ᠦᠪᠡᠷ ᠵᠢᠠᠨ ᠦᠬᠡᠳᠡ ᠦᠬᠡᠢ ᠪᠤᠯ ᠦᠷᠦᠭᠡᠯ ᠪᠤᠰᠣᠳ ᠬᠡᠲᠦᠢ ᠡᠷᠬᠦᠭᠰᠡᠨ ᠴᠤ᠌ ᠳᠤᠰᠠ ᠦᠬᠡᠢ
2026-03-20 11:11:36
ᠵᠣᠬᠢᠶᠠᠭ᠍ᠴᠢ᠄
​ᠭᠤ·ᠭᠠᠯᠰᠠᠩ
ᠣᠩᠱᠢᠭ᠍ᠰᠠᠨ ᠣᠳᠠᠭ᠎ᠠ᠄
★★★☆☆

ᠰᠢᠨ᠎ᠡ ᠴᠠᠭ ᠦᠶ᠎ᠡ᠎ᠶᠢᠨ ᠬᠥᠭᠵᠢᠯᠲᠡ᠎ᠶᠢᠨ ᠣᠨᠣᠯ ᠪᠠ ᠬᠥᠳᠡᠭᠡ ᠲᠣᠰᠬᠣᠨ᠎ᠢ ᠬᠦᠭᠵᠢᠬᠦᠯᠦᠨ ᠮᠠᠨᠳᠤᠭᠤᠯᠬᠤ ᠲᠦᠷᠦ ᠵᠢᠨ ᠪᠤᠳᠤᠯᠭ᠎ᠠ ᠵᠢᠨ ᠤᠷᠢᠶᠠᠯᠠᠭ᠎ᠠ ᠬᠦᠲᠡᠬᠡ ᠲᠣᠰᠬᠣᠨ ᠮᠠᠯᠵᠢᠬᠤ ᠣᠷᠣᠨ᠎ᠳᠤ ᠪᠥᠬᠥ᠌ ᠲᠠᠯ᠎ᠠ᠎ᠪᠠᠷ ᠴᠤᠤᠷᠢᠶᠠᠲᠤᠮᠠᠭᠴᠠ ᠬᠦᠳᠡᠭᠡ ᠨᠤᠳᠤᠭ᠎ᠢ ᠬᠦᠭᠵᠢᠬᠦᠯᠬᠦ ᠠᠵᠢᠯ᠎ᠤᠨ ᠬᠦᠷᠢᠶ᠎ᠡ ᠬᠡᠪᠴᠢᠶ᠎ᠡ ᠤᠯᠠᠮ᠎ᠢᠶᠠᠷ ᠦᠷᠬᠡᠵᠢᠵᠦ᠍᠂ ᠬᠦᠴᠤᠯᠠᠴᠠ ᠨᠢ ᠴᠤ᠌ ᠮᠡᠳᠡᠭᠳᠡᠮ᠎ᠡ ᠨᠡᠮᠡᠭᠳᠡᠭᠰᠡᠨ ᠪᠠᠶ᠋ᠢᠨ᠎ᠠ᠃

ᠡᠪᠦᠭᠡᠳ ᠨᠠᠰᠤᠲᠠᠳ᠎ᠤᠨ ᠬᠡᠯᠡᠳᠡᠭ ᠰᠢᠭ᠎ᠢᠶᠡᠷ 《ᠥᠪᠡᠷ᠎ᠢᠶᠡᠨ ᠥᠬᠡᠳᠡ ᠥᠬᠡᠶ ᠪᠣᠯ ᠥᠷᠥᠭᠡᠯ ᠪᠤᠰᠤᠳ᠎ᠬᠡᠳᠦᠶ ᠡᠷᠭᠦᠭᠰᠡᠨ ᠴᠦ᠍ ᠳᠤᠰᠠ ᠦᠬᠡᠢ》 ᠭᠡᠭᠴᠢ ᠪᠡᠷ ᠨᠡᠯᠢᠶᠡᠳ ᠬᠡᠳᠦᠨ ᠵᠢᠯ᠎ᠦᠨ ᠡᠮᠤᠨ᠎ᠡ ᠨᠢᠭᠡᠨ ᠨᠠᠮᠤᠷ᠎ᠤᠨ ᠰᠡᠭᠦᠯᠴᠢ᠎ᠪᠠᠢᠬᠰᠠᠠ ᠶᠤᠮ᠃ ᠰᠢᠶᠠᠩᠭᠠᠩ᠎ᠤᠨ ᠨᠢᠭᠡᠨ ᠲᠣᠮᠣ ᠪᠠᠶᠠᠨ ᠮᠠᠨ᠎ᠤ ᠨᠤᠲᠤᠭ᠎ᠤᠨ ᠠᠮᠢᠳᠤᠷᠠᠯ ᠠᠬᠤᠶ ᠬᠦᠴᠢᠷᠳᠡᠯᠲᠡᠶ ᠡᠷᠦᠬᠡ᠎ᠨᠦᠭᠦᠳ᠎ᠲᠦ᠍ ᠶᠡᠬᠡ ᠬᠡᠮᠵᠢᠶᠡᠨ᠎ᠦ ᠰᠢᠲᠠᠭᠠᠬᠤ ᠨᠡᠭᠦᠷᠡᠰᠦ ᠪᠠ ᠪᠤᠳᠠᠭ᠎ᠠ ᠭᠤᠯᠢᠷ ᠬᠦᠷᠭᠡᠨ ᠥᠭᠴᠦ᠍ ᠠᠮᠢᠳᠤᠷᠠᠯ᠎ᠢ ᠨᠢ ᠳᠡᠭᠡᠭᠰᠢ ᠲᠠᠲᠠᠬᠤ ᠭᠡᠵᠦ᠍ ᠲᠤᠰᠠᠯᠠᠪᠠ᠃ ᠭᠡᠲᠡᠯ᠎ᠡ ᠵᠦᠭᠡᠷ ᠰᠠᠭᠤᠵᠤ ᠪᠡᠯᠡᠨ᠎ᠢ ᠢᠳᠡᠵᠦ᠍ ᠰᠣᠷᠣᠭᠰᠠᠨ ᠲᠡᠳᠡᠨ᠎ᠦ ᠳᠣᠲᠣᠷᠠᠬᠢ ᠵᠠᠷᠢᠮ ᠠᠯᠵᠠᠭᠤ ᠵᠠᠯᠬᠠᠭᠤ ᠡᠷᠦᠬᠡ ᠨᠢ ᠵᠢᠪᠡᠷᠡᠬᠦ᠌ ᠦᠭᠡᠢ ᠥᠩᠭᠡᠲᠦ᠍ ᠲᠡᠮᠦᠷ ᠬᠠᠪᠲᠠᠰᠤ᠎ᠪᠠᠷ ᠣᠷᠣᠶ᠋ᠢᠯᠠᠭᠰᠠᠨ ᠭᠡᠷ᠎ᠦᠨ ᠵᠢᠡᠨ ᠳᠡᠭᠡᠭᠦᠷ᠎ᠢᠶᠡᠨ ᠤᠳᠠᠭᠠᠨ ᠵᠢᠯ ᠰᠢᠷᠲᠡᠵᠦ᠍ ᠵᠠᠰᠠᠭᠰᠠᠨ ᠦᠭᠡᠢ᠎ᠡᠴᠡ ᠲᠡᠮᠦᠷ ᠬᠠᠪᠲᠠᠰᠤ ᠨᠢ ᠨᠠᠷᠠ ᠰᠠᠯᠬᠢᠨ᠎ᠳᠤ ᠢᠳᠡᠭᠳᠡᠨ ᠴᠤᠭᠤᠷᠠᠭᠰᠠᠨ ᠡᠴᠠ ᠬᠠᠪᠤᠷ ᠵᠤᠨ ᠨᠠᠮᠤᠷ᠎ᠤᠨ ᠪᠣᠷᠣᠭᠠᠨ᠎ᠳᠤ ᠭᠡᠷ ᠨᠢ ᠭᠣᠭᠣᠵᠢᠵᠤ ᠤᠰᠤᠨ᠎ᠳᠤ ᠤᠨᠠᠭᠰᠠᠨ ᠬᠤᠯᠤᠭᠠᠨ᠎ᠠ ᠮᠡᠲᠦ᠎ᠪᠡᠷ ᠰᠢᠷ᠎ᠠ ᠡᠳᠦᠷ ᠪᠤᠷᠤ ᠬᠣᠨᠣᠭ ᠤ᠋ᠳ᠎ᠢ᠎ᠠᠷᠭᠠᠴᠠᠭᠠᠨ ᠥᠩᠭᠡᠷᠡᠭᠡᠵᠦ᠍ ᠡᠪᠦᠯ ᠪᠣᠯᠤᠮᠠᠭᠴᠠ ᠳᠠᠭᠠᠷᠠᠵᠤ ᠪᠡᠭᠡᠷᠡᠭᠡᠳ ᠲᠡᠰᠬᠦ᠌ ᠠᠯᠳᠠᠷᠠᠬᠤ᠎ᠳᠠᠭᠠᠨ ᠬᠥᠷᠰᠢ ᠵᠡᠷᠭᠡᠯᠡᠳᠡᠭᠡ ᠠᠶ᠋ᠢᠯ᠎ᠤᠨ᠎ᠢᠶᠠᠨ ᠨᠡᠭᠦᠷᠡᠰᠦ ᠠᠷᠭᠠᠯ ᠲᠦᠯᠡᠭᠡ ᠵᠢ ᠡᠵᠡᠨ ᠦᠭᠡᠢ ᠶᠠᠭᠤᠮ᠎ᠠ ᠰᠢᠭ᠋ ᠰᠦᠨᠢᠵᠢᠨ ᠵᠥᠭᠡᠭᠡᠵᠦ᠍ ᠡᠶ᠎ᠡ ᠵᠣᠬᠢᠴᠠᠯ ᠲᠠᠢ ᠨᠡᠶ᠋ᠢᠭᠡᠮ᠎ᠦᠨ ᠡᠮᠬᠢ ᠳᠢᠭᠯᠢᠮ᠎ᠢ ᠡᠪᠲᠡᠭᠰᠡᠡ ᠬᠡᠵᠤ ᠬᠡᠯᠡᠵᠤ ᠪᠤᠯᠬᠤ ᠶᠤᠮ᠃

ᠪᠠᠰᠠ ᠨᠢᠭᠡᠨ ᠵᠢᠱ᠌ᠢᠶ᠎ᠠ ᠭᠡᠪᠡᠯ᠂ ᠲᠦᠷᠦᠭᠦᠦ ᠬᠡᠳᠦᠨ ᠵᠢᠯ᠎ᠳᠦ ᠮᠠᠨ᠎ᠦ ᠨᠤᠳᠤᠭ ᠲᠸ᠋ ᠠᠮᠢᠳᠤᠷᠠᠯ ᠨᠢ ᠬᠦᠴᠢᠷᠳᠠᠯᠲᠡᠶ ᠡᠷᠤᠬᠡ᠎ᠨᠦᠭᠦᠳ᠎ᠲᠦ᠍ 10 ᠲᠣᠯᠣᠭᠠᠢ ᠪᠣᠭ ᠮᠠᠯ (ᠡᠬᠡ ᠮᠠᠯ) ᠥᠭᠴᠦ᠍ ᠬᠣᠶᠠᠷ ᠵᠢᠯ᠎ᠦᠨ ᠳᠠᠷᠠᠭ᠎ᠠ ᠡᠬᠡ ᠮᠠᠯ᠎ᠵᠢᠠᠨ ᠪᠤᠴᠠᠭᠠᠨ ᠠᠪᠤᠭᠠᠳ ᠰᠢᠯᠵᠢᠯᠲᠡ᠎ᠶᠢᠨ ᠰᠦᠷᠦᠭ ᠪᠣᠯᠭᠠᠵᠤ ᠬᠣᠶᠠᠷ ᠵᠢᠯ᠎ᠦᠨ ᠲᠥᠯ ᠪᠠ ᠨᠣᠣᠰᠣ ᠨᠣᠣᠯᠤᠭᠤᠷ᠎ᠤᠨ ᠵᠣᠭᠣᠰ᠎ᠢ ᠨᠢ ᠴᠦᠮ ᠲᠤᠰ ᠡᠷᠦᠬᠡ᠎ᠳᠦ ᠦᠭᠬᠦ᠌ ᠠᠰᠢᠭᠲᠠᠶ ᠲᠦᠷᠤ ᠵᠢᠨ ᠪᠤᠳᠤᠯᠭ᠎ᠠ ᠠᠪᠤᠭᠰᠠᠨ ᠶᠤᠮ᠃ ᠭᠡᠬᠦ ᠳ᠋ᠤ᠂ ᠡᠨᠡ ᠬᠦ᠌ ᠠᠰᠢᠭ᠎ᠢ ᠬᠦᠷᠳᠡᠭᠰᠡᠨ ᠨᠢᠭᠡᠨ ᠵᠠᠯᠠᠭᠤ ᠦᠩᠭᠡᠷᠡᠬᠦ ᠰᠦᠨᠢ ᠪᠡᠷ ᠬᠡᠳᠤᠨ ᠬᠤᠨᠢ ᠪᠡᠨ ᠬᠤᠯᠠᠭᠠᠢ ᠳ᠋ᠤ ᠠᠯᠳᠠᠭᠠᠳ᠂ ᠠᠢᠯ ᠳᠤᠮᠳᠠᠭᠤᠷ ᠡᠷᠢᠵᠦ ᠰᠤᠷᠠᠵᠦ ᠶᠠᠪᠤᠭᠰᠠᠭᠠᠷ ᠠᠢᠯ᠎ᠤᠨ ᠡᠮᠦᠨᠡᠬᠦᠷ ᠦᠩᠭᠡᠷᠡᠬᠦ ᠳᠤᠬᠢᠶᠠᠯᠳᠤᠵᠦ᠂ ᠠᠩᠬᠢᠯᠤᠮ᠎ᠠ ᠰᠠᠶ᠋ᠢᠬᠠᠨ ᠮᠢᠬ᠎ᠠ ᠨᠣᠭᠣᠭ᠎ᠠ᠎ᠶᠢᠨ ᠦᠨᠦᠷ᠎ᠲᠦ᠍ᠨᠢ ᠬᠤᠭᠤᠯᠠᠢ ᠨᠢ ᠭᠤᠪᠤᠭᠤᠨᠠᠵᠦ᠍᠂ ᠬᠡᠭᠡᠭᠰᠡᠨ ᠮᠠᠯ ᠵᠢᠠᠨ ᠡᠷᠢᠵᠦ ᠶᠠᠪᠤᠭᠰᠠᠨ ᠵᠢᠠᠨ ᠳᠠᠶᠠᠭᠳᠠᠵᠦ ᠰᠢᠭᠤᠳ ᠯᠡ ᠠᠢᠯ᠎ᠤᠨ ᠳᠤᠭᠤᠭ᠎ᠠ ᠬᠠᠷᠠᠵᠦ᠂ ᠤᠴᠢᠷ᠎ᠢ ᠨᠢ ᠮᠡᠳᠡᠭᠰᠡᠨ ᠤᠯᠠᠨ ᠪᠦᠬᠦᠳᠡ ᠵᠢ ᠢᠨᠢᠶᠡᠵᠦ ᠤᠬᠢᠯᠠᠬᠤ ᠵᠢᠨ ᠠᠷᠭ᠎ᠠ ᠦᠭᠡᠢ ᠪᠤᠯᠭᠠᠵᠠᠢ᠃

ᠡᠢᠮᠤᠷᠬᠦᠤ ᠬᠥᠮᠦᠰ᠎ᠦᠨ ᠬᠠᠮᠲᠤ᠎ᠶᠢᠨ ᠣᠨᠴᠠᠯᠢᠭ ᠪᠣᠯ ᠪᠡᠶ᠎ᠡ᠎ᠪᠡᠨ ᠵᠣᠪᠠᠭᠠᠬᠤ ᠳᠤᠷ᠎ᠠ ᠦᠭᠡᠢ ᠮᠦᠷᠳᠡᠭᠡᠨ ᠲᠠᠷᠢᠬᠢ᠎ᠪᠠᠨ ᠬᠥᠳᠡᠯᠭᠡᠬᠦ᠌ ᠴᠸ᠋ ᠳᠤᠷ᠎ᠠ ᠦᠭᠡᠢ ᠪᠠᠶ᠋ᠢᠳᠠᠭ᠃ ᠳᠡᠳᠡᠨᠡᠷ ᠢ᠋ ᠴᠤᠬᠤᠮ ᠬᠡᠷᠬᠢᠨ ᠳᠡᠮᠵᠢᠵᠦ ᠶᠠᠭᠠᠬᠢᠵᠦ ᠦᠵᠡᠯ ᠰᠠᠨᠠᠭᠠᠨ᠎ᠦ ᠳᠠᠯ᠎ᠠ ᠪᠡᠷ ᠬᠤᠪᠢᠷᠠᠯᠳᠠ ᠭᠠᠷᠭᠠᠬᠤ ᠪᠤᠯ ᠪᠢᠳᠠ ᠨᠠᠷ᠎ᠤᠨ ᠰᠡᠳᠬᠢᠨ ᠪᠤᠳᠤᠭᠤᠰᠢᠳᠠᠢ ᠤᠴᠢᠷ ᠶᠤᠮ᠃ ᠵᠦᠪᠬᠡᠨ ᠳᠡᠮᠵᠢᠨ ᠳᠤᠰᠠᠯᠠᠭᠠᠳ ᠯᠡ ᠪᠤᠯᠴᠢᠬᠠᠬᠤ ᠪᠢᠰᠢ᠂ ᠡᠳᠡᠭᠡᠷ ᠬᠥᠮᠦᠰ᠎ᠤᠨ ᠲᠠᠷᠢᠬᠢ ᠲᠣᠯᠣᠭᠠᠶ᠂ ᠪᠤᠳᠤᠯ ᠰᠡᠳᠬᠢᠯᠭᠡ᠂ ᠦᠵᠡᠯ ᠲᠠᠨᠢᠯᠲᠠ ᠵᠢ ᠨᠢ ᠢᠳᠡᠭ ᠢᠳᠡᠭ᠎ᠢᠶᠡᠷ ᠦᠬᠡᠷᠡᠴᠢᠯᠡᠨ ᠬᠤᠪᠢᠷᠠᠭᠤᠯᠵᠦ᠍᠂ ᠬᠥᠳᠡᠯᠮᠦᠷᠢ᠎ᠶᠢᠨ ᠪᠠᠬ᠎ᠠ ᠴᠡᠩᠭᠡᠯ᠂ ᠬᠥᠳᠡᠯᠮᠦᠷᠢ᠎ᠶᠢᠨ ᠢᠷᠠᠭᠤ ᠠᠯᠳᠠᠷ᠂ ᠬᠥᠳᠡᠯᠮᠦᠷᠢ᠎ᠶᠢᠨ ᠦᠨ᠎ᠡ ᠥᠷᠲᠡᠭ᠎ᠢ ᠢᠯᠡᠬᠦᠭᠡᠨ ᠮᠡᠳᠡᠷᠡᠭᠦᠯᠪᠡᠯ ᠵᠣᠬᠢᠨ᠎ᠠ᠃ ᠢᠩᠬᠢᠪᠡᠯ ᠰᠠᠶᠢ ᠦᠭᠡᠳᠡ ᠦᠭᠡᠢ ᠪᠠᠢᠳᠠᠯ ᠵᠢᠠᠨ ᠤᠯᠠᠷᠢᠭᠤᠯᠵᠦ ᠦᠷᠤᠬᠡᠯ᠎ᠤᠨ ᠬᠦᠨᠳᠤᠳᠬᠡᠯ ᠳ᠋ᠤ ᠬᠦᠷᠴᠤ ᠴᠢᠳᠠᠬᠤ ᠪᠠᠢᠬ᠎ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号