎ᠠ ᠵᠢ ᠳᠡᠮᠳᠡᠭᠯᠡᠨ᠂ ᠦᠪᠤᠷ ᠮᠤᠡᠭᠭᠤᠯ᠎ᠤᠨ ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠳᠠ ᠵᠠᠰᠠᠯᠳᠠ᠎ᠵᠢᠨ ᠲᠠᠯ᠎ᠠ ᠪᠠᠷ ᠬᠢ ᠠᠷᠭ᠎ᠠ ᠳᠤᠷᠰᠢᠯᠭ᠎ᠠ ᠬᠢᠭᠡᠳ ᠠᠮᠵᠢᠯᠳᠠ ᠪᠦᠳᠤᠮᠵᠢ᠎ᠵᠢ ᠤᠩᠰᠢᠬᠴᠢ ᠤᠯᠠᠨ᠎ᠤ ᠪᠠᠨ ᠬᠠᠷᠠᠭᠠᠨ᠎ᠳᠤ ᠲᠤᠳᠤᠷᠠᠭᠤᠯᠬᠤ ᠪᠤᠯᠤᠨ᠎ᠠ᠃ ᠠᠡᠭᠬᠠᠷᠤᠨ ᠤᠡᠭᠰᠢᠮᠤ!



ᠬᠠᠪᠤᠷ ᠤ᠋ᠨ ᠡᠬᠢᠨ᠎ᠡ᠂ ᠬᠦᠯᠦᠨ ᠪᠤᠢᠷ ᠬᠤᠳᠠ ᠵᠢᠨ ᠶᠠᠭᠰᠢ ᠬᠤᠳᠠ ᠵᠢᠨ ᠬᠡᠰᠡᠭ ᠲᠡᠬᠢ ᠶᠡᠭᠡ ᠬᠢᠩᠭᠠᠨ ᠳᠠᠪᠠᠭ᠎ᠠ ᠵᠢᠨ ᠠᠭᠯᠠᠭ ᠤᠢ ᠵᠢᠨ ᠵᠠᠷᠢᠮ ᠭᠠᠵᠠᠷ ᠨᠢ ᠡᠪᠤᠯ ᠤ᠋ᠨ ᠴᠠᠰᠤᠨ ᠳ᠋ᠤ ᠳᠠᠷᠤᠭᠳᠠᠭᠰᠠᠨ ᠬᠡᠪ ᠵᠢᠡᠷ ᠵᠢᠡᠨ ᠴᠠᠢᠯᠵᠠᠨ ᠬᠠᠷᠠᠬᠳᠠᠨ᠎ᠠ᠃  ᠠᠭᠤᠯᠠᠨ ᠳ᠋ᠤ ᠭᠠᠷᠬᠤ ᠡᠴᠡ ᠡᠮᠤᠨ᠎ᠠ ᠰᠦᠨ ᠵᠦᠩ ᠴᠢᠤᠸᠠᠨ ᠮᠦᠧᠧ ᠲᠢᠶᠠᠨ ᠯᠢᠩ ᠳᠠᠪᠠᠭ᠎ᠠ ᠵᠢᠨ ᠪᠠᠷᠠᠯᠠᠬᠤ ᠰᠤᠪᠤᠷᠭ᠎ᠠ ᠳ᠋ᠤ ᠭᠠᠷᠴᠤ᠂ ᠬᠦᠢᠲᠡᠨ ᠬᠡᠷᠡᠰᠬᠡ ᠵᠢ ᠲᠦᠰᠢᠨ ᠭᠠᠯ ᠲᠤᠢᠮᠠᠷ᠎ᠤᠨ ᠪᠠᠢᠳᠠᠯ᠎ᠢ ᠨᠠᠷᠢᠨ ᠨᠢᠮᠪᠠᠢ ᠲᠤᠷᠠᠨᠳᠠᠵᠤ ᠪᠠᠢᠴᠠᠭᠠᠪᠠ᠃ ᠡᠢᠨ ᠬᠦ᠌ ᠰᠢᠭᠤᠢᠳᠤ ᠤᠷᠤᠨ᠎ᠵᠢᠡᠨ ᠰᠠᠬᠢᠨ ᠬᠠᠮᠠᠭᠠᠯᠠᠬᠤ ᠠᠵᠢᠯ᠎ᠤᠨ ᠹᠷᠤᠨᠲ ᠲᠦ᠍ ᠰᠦᠨ ᠵᠦᠩ ᠴᠢᠤᠸᠠᠨ 30 ᠬᠠᠪᠤᠷ ᠨᠠᠮᠤᠷ ᠮᠠᠷᠡᠢᠨ ᠠᠵᠢᠯᠯᠠᠭᠰᠠᠨ ᠪᠠᠢᠵᠠᠢ᠃


QQ20260316-115534.png




ᠮᠦᠧᠧ ᠲᠢᠶᠠᠨ ᠯᠢᠩ ᠳᠠᠪᠠᠭ᠎ᠠ

ᠰᠢᠨᠬᠤᠸᠠ ᠬᠤᠷᠢᠶ᠎ᠠ ᠵᠢᠨ ᠭᠡᠷᠡᠯ ᠵᠢᠷᠤᠭ 


ᠤᠢ ᠬᠠᠮᠠᠭᠠᠯᠠᠭᠴᠢ ᠪᠤᠯᠪᠠ

ᠮᠦᠧᠧ ᠲᠢᠶᠠᠨ ᠯᠢᠩ ᠳᠠᠪᠠᠭ᠎ᠠ ᠪᠤᠯ ᠶᠠᠭᠰᠢ ᠬᠣᠲᠠ ᠵᠢᠨ ᠴᠤᠸ᠋ᠯ ᠭᠤᠤᠯ ᠤ᠋ᠨ ᠡᠬᠢ ᠪᠠᠯᠭᠠᠰᠤᠨ ᠤ᠋ ᠪᠠᠷᠠᠭᠤᠨ ᠡᠮᠦᠨ᠎ᠡ 40 ᠺᠢᠯᠣᠮᠧᠲ᠋ᠷ ᠤ᠋ᠨ ᠵᠠᠢᠲᠠᠢ ᠭᠠᠵᠠᠷ ᠲᠤ᠌ ᠪᠠᠢᠷᠢᠯᠠᠵᠤ᠂ ᠶᠡᠬᠡ ᠬᠢᠩᠭᠠᠨ ᠳᠠᠪᠠᠭ᠎ᠠ ᠵᠢᠨ ᠡᠮᠦᠨ᠎ᠡ ᠪᠡᠯ ᠤ᠋ᠨ ᠬᠣᠶᠠᠳᠤᠭᠠᠷ ᠣᠷᠭᠢᠯ ᠪᠣᠯᠤᠨ᠎ᠠ᠂ ᠳᠠᠯᠠᠢ ᠵᠢᠨ ᠲᠦᠪᠰᠢᠨ᠎ᠡᠴᠡ 1400 ᠭᠠᠷᠤᠢ ᠮᠧᠲ᠋ᠷ ᠡᠷᠭᠦᠭᠳᠡᠵᠤ᠂ ᠡᠨᠳᠡᠬᠢ ᠠᠭᠤᠯᠠ ᠬᠠᠢᠷᠬᠠᠨ ᠢ᠋ ᠪᠠᠷᠠᠯᠠᠬᠤ ᠬᠠᠮᠤᠭ ᠤ᠋ᠨ ᠰᠠᠢᠨ ᠦᠨᠳᠥᠷ ᠴᠡᠭ ᠪᠣᠯᠤᠨ᠎ᠠ᠃ ᠰᠦᠨ ᠵᠦᠩ ᠴᠢᠤᠸᠠᠨ ᠶᠡᠭᠡ ᠬᠢᠩᠭᠠᠨ ᠳᠠᠪᠠᠭ᠎ᠠ ᠵᠢᠨ ᠮᠦᠧᠧ ᠲᠢᠶᠠᠨ ᠯᠢᠩ ᠳᠠᠪᠠᠭ᠎ᠠ ᠵᠢᠨ ᠪᠠᠷᠠᠯᠠᠬᠤ ᠰᠤᠪᠤᠷᠭ᠎ᠠ ᠪᠡᠷ ᠰᠠᠭᠤᠷᠢ ᠪᠤᠯᠭᠠᠨ᠂ ᠤᠢᠷ᠎ᠠ ᠬᠠᠪᠢ ᠵᠢᠨ 32 ᠲᠦᠮᠡᠨ ᠾᠧᠺᠲ᠋ᠠᠷ ᠰᠢᠭᠤᠢᠳᠤ ᠤᠷᠤᠨ ᠤ᠋ ᠠᠮᠢ ᠠᠬᠤᠢ ᠵᠢᠨ ᠠᠮᠤᠷ ᠲᠦᠪᠰᠢᠨ ᠢ᠋ ᠬᠠᠮᠠᠭᠠᠯᠠᠬᠤ ᠡᠭᠦᠷᠭᠡ ᠵᠢ ᠬᠠᠷᠢᠭᠤᠴᠠᠵᠤ ᠢᠷᠠᠵᠠᠢ᠃

1987 ᠣᠨ ᠳ᠋ᠤ᠌ ᠰᠦᠨ ᠵᠦᠩ ᠴᠢᠤᠸᠠᠨ ᠣᠢ ᠰᠢᠭᠤᠢ ᠵᠢᠨ ᠲᠠᠯᠠᠪᠠᠢ ᠳ᠋ᠤ᠌ ᠢᠷᠠᠵᠤ ᠠᠵᠢᠯᠯᠠᠪᠠ᠃ ᠲᠤᠬᠠᠢ᠎ᠵᠢᠨ ᠦᠶ᠎ᠡ ᠵᠢᠨ ᠰᠢᠭᠤᠢᠳᠤ ᠤᠷᠤᠨ᠎ᠵᠢᠡᠷ ᠮᠠᠰᠢᠨ ᠬᠢᠷᠥᠭᠡ ᠵᠢᠨ ᠲᠠᠭᠤᠨ ᠬᠦᠡᠭᠬᠢᠨᠡᠵᠤ᠂ ᠠᠷᠢᠶᠠᠳᠠᠨ ᠬᠦᠷᠦᠭᠡᠰᠤ ᠰᠤᠴᠢᠰᠬᠢᠨ ᠳᠤᠳᠠᠭᠠᠵᠤ᠂ ᠤᠯᠠᠨ ᠰᠢᠪᠠᠭᠤᠳ ᠨᠠᠳᠬᠤᠨ ᠨᠢᠰᠴᠤ ᠪᠠᠢᠭᠰᠠᠨ ᠠᠵᠢ᠃

ᠮᠤᠳᠤ᠎ᠵᠢ ᠬᠢᠷᠤᠭᠡᠳᠠᠵᠤ ᠲᠡᠷᠭᠡ ᠲᠠᠷᠭᠡ ᠭᠠᠳᠠᠭᠰᠢ ᠲᠡᠭᠡᠭᠡᠪᠤᠷᠢᠯᠡᠬᠦᠶ᠎ᠠ᠂ ᠠᠭᠤᠯᠠᠨ᠎ᠤ ᠤᠢ ᠮᠤᠳᠤ ᠴᠦᠭᠡᠷᠡᠵᠤ᠂  ᠠᠷᠢᠶᠠᠳᠠᠨ ᠵᠢᠬᠦᠷᠳᠠᠨ ᠪᠠᠭᠠᠰᠴᠤ᠂ ᠰᠠᠯᠬᠢ ᠰᠢᠭᠤᠷᠭᠠᠨ ᠰᠢᠷᠦᠭᠦᠰᠴᠦ᠂ ᠭᠤᠤᠯ ᠭᠣᠷᠣᠬ᠎ᠠ ᠎ᠵᠢᠨ ᠤᠰᠤᠨ ᠬᠠᠳᠠᠵᠤ᠂ ᠠᠮᠢ ᠠᠬᠤᠢ ᠤᠷᠴᠢᠨ ᠲᠤᠭᠤᠷᠢᠨ ᠠᠭᠠᠵᠢᠮ᠎ᠵᠢᠡᠷ ᠡᠪᠳᠡᠭᠳᠡᠵᠤ ᠡᠬᠢᠯᠡᠪᠠ᠂ 《ᠶᠠᠷᠤ ᠨᠢ ᠠᠭᠤᠯᠠᠨ᠎ᠤ ᠮᠤᠳᠤ᠎ᠭᠡᠵᠤ ᠤᠭᠳᠤᠯᠤᠭᠠᠳ ᠪᠠᠷᠠᠰᠢ ᠦᠭᠡᠢ ᠡᠬᠢ ᠪᠠᠶᠠᠯᠢᠭ ᠭᠡᠵᠤ ᠪᠤᠳᠤᠵᠤ ᠪᠠᠢᠭᠰᠠᠨ ᠰᠢᠤ》 ᠭᠡᠵᠦ ᠲᠡᠷᠡ ᠡᠷᠬᠢᠴᠡᠬᠦᠯᠤᠨ ᠭᠡᠯᠡᠨ᠎ᠠ᠃

1996 ᠣᠨ ᠳ᠋ᠤ᠌ ᠲᠡᠷᠡ ᠮᠦᠧᠧ ᠲᠢᠶᠠᠨ ᠯᠢᠩ ᠳᠠᠪᠠᠭ᠎ᠠ ᠵᠢᠨ ᠪᠠᠷᠠᠯᠠᠬᠤ ᠥᠷᠲᠡᠭᠡ ᠳ᠋ᠦ᠍ ᠠᠵᠢᠯ ᠰᠢᠯᠵᠢᠵᠤ᠂ ᠲᠤᠬᠠᠢ᠎ᠵᠢᠨ ᠵᠢᠯ ᠤ᠋ᠨ ᠬᠠᠪᠤᠷ ᠂ ᠲᠡᠷᠡ 《ᠮᠣᠳᠣ ᠣᠭᠲᠣᠯᠤᠭᠴᠢ 》 ᠪᠠᠢᠭᠰᠠᠨ ᠡᠴᠡ ᠪᠡᠨ 《 ᠣᠢ ᠬᠠᠮᠠᠭᠠᠯᠠᠭᠴᠢ 》 ᠪᠤᠯᠤᠭᠰᠠᠨ ᠶᠤᠮ᠃ 《ᠲᠤᠬᠠᠢ᠎ᠵᠢᠨ ᠦᠶ᠎ᠡ ᠳ᠋ᠦ᠍ ᠠᠮᠢ ᠠᠬᠤᠢ ᠵᠢᠨ ᠳᠤᠬᠠᠢ ᠳᠠᠨᠢᠯᠳᠠ ᠠᠨᠠᠢ᠂ ᠤᠳᠤᠷᠢᠳᠤᠯᠭ᠎ᠠ ᠎ᠵᠢᠨ〈ᠤᠢ ᠮᠤᠳᠤ ᠎ᠵᠢ ᠰᠠᠬᠢᠨ ᠬᠠᠮᠠᠭᠠᠯᠠᠬᠤ ᠭᠡᠷᠡᠭᠳᠡᠢ〉 ᠭᠡᠰᠡᠨ ᠵᠠᠬᠢᠶ᠎ᠠ ᠪᠠᠷ ᠤᠳᠤ ᠪᠤᠯᠳᠠᠯ᠎ᠠ ᠰᠠᠬᠢᠵᠤ ᠰᠠᠭᠤᠭᠰᠠᠨ ᠪᠠᠢᠨ᠎ᠠ》  ᠭᠡᠵᠦ ᠲᠡᠷᠡ ᠢᠨᠢᠶᠠᠮᠰᠦᠭᠯᠡᠨ ᠭᠡᠯᠡᠨ᠎ᠠ᠃

ᠠᠭᠤᠯᠠᠠ᠎ᠳᠤ ᠰᠠᠭᠤᠵᠤ ᠤᠢ ᠮᠤᠳᠤ ᠪᠠᠨ ᠰᠠᠬᠢᠵᠤ ᠰᠠᠭᠤᠭᠰᠠᠨ ᠲᠦᠷᠦᠭᠦᠦ ᠬᠡᠳᠦᠨ ᠵᠢᠯ ᠡᠳᠦᠷᠵᠢᠨ ᠰᠦᠨᠢᠵᠢᠨ ᠰᠠᠯᠬᠢ ᠲᠠᠢ ᠨᠠᠢᠵᠠᠯᠠᠵᠤ ᠪᠠᠢᠬᠰᠠᠨ ᠰᠢᠤ᠃ ᠲᠡᠭᠡᠭᠡᠳ ᠯᠠ ᠰᠠᠯᠬᠢ᠎ᠵᠢ ᠨᠠᠮᠳᠠᠭᠠᠵᠤ ᠠᠮᠢ ᠠᠬᠤᠢ ᠤᠷᠴᠢᠨ ᠲᠤᠭᠤᠷᠢᠨ᠎ᠵᠢᠡᠨ ᠬᠠᠮᠠᠭᠠᠯᠠᠬᠤ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠬᠦ᠎ᠳᠤ ᠮᠠᠬᠠᠷᠠᠨ ᠵᠢᠳᠬᠦᠵᠤ᠂ ᠤᠳᠤ  ᠬᠠᠷᠢᠨ ᠠᠮᠢ ᠠᠬᠤᠢ᠎ᠵᠢᠨ ᠰᠡᠷᠭᠦᠯᠳᠡ ᠵᠢᠨ ᠭᠡᠷᠡᠴᠢᠯᠡᠭᠴᠢ ᠪᠤᠯᠤᠭᠰᠠᠨ ᠪᠠᠢᠪᠠ᠃

ᠭᠠᠯ ᠲᠤᠢᠮᠠᠷ᠎ᠢ ᠰᠡᠷᠭᠡᠢᠯᠡᠪᠠ

ᠮᠦᠧᠧ ᠲᠢᠶᠠᠨ ᠯᠢᠩ ᠳᠠᠪᠠᠭ᠎ᠠ ᠵᠢᠨ ᠭᠠᠯ ᠲᠦᠢᠮᠡᠷ ᠤ᠋ᠨ ᠠᠶᠤᠯ ᠢ᠋ ᠰᠡᠷᠭᠡᠢᠯᠡᠬᠦ ᠬᠤᠭᠤᠴᠠᠭ᠎ᠠ ᠤᠷᠳᠤ᠂ ᠨᠠᠢᠳᠠ  7 ᠰᠠᠷ᠎ᠠ ᠎ᠵᠢᠨ ᠬᠤᠭᠤᠴᠠᠭ᠎ᠠ ᠲᠠᠢ ᠶᠠᠪᠤᠭᠳᠠᠳᠠᠭ᠃ ᠵᠢᠯ ᠪᠦᠷᠢ ᠵᠢᠨ 4 ᠰᠠᠷ᠎ᠠ ᠳ᠋ᠤ᠌ ᠰᠦᠨ ᠵᠦᠩ ᠴᠢᠤᠸᠠᠨ ᠠᠭᠤᠯᠠᠨ ᠳ᠋ᠤ᠌ ᠭᠠᠷᠴᠤ᠂ 10 ᠰᠠᠷ᠎ᠠ ᠳ᠋ᠤ᠌ ᠠᠭᠤᠯᠠᠨ ᠡᠴᠡ ᠪᠠᠭᠤᠳᠠᠭ᠃ ᠠᠴᠢᠶᠠᠨ ᠤ᠋ ᠮᠠᠰᠢᠨ᠎ᠤ ᠵᠢᠯᠤᠭᠤᠴᠢ ᠠᠮᠤ ᠬᠦᠨᠡᠰᠤ᠂ ᠨᠡᠭᠦᠷᠡᠰᠦᠨ ᠲᠣᠰᠣ᠂ ᠳᠠᠪᠤᠰᠤᠯᠠᠭᠰᠠᠨ ᠨᠣᠭᠣᠭ᠎ᠠ ᠵᠡᠷᠭᠡ᠎ᠵᠢ ᠠᠴᠢᠵᠤ ᠠᠭᠤᠯᠠᠨ ᠬᠣᠷᠮᠣᠢ ᠳ᠋ᠤ ᠬᠦᠷᠭᠡᠵᠤ ᠦᠭᠪᠠᠯ᠂ ᠵᠠᠯᠭᠠᠭᠠᠳ ᠲᠠᠷᠠ ᠠᠭᠤᠯᠠᠨ ᠤᠷᠤᠢ ᠳ᠋ᠤ ᠡᠭᠦᠷᠴᠤ ᠭᠠᠷᠭᠠᠳᠠᠭ᠃ ᠭᠠᠭᠴᠠ ᠬᠦᠮᠤᠨ᠎ᠤ ᠠᠮᠢᠳᠤᠷᠠᠯ ᠤᠢᠳᠬᠠᠷ ᠲᠠᠢ ᠭᠡᠳᠡᠭ ᠪᠤᠯᠪᠠᠴᠤ ᠲᠠᠷᠠ ᠤᠢ ᠮᠤᠳᠤ ᠲᠠᠢ ᠪᠠᠨ ᠬᠠᠨᠢᠯᠠᠵᠤ ᠰᠡᠳᠬᠢᠯ ᠰᠠᠨᠠᠭ᠎ᠠ ᠪᠠᠨ ᠰᠡᠷᠬᠦᠭᠡᠨ᠂ 7 ᠰᠠᠷ᠎ᠠ ᠎ᠵᠢᠨ ᠤᠷᠳᠤ ᠴᠠᠭ᠎ᠵᠢᠡᠨ ᠦᠩᠭᠡᠷᠡᠭᠦᠯᠳᠡᠭ᠃

ᠪᠠᠷᠠᠯᠠᠬᠤ ᠥᠷᠲᠡᠭᠡ ᠳ᠋ᠤ ᠪᠠᠢᠷᠢᠯᠠᠭ᠎ᠠ ᠮᠣᠳᠣᠨ ᠭᠡᠷ  ᠨᠢ ᠳᠡᠭᠦᠨ ᠤ᠋ ᠬᠤᠨᠤᠵᠤ ᠬᠡᠪᠳᠡᠭᠦ ᠭᠠᠵᠠᠷ ᠪᠠᠢᠵᠠᠢ᠃ ᠡᠪᠦᠯ ᠳ᠋ᠤ ᠰᠠᠯᠬᠢ ᠨᠡᠪᠲᠡᠷᠡᠨ᠂ ᠵᠤᠨ ᠳ᠋ᠤ ᠪᠣᠷᠣᠭᠠᠨ ᠭᠣᠭᠣᠵᠢᠳᠠᠭ᠃ ᠬᠦᠢᠳᠡᠨ ᠤ᠋ ᠴᠠᠭ ᠲᠦ᠍ ᠭᠠᠯ ᠤᠨᠲᠠᠷᠠᠮᠠᠭᠴᠠ ᠭᠡᠷ ᠳᠣᠲᠣᠷ᠎ᠠ ᠳᠠᠷᠤᠢᠬᠠᠨ ᠬᠦᠢᠳᠡᠷᠡᠴᠢᠬᠡᠳᠡᠭ᠃ ᠬᠠᠪᠤᠷ ᠰᠠᠶᠢ ᠠᠭᠤᠯᠠᠨ ᠳ᠋ᠤ᠌ ᠭᠠᠷᠬᠤ ᠳ᠋ᠤ᠌ ᠭᠡᠷ ᠳᠣᠲᠣᠷ᠎ᠠ ᠨᠢ ᠦᠨᠴᠦᠭ ᠪᠤᠯᠤᠩ ᠦᠭᠡᠢ ᠬᠢᠷᠠᠭᠤ ᠵᠤᠵᠠᠭᠠᠷᠠᠵᠤ ᠂ ᠬᠠᠨᠵᠤ ᠨᠢ ᠴᠦ᠍ ᠴᠢᠬᠢᠳᠡᠵᠤ ᠭᠠᠯ ᠨᠤᠴᠤᠬᠤ ᠦᠭᠡᠢ ᠵᠤᠪᠠᠭᠠᠳᠠᠭ ᠨᠢ ᠭᠡᠷᠡᠭ᠃

ᠲᠡᠷᠡ ᠦᠶ᠎ᠡ ᠳ᠋ᠦ᠍ ᠠᠭᠤᠯᠠᠨ ᠳ᠋ᠤ᠌ ᠴᠠᠬᠢᠯᠭᠠᠨ᠂ ᠢᠨᠲ᠋ᠧᠷ ᠰᠦᠯᠵᠢᠶ᠎ᠡ ᠦᠭᠡᠢ᠃ ᠪᠤᠷᠤᠭᠠᠨ ᠤ᠋ ᠤᠰᠤ ᠵᠢ ᠲᠣᠰᠴᠤ᠂ ᠰᠦᠨᠢ ᠦᠨᠵᠢᠨ ᠳᠤᠩᠭᠠᠵᠤ ᠬᠡᠷᠡᠭᠯᠡᠳᠡᠭ᠃ ᠳᠠᠪᠤᠰᠤ᠂ ᠴᠦᠢᠳ᠋ᠠᠩ ᠵᠡᠷᠭᠡ ᠵᠢ ᠨᠠᠷᠢᠨ ᠳᠤᠭᠠᠴᠠᠭ᠎ᠠ ᠬᠢᠵᠤ ᠠᠷᠪᠢᠯᠠᠨ ᠬᠡᠷᠡᠭᠯᠡᠳᠡᠭ᠃

ᠥᠷᠯᠥᠭᠡ ᠵᠢᠨ ᠬᠣᠭᠣᠯᠠᠨ ᠤ᠋ ᠳᠠᠷᠠᠭ᠎ᠠ ᠳᠡᠷᠡ ᠨᠢᠭᠡ ᠡᠳᠦᠷ ᠤ᠋ᠨ ᠠᠵᠢᠯ ᠵᠢᠡᠨ ᠡᠬᠢᠯᠡᠭᠦᠯᠳᠡᠭ᠂ ᠲᠠᠷᠤᠢ ᠪᠠᠷᠠᠯᠠᠬᠤ ᠰᠤᠪᠤᠷᠭ᠎ᠠ᠎ᠳᠤ ᠭᠠᠷᠤᠨ᠎ᠠ᠂ ᠪᠠᠢᠴᠠᠭᠠᠨ ᠰᠢᠨᠵᠢᠨ᠎ᠡ᠂  ᠲᠡᠮᠳᠡᠭᠯᠡᠯ ᠬᠢᠨ᠎ᠡ᠃ ᠲᠡᠷᠡ ᠶᠡᠷᠦ ᠨᠢ ᠵᠢᠵᠢᠭ ᠲᠡᠪᠳᠡᠷ ᠲᠡᠭᠡᠨ ᠡᠳᠦᠷ ᠪᠦᠷᠢ ᠵᠢᠨ ᠴᠠᠭ ᠠᠭᠤᠷ ᠤ᠋ᠨ ᠪᠠᠢᠳᠠᠯ ᠪᠠ ᠰᠠᠯᠬᠢᠨ ᠤ᠋ ᠴᠢᠭᠯᠡᠯ ᠢ᠋ ᠲᠡᠮᠳᠡᠭᠯᠡᠳᠡᠭ᠃ 30 ᠵᠢᠯ ᠤ᠋ᠨ ᠲᠤᠷᠰᠢᠳᠠ᠎ᠵᠢᠨ ᠲᠠᠬᠦᠨ᠎ᠤ ᠲᠠᠮᠳᠡᠭᠯᠡᠯ᠎ᠤᠨ ᠲᠠᠪᠳᠠᠷ ᠨᠢ ᠰᠠᠭᠤᠭ᠎ᠠ ᠭᠡᠷ᠎ᠲᠦᠨᠢ ᠲᠦᠬᠦᠷᠠᠡᠭ ᠲᠠᠯᠪᠢᠭᠠᠰᠤᠳᠠᠢ᠃

ᠭᠠᠯ ᠲᠤᠢᠮᠠᠷ ᠰᠡᠷᠭᠡᠢᠯᠡᠬᠦ ᠬᠠᠮᠤᠭ ᠤ᠋ᠨ ᠪᠠᠴᠢᠮ ᠴᠠᠭ ᠪᠣᠯ ᠲᠠᠪᠤᠨ ᠰᠠᠷ᠎ᠠ᠎ᠵᠢᠨ ᠨᠢᠭᠡᠨ ᠦ᠌  ᠠᠮᠠᠷᠠᠯᠳᠠ᠎ᠵᠢᠨ ᠤᠷᠢᠳ ᠬᠤᠵᠢᠳ ᠪᠣᠯᠬᠤ ᠶᠤᠮ᠃ ᠬᠠᠪᠤᠷ ᠤ᠋ᠨ ᠰᠠᠯᠬᠢ ᠭᠠᠩ ᠬᠠᠭᠤᠷᠠᠢ ᠮᠦᠷᠳᠡᠭᠡᠨ ᠵᠢᠭᠤᠯᠴᠢᠯᠠᠭᠰᠠᠳ ᠴᠤ᠌ ᠣᠯᠠᠨᠳᠠᠢ ᠪᠠᠢᠳᠠᠭ᠎ᠤᠨ ᠬᠤᠢᠨ᠎ᠠ᠂ ᠲᠡᠷᠡ ᠦᠷ ᠴᠠᠢᠬᠤ ᠡᠴᠡ ᠡᠮᠦᠨ᠎ᠡ ᠪᠠᠷᠠᠯᠠᠬᠤ ᠰᠤᠪᠤᠷᠭ᠎ᠠ ᠳ᠋ᠤ᠌ ᠠᠪᠠᠷᠢᠨ ᠭᠠᠷᠴᠦ᠂  ᠪᠦᠬᠦᠯᠢ ᠡᠳᠦᠷ ᠵᠢᠡᠷ ᠰᠠᠬᠢᠨ ᠪᠠᠷᠠᠯᠠᠳᠠᠭ᠃ 《ᠨᠢᠳᠤ ᠨᠢ ᠣᠢ ᠰᠢᠭᠤᠢ ᠡᠴᠡ ᠰᠠᠯᠵᠤ ᠪᠣᠯᠬᠤ ᠦᠭᠡᠢ ᠰᠢᠦ᠂ ᠪᠠᠭᠠᠬᠠᠨ ᠰᠠᠯᠭᠠᠳᠠᠪᠠᠯ ᠬᠡᠷᠡᠭ ᠭᠠᠷᠴᠤ ᠮᠡᠳᠡᠨ᠎ᠡ 》 ᠭᠡᠵᠦ ᠲᠡᠷᠡ ᠮᠦᠷᠦᠨ ᠳ᠋ᠡᠬᠢ ᠬᠦᠨᠳᠤ ᠬᠠᠷᠢᠭᠤᠴᠠᠯᠭ᠎ᠠ ᠪᠠᠨ ᠲᠤᠳᠤᠷᠠᠭᠤᠯᠤᠨ᠎ᠠ ᠃

ᠨᠢᠭᠡᠨ ᠵᠤᠨ᠂ ᠬᠣᠢᠲᠤ ᠬᠥᠲᠥᠯ ᠳ᠋ᠤᠨᠢ ᠤᠲᠤᠭ᠎ᠠ ᠰᠤᠭᠤᠨᠠᠭᠯᠠᠬᠤ᠎ᠳᠤ ᠲᠠᠷᠠ ᠠᠪᠤᠨ ᠲᠤᠤᠷ᠎ᠠ ᠨᠢ ᠬᠠᠮᠢᠶ᠎ᠠ ᠪᠦᠬᠦᠢ ᠰᠠᠯᠠᠭ᠎ᠠ ᠮᠦᠴᠢᠷ ᠲᠦ᠍ ᠮᠠᠳᠠᠬᠦᠯᠤᠯᠳᠠ ᠬᠢᠪᠠ᠃ ᠭᠠᠯ ᠰᠡᠷᠭᠡᠢᠯᠡᠵᠤ ᠭᠠᠯ ᠤᠨᠲᠠᠷᠠᠭᠠᠬᠤ ᠠᠩᠭᠢ᠎ᠵᠢᠨ ᠬᠢᠨ ᠲᠠᠷᠤᠢ᠎ᠳᠤᠨᠢ ᠬᠦᠷᠤᠯᠴᠠᠨ ᠢᠷᠡᠵᠤ ᠪᠠᠢᠴᠠᠭᠠᠯᠳᠠ ᠬᠢᠪᠠ᠂ ᠬᠠᠷᠢᠨ ᠠᠶᠤᠩᠭ᠎ᠠ ᠨᠢᠷᠭᠡᠭᠰᠡᠨ ᠡᠴᠡ ᠪᠤᠯᠵᠤ ᠭᠠᠯ ᠭᠠᠷᠤᠭᠰᠠᠨ ᠪᠠᠢᠪᠠ᠃ 《10 ᠮᠢᠨᠦ᠋ᠲ ᠬᠤᠵᠢᠮᠳᠠᠭᠠᠳ ᠰᠠᠯᠬᠢ ᠰᠠᠯᠬᠢᠯᠠᠭᠰᠠᠨ ᠪᠤᠯ ᠶᠡᠭᠡ ᠲᠦᠢᠮᠡᠷ ᠪᠤᠯᠵᠤ ᠮᠡᠳᠡᠨ᠎ᠡ 》 ᠭᠡᠵᠦ ᠭᠠᠯ ᠤᠨᠳᠠᠷᠠᠭᠠᠭᠴᠢ ᠭᠡᠯᠡᠨ᠎ᠠ᠃

ᠨᠤᠮᠢᠨ ᠲᠤᠯᠬᠢᠶ᠎ᠠ ᠬᠠᠶᠠᠯᠠᠪᠠ

2015 ᠣᠨ ᠳ᠋ᠤ᠌ ᠮᠤᠳᠤ ᠤᠭᠳᠤᠯᠬᠤ ᠵᠢ ᠵᠣᠭᠰᠣᠭᠠᠭᠰᠠᠨ ᠤ᠋ ᠳᠠᠷᠠᠭ᠎ᠠ᠂ ᠮᠦᠧᠧ ᠲᠢᠶᠡᠨ ᠯᠢᠩ ᠳᠠᠪᠠᠭ᠎ᠠ ᠳ᠋ᠤ ᠮᠠᠰᠢᠨ ᠬᠢᠷᠦᠭᠡ ᠵᠢᠨ ᠳᠠᠭᠤᠨ ᠳᠠᠰᠤ ᠠᠷᠢᠯᠵᠤ᠂ ᠴᠡᠭᠡᠯᠭᠡᠨ ᠳᠤᠩᠭᠤᠳᠬᠤ ᠰᠢᠪᠠᠭᠤᠳ ᠤ᠋ᠨ ᠵᠢᠷᠭᠢᠭᠡ ᠤᠯᠠᠰᠢᠷᠠᠪᠠ᠃ ᠳᠠᠷᠠᠭ᠎ᠠ ᠵᠢᠯ ᠤ᠋ᠨ ᠬᠢᠨᠢ ᠬᠠᠪᠤᠷ᠂ ᠰᠦᠨ ᠵᠦᠩ ᠴᠢᠤᠸᠠᠨ ᠤᠭᠳᠤᠯᠵᠤ ᠬᠣᠭᠣᠰᠣᠷᠠᠭᠰᠠᠨ ᠬᠡᠰᠡᠭ ᠤᠢ ᠵᠢᠨ ᠭᠠᠵᠠᠷ ᠲᠤ᠌ ᠬᠦᠷᠦᠰᠤ ᠵᠢ ᠳᠠᠷᠤᠭᠰᠠᠨ ᠨᠠᠷᠠᠰᠤᠨ ᠴᠢᠬᠢ ᠴᠤᠬᠤᠢᠨ ᠰᠠᠯᠬᠢᠨ ᠤ᠋ ᠠᠶ᠎ᠠ ᠪᠡᠷ ᠳᠡᠷᠪᠡᠬᠦ ᠵᠢ ᠣᠯᠵᠤ ᠬᠠᠷᠠᠭᠰᠠᠨ ᠳᠡᠭᠦᠨ ᠤ᠋ ᠪᠠᠶᠠᠷᠯᠠᠭᠰᠠᠨ ᠰᠡᠳᠬᠢᠯ ᠢ᠋ ᠬᠡᠷᠬᠢᠨ ᠦᠭᠦᠯᠡᠭᠦ ᠠᠵᠢ᠃ 《ᠮᠣᠳᠣ ᠥᠪᠡᠷ ᠵᠢᠡᠨ ᠤᠷᠭᠤᠭᠰᠠᠨ ᠰᠢᠦ !》 ᠭᠡᠳ ᠳᠡᠷᠡ ᠳᠤᠭᠳᠤᠯᠤᠨ ᠭᠡᠯᠡᠨ᠎ᠠ᠃

ᠪᠠᠰᠠ ᠬᠡᠳᠦᠨ ᠵᠢᠯ ᠥᠩᠭᠡᠷᠡᠭᠰᠡᠨ ᠤ᠋ ᠳᠠᠷᠠᠭ᠎ᠠ ᠂ ᠠᠭᠤᠯᠠᠨ ᠳ᠋ᠤ ᠬᠦᠷ ᠬᠥᠭᠵᠢᠶᠡᠨ ᠪᠢᠯᠬᠠᠪᠠ᠃ ᠨᠢᠭᠡᠨ ᠬᠣᠣᠰ ᠤᠭᠤᠳᠤᠨ᠎ᠠ ᠳᠡᠭᠦᠨ ᠤ᠋ ᠬᠦᠷᠢᠶ᠎ᠡ ᠳ᠋ᠤ ᠡᠭᠦᠷᠯᠡᠵᠤ᠂ ᠴᠢᠯᠠᠭᠤᠨ ᠵᠠᠪᠰᠠᠷ ᠵᠢᠡᠷ ᠰᠢᠷᠭᠤᠯᠠᠨ ᠣᠷᠣᠵᠤ ᠭᠠᠷᠬᠤ ᠨᠢ ᠨᠢᠭᠡᠨ ᠬᠤᠪᠢ ᠵᠢᠨ ᠪᠠᠶᠠᠰᠤᠯ ᠨᠡᠮᠡᠪᠡ ; ᠰᠢᠯᠦᠭᠦᠰᠦ ᠦᠷᠭᠦᠯᠵᠢ ᠢᠷᠡᠵᠤ᠂ ᠠᠩᠬ᠎ᠠ ᠡᠬᠢᠨ ᠳ᠋ᠡᠭᠡᠨ ᠬᠣᠯᠠ ᠵᠢᠨ ᠬᠠᠳᠠᠨ ᠳᠡᠭᠡᠷ᠎ᠡ ᠣᠴᠣᠢᠨ ᠰᠠᠭᠤᠵᠤ ᠪᠠᠢᠭᠰᠠᠨ ᠵᠢᠠᠨ ᠰᠡᠭᠦᠯᠳᠡᠵᠤ ᠢᠷᠡᠭᠡᠳ ᠲᠡᠭᠦᠨ ᠤ᠋ ᠬᠠᠵᠠᠭᠤ ᠪᠠᠷ ᠨᠢ ᠨᠣᠢᠷᠮᠤᠭᠯᠠᠬᠤ ᠪᠤᠯᠪᠠ᠃

ᠠᠮᠢ ᠠᠬᠤᠢ ᠰᠡᠷᠭᠦᠭᠦ ᠵᠢ ᠳᠠᠭᠠᠯᠳᠤᠨ ᠤᠢ ᠮᠤᠳᠤ ᠨᠢ ᠬᠦᠭᠡᠷᠡᠨ ᠨᠤᠭᠤᠭᠠᠷᠠᠵᠤ᠂ ᠭᠤᠤᠯ ᠭᠣᠷᠣᠬ᠎ᠠ ᠵᠢᠨ ᠤᠰᠤᠨ ᠭᠤᠷᠴᠢᠬᠢᠨᠡᠨ᠂ ᠡᠷᠪᠡᠭᠡᠢ ᠨᠢᠰᠴᠤ᠂ ᠰᠢᠪᠠᠭᠤᠳ ᠵᠢᠷᠬᠢᠨ᠂ ᠦᠡᠭᠭᠡ᠎ᠵᠢᠨ ᠴᠡᠴᠡᠭ ᠲᠠᠯᠭᠡᠷᠠᠨ᠂  ᠨᠠᠷᠠᠰᠤᠨ ᠣᠢ ᠡᠴᠡ ᠳᠠᠪᠠᠷᠬᠠᠢ ᠵᠢᠨ ᠴᠢᠭᠢᠭᠯᠢᠭ ᠦᠨᠦᠷ ᠦᠨᠤᠷᠯᠡᠭᠳᠡᠬᠦ ᠪᠤᠯᠵᠠᠢ᠃

ᠲᠡᠷᠡ ᠪᠠᠷᠠᠯᠠᠬᠤ ᠰᠤᠪᠤᠷᠭ᠎ᠠ ᠵᠢᠨ ᠣᠷᠣᠢ ᠳᠡᠭᠡᠷ᠎ᠡ ᠰᠠᠭᠤᠵᠤ᠂  ᠤᠢ ᠰᠢᠭᠤᠢ ᠵᠢᠨ ᠳᠡᠭᠡᠬᠦᠷ ᠬᠦᠪᠦᠨ ᠰᠢᠯᠵᠢᠬᠦ ᠡᠭᠦᠯᠡᠨ ᠰᠡᠭᠦᠳᠡᠷ ᠢ᠋ ᠬᠠᠷᠠᠭᠠᠳ᠂ ᠲᠡᠬᠦᠨ᠎ᠤ ᠰᠡᠳᠬᠢᠯ ᠰᠠᠨᠠᠭ᠎ᠠ ᠨᠢ ᠪᠠᠶᠠᠰᠴᠤ᠂  ᠣᠢ ᠰᠢᠭᠤᠢ ᠵᠢᠨ ᠠᠯᠢ ᠵᠢᠯᠠᠭ᠎ᠠ ᠨᠢ ᠤᠯᠠᠨ ᠮᠠᠨᠠᠨᠳᠠᠬᠤ᠂ ᠠᠯᠢ ᠬᠥᠲᠥᠯ ᠨᠢ ᠠᠮᠠᠷᠬᠠᠨ ᠭᠠᠩᠳᠠᠬᠤ᠂ ᠠᠯᠢ ᠬᠡᠰᠡᠭ ᠣᠢ ᠨᠢ ᠰᠠᠯᠬᠢᠨ ᠤ᠋ ᠠᠮᠠ ᠪᠤᠯᠬᠤ ᠵᠡᠷᠭᠡ ᠵᠢ ᠨᠢᠮᠪᠠᠢ ᠠᠵᠢᠭᠯᠠᠨ ᠳᠡᠮᠳᠡᠭᠯᠡᠵᠤ ᠡᠬᠢᠯᠡᠪᠡ᠃ ᠲᠡᠷᠡ ᠡᠳᠡᠭᠡᠷ ᠲᠤᠷᠰᠢᠯᠭ᠎ᠠ ᠪᠠᠷ ᠵᠢᠡᠨ ᠭᠠᠯ ᠲᠤᠢᠮᠠᠷ ᠤ᠋ᠨ ᠠᠶᠤᠯ ᠢ᠋ ᠮᠠᠭᠠᠳᠯᠠᠨ᠂ ᠰᠠᠯᠬᠢᠨ ᠤ᠋ ᠴᠢᠭᠯᠡᠯ ᠳ᠋ᠤ ᠵᠠᠳᠠᠯᠤᠯᠳᠠ ᠬᠢᠵᠤ᠂ ᠭᠠᠯ ᠲᠤᠢᠮᠠᠷ᠎ᠤᠨ ᠠᠶᠤᠯ᠎ᠢ ᠴᠠᠭ ᠲᠤᠬᠠᠢ᠎ᠳᠤᠨᠢ ᠰᠡᠷᠭᠡᠢᠯᠡᠯᠳᠠ ᠬᠢᠪᠠ᠃

《ᠠᠭᠤᠯᠠ ᠴᠦ᠍ ᠬᠥᠮᠦᠨ ᠲᠡᠢ ᠠᠳᠠᠯᠢ ᠵᠠᠩ ᠠᠪᠤᠷᠢ ᠲᠠᠢ ᠶᠤᠮ᠂ ᠤᠳᠠᠭᠠᠨ ᠰᠠᠬᠢᠭᠰᠠᠨ ᠤ᠋ ᠤᠴᠢᠷ ᠬᠡᠵᠢᠶ᠎ᠡ 〈 ᠠᠭᠤᠷ ᠬᠦᠳᠡᠯᠤᠨ ᠭᠠᠯ ᠭᠠᠷᠴᠦ ᠮᠡᠳᠡᠭᠦ〉 ᠶ᠋ᠢ ᠳᠠᠭᠠᠵᠤ ᠤᠯᠬᠤ ᠪᠤᠯᠵᠠᠢ》 ᠃ ᠲᠡᠷᠡ ᠨᠢᠭᠡᠨ ᠬᠦᠰᠦᠨᠦᠭᠲᠦ ᠵᠣᠬᠢᠶᠠᠵᠤ᠂ ᠭᠦᠨ ᠭᠦᠢᠬᠡᠨ ᠦᠩᠭᠡ ᠪᠠᠷ ᠥᠩᠭᠡᠯᠡᠨ᠂ ᠴᠠᠢᠪᠤᠷ ᠥᠩᠭᠡ᠎ᠡᠴᠡ ᠭᠦᠨ ᠪᠣᠷᠣ ᠬᠦᠷᠲᠡᠯᠡᠬᠢ ᠳᠡᠰ ᠳᠠᠪᠬᠤᠷᠭ᠎ᠠ ᠵᠢ ᠲᠣᠳᠣᠷᠬᠠᠢᠯᠠᠵᠤ᠂ ᠤᠢ ᠰᠢᠭᠤᠢ ᠵᠢᠨ ᠪᠠᠢᠳᠠᠯ ᠢ᠋ ᠬᠠᠷᠢᠴᠠᠭᠤᠯᠬᠤ ᠳ᠋ᠤ ᠳᠥᠭᠥᠮ ᠪᠣᠯᠭᠠᠵᠠᠢ᠃ 《 ᠤᠲᠤᠭ᠎ᠠ ᠴᠦ᠍ ᠬᠠᠲᠠᠭᠤ ᠵᠥᠭᠡᠯᠡᠨ ᠤ᠋ ᠢᠯᠭᠠᠭ᠎ᠠ ᠲᠠᠢ᠂ ᠥᠩᠭᠡ ᠵᠢᠨ ᠬᠤᠪᠢᠷᠠᠯᠳᠠ ᠪᠡᠷ ᠮᠠᠨᠠᠨ ᠤᠤ᠂ ᠭᠠᠯ ᠤᠤ ᠭᠡᠳᠡᠭ ᠢ᠋ ᠢᠯᠭᠠᠨ ᠭᠠᠷᠳᠠᠭ 》᠃ ᠡᠢᠨ ᠬᠦ᠌ ᠰᠣᠷᠭᠣᠭ ᠴᠢᠨᠠᠷ ᠵᠢᠡᠷ ᠳᠡᠷᠡ ᠬᠡᠳᠦᠨ ᠬᠡᠰᠡᠭ ᠣᠢ ᠵᠢ ᠠᠪᠤᠷᠠᠵᠤ ᠥᠩᠭᠡᠷᠡᠭᠰᠡᠨ ᠶᠦ᠍ᠮ᠃ ᠣᠯᠠᠨ ᠵᠢᠯ ᠤ᠋ᠨ ᠲᠤᠷᠰᠢ᠂ ᠮᠦᠧᠧ ᠲᠢᠶᠡᠨ ᠯᠢᠩ ᠳᠠᠪᠠᠭ᠎ᠠ ᠵᠢᠨ ᠭᠠᠯ ᠲᠦᠢᠮᠡᠷ ᠰᠡᠷᠭᠡᠢᠯᠡᠬᠦ ᠣᠷᠣᠨ ᠳ᠋ᠤ᠌ ᠶᠡᠭᠡ ᠠᠶᠤᠯ  ᠭᠠᠷᠤᠭᠰᠠᠨ ᠦᠭᠡᠢ ᠠᠵᠢ᠃

ᠣᠳᠣ᠂ ᠪᠠᠷᠠᠯᠠᠬᠤ ᠥᠷᠲᠡᠭᠡ᠎ᠳᠤ ᠴᠠᠬᠢᠯᠭᠠᠨ ᠨᠡᠪᠲᠡᠷᠡᠵᠡᠢ᠂ ᠪᠠᠰᠠ ᠢᠨᠲᠧᠷ ᠰᠦᠯᠵᠢᠶ᠎ᠡ ᠲᠡᠢ ᠪᠤᠯᠪᠠ᠃ ᠠᠵᠢᠯ ᠡᠴᠡ ᠪᠠᠨ ᠠᠮᠠᠷᠠᠭᠰᠠᠨ ᠪᠦᠰᠡᠬᠦᠢ ᠨᠢ ᠴᠦ᠍ ᠲᠠᠬᠦᠨ᠎ᠤ ᠬᠠᠵᠠᠭᠤ᠎ᠳᠤ ᠢᠷᠡᠵᠤ ᠬᠠᠨᠢ ᠪᠤᠯᠵᠤ ᠠᠵᠢᠯ ᠠᠮᠢᠳᠤᠷᠠᠯ᠎ᠳᠤᠨᠢ ᠲᠤᠰᠠ ᠲᠠᠮᠵᠢᠯᠭᠡ ᠦᠵᠡᠬᠦᠯᠵᠤ ᠪᠤᠢ᠃

ᠬᠠᠪᠤᠷ ᠤ᠋ᠨ ᠴᠠᠰᠤ ᠬᠠᠢᠯᠤᠨ ᠬᠥᠲᠥᠯ ᠤ᠋ᠨ ᠬᠦᠷᠦᠰᠤ ᠬᠠᠷᠠᠭᠳᠠᠨ᠎ᠠ᠂ ᠵᠤᠨ ᠤ᠋ ᠤᠰᠤᠨ ᠮᠠᠨᠠᠨ ᠳᠡᠭᠳᠡᠵᠤ ᠪᠦᠬᠦ ᠰᠢᠭᠤᠢᠳᠤ ᠤᠷᠤᠨ ᠢ᠋ ᠤᠮᠳᠠᠯᠠᠨ᠎ᠠ᠂ ᠨᠠᠮᠤᠷ ᠤ᠋ᠨ ᠨᠠᠪᠴᠢᠰ ᠪᠦᠵᠢᠵᠤ ᠠᠭᠤᠯᠠᠨ ᠵᠢᠯᠠᠭ᠎ᠠ ᠵᠢ ᠬᠤᠴᠢᠨ᠎ᠠ᠂ ᠡᠪᠦᠯ ᠤ᠋ᠨ ᠴᠠᠰᠤ ᠰᠢᠭᠤᠷᠭ᠎ᠠ ᠳᠤᠭᠰᠢᠷᠠᠵᠤ ᠠᠭᠤᠯᠠ ᠬᠠᠳᠠ ᠵᠢ ᠪᠢᠳᠡᠭᠦᠮᠵᠢᠯᠡᠨ᠎ᠡ᠃ ᠰᠦᠨ ᠵᠦᠩ ᠴᠢᠤᠸᠠᠨ ᠰᠠᠯᠬᠢᠨ ᠤ᠋ ᠴᠢᠭᠯᠡᠯ᠂ ᠴᠢᠭᠢᠭᠲᠦᠴᠡ᠂ ᠰᠢᠪᠠᠭᠤᠨ ᠤ᠋ ᠵᠢᠷᠭᠢᠭᠡ ᠡᠴᠡ ᠠᠭᠤᠷ ᠠᠮᠢᠰᠬᠤᠯ ᠤ᠋ᠨ ᠬᠤᠪᠢᠷᠠᠯᠲᠠ ᠳ᠋ᠤ ᠵᠠᠳᠠᠯᠤᠯᠳᠠ ᠬᠢᠨ᠎ᠠ᠃

30 ᠵᠢᠯ ᠤ᠋ᠨ ᠳᠤᠷᠰᠢ᠂ ᠰᠦᠨ ᠵᠦᠩ ᠴᠢᠤᠸᠠᠨ ᠤᠢ ᠬᠠᠮᠠᠭᠠᠯᠠᠭᠴᠢ ᠎ᠵᠢᠨ ᠡᠬᠦᠷᠭᠡ ᠬᠠᠷᠢᠭᠤᠴᠠᠯᠭ᠎ᠠ ᠪᠠᠨ ᠡᠷᠡᠰ ᠬᠦᠢᠴᠡᠳᠭᠡᠵᠤ᠂ ᠰᠢᠭᠤᠢᠳᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠢ ᠬᠠᠮᠠᠭᠠᠯᠠᠬᠤ ᠪᠠᠷ ᠮᠠᠷᠠᠢᠨ ᠵᠢᠳᠬᠦᠵᠤ᠂ ᠦᠪᠡᠷ᠎ᠤᠨ ᠤᠢ ᠤᠬᠠᠭᠠᠨ ᠬᠦᠴᠤᠨ ᠴᠢᠳᠠᠯ᠎ᠵᠢᠡᠨ ᠨᠠᠮᠠᠷᠢᠯᠡᠭᠰᠠᠭᠡᠷ ᠠᠵᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号