ᠬᠤᠪᠠᠬᠠᠢ ᠡᠯᠡᠰᠦ ᠵᠢ ᠨᠤᠭᠤᠭᠠᠷᠠᠭᠤᠯᠤᠭᠰᠠᠨ 30 ᠵᠢᠯ᠎ᠤᠨ ᠵᠢᠳᠬᠦᠯ
2026-03-20 10:55:49
ᠵᠣᠬᠢᠶᠠᠭ᠍ᠴᠢ᠄
​ᠬᠤᠡᠭ ᠰᠢᠶᠠ ᠪᠤᠤ ᠯᠢᠡᠭ ᠯᠢᠡᠭ
ᠣᠩᠱᠢᠭ᠍ᠰᠠᠨ ᠣᠳᠠᠭ᠎ᠠ᠄
★★★☆☆

30 ᠭᠠᠷᠤᠢ ᠵᠢᠯ᠎ᠤᠨ ᠡᠮᠦᠨᠡᠬᠢ 1996 ᠤᠨ᠎ᠳᠤ᠂ ᠨᠢ᠋ᠮᠠᠨ ᠬᠤᠰᠢᠭᠤᠨ᠎ᠤ ᠬᠤᠡᠭᠬᠤᠷᠳᠠᠯ᠎ᠠ ᠰᠤᠮᠤ᠎ᠶᠢᠨ ᠪᠠᠷᠠᠭᠤᠨ ᠴᠠᠬᠢᠷᠮᠠᠳᠠᠢ ᠭᠠᠴᠠᠭᠠᠨ᠎ᠳᠤ ᠭᠠᠴᠠᠭᠠᠨ᠎ᠤ ᠵᠦᠪᠯᠡᠯ᠎ᠤᠨ ᠠᠵᠢᠯ᠎ᠢ ᠭᠠᠷᠳᠠᠨ ᠬᠢᠭᠰᠡᠨ ᠪᠤᠤ ᠱᠤᠸᠠᠨ ᠵᠤ᠌᠎ᠳᠤ ᠠᠪᠴᠦ ᠬᠡᠯᠡᠪᠡᠯ ᠲᠤᠬᠠᠢ᠎ᠶᠢᠨ ᠦᠶ᠎ᠡ᠎ᠶᠢᠨ ᠪᠠᠢᠳᠠᠯ ᠶᠠᠷᠦ ᠨᠢ ᠮᠠᠷᠳᠠᠭᠳᠠᠰᠢ ᠦᠬᠡᠢ ᠪᠢᠯᠡ᠃ ᠨᠤᠳᠤᠭ᠎ᠲᠤᠨᠢ ᠪᠠᠢᠳᠠᠭ ᠬᠡᠳᠦᠨ ᠪᠤᠳᠠ ᠪᠤᠷᠭᠠᠰᠦ ᠵᠢ ᠭᠠᠷᠭᠠᠪᠠᠯ ᠨᠤᠭᠤᠭᠠᠨ ᠶᠠᠭᠤᠮᠠᠨ᠎ᠤ ᠪᠠᠷ᠎ᠠ ᠦᠬᠡᠢ ᠨᠡᠯᠦᠢᠭᠰᠡᠨ ᠡᠯᠡᠰᠦ ᠡᠨᠡ ᠨᠤᠲᠤᠭ᠎ᠤᠨ ᠬᠦᠮᠦᠰ᠎ᠤᠨ ᠵᠢᠷᠦᠬᠡ ᠰᠡᠳᠬᠢᠯ᠎ᠢ ᠡᠮᠵᠡᠭᠯᠡᠭᠦᠯᠦᠨ᠎ᠠ᠃ ᠮᠠᠯᠴᠢᠨ ᠲᠠᠷᠢᠶᠠᠴᠢᠳ ᠡᠯᠡᠰᠦᠨ᠎ᠳᠤ ᠲᠠᠷᠤᠭᠳᠠᠭᠰᠠᠨ ᠪᠠᠢᠰᠢᠡᠭ᠎ᠢᠶᠡᠨ ᠠᠷᠠᠢ ᠴᠢᠷᠠᠢ ᠤᠡᠭᠭᠤᠢᠯᠭᠠᠵᠦ ᠲᠠᠯᠪᠢᠭᠠᠳ ᠬᠡᠳᠦᠬᠡᠨ ᠬᠤᠨᠤᠭ ᠪᠤᠯᠤᠭᠠᠳ ᠢᠷᠡᠬᠦ᠎ᠳᠦᠨᠢ ᠬᠡᠤᠬᠡᠳ᠎ᠤᠨ ᠲᠤᠭᠯᠠᠭᠠᠮ ᠰᠢᠭ᠋ ᠪᠠᠰᠠ ᠯᠠ ᠡᠯᠡᠰᠦᠨ᠎ᠳᠤ ᠪᠤᠯᠠᠭᠳᠠᠴᠢᠬᠠᠳᠠᠭ᠎ᠢ ᠶᠠᠭᠠᠬᠢᠨ᠎ᠠ?

《ᠰᠠᠯᠬᠢ ᠬᠦᠳᠡᠯᠪᠡᠯ ᠡᠯᠡᠰᠦ ᠰᠢᠭᠤᠷᠴᠤ ᠲᠠᠷᠢᠶᠠᠨ ᠭᠠᠵᠠᠷ ᠬᠡᠷ ᠪᠠᠢᠰᠢᠡᠭ᠎ᠢ ᠲᠠᠷᠤᠳᠠᠭ᠂ ᠮᠠᠯᠴᠢᠳ ᠡᠪᠡᠰᠦ ᠪᠡᠯᠴᠢᠬᠡᠷ ᠦᠬᠡᠢ ᠭᠠᠴᠢᠭᠳᠠᠨ᠂ ᠲᠠᠷᠢᠶᠠᠴᠢᠳ ᠬᠤᠷᠢᠶᠠᠯᠳᠠ ᠥᠬᠡᠢ ᠵᠤᠪᠡᠵᠤ᠂ ᠮᠠᠯᠴᠢᠨ ᠲᠠᠷᠢᠶᠠᠴᠢᠨ᠎ᠤ ᠵᠢᠯ ᠲᠤᠮᠳᠠᠴᠢ ᠵᠢᠨ ᠤᠷᠤᠯᠭ᠎ᠠ 700 ᠭᠠᠷᠤᠢ ᠲᠦᠬᠦᠷᠢᠭ ᠲᠸ᠋ ᠯᠡ ᠬᠦᠷᠴᠤ ᠪᠡᠢᠯ᠎ᠠ ᠁》 ᠬᠡᠮᠡᠨ ᠪᠤᠤ ᠱᠤᠸᠠᠨ ᠵᠤ᠌ ᠰᠡᠬᠦᠷᠡᠰᠦ ᠠᠯᠳᠠᠨ ᠡᠷᠬᠢᠴᠡᠬᠦᠯᠦᠨ᠎ᠡ᠃ ᠡᠨᠡ ᠪᠤᠯ ᠡᠯᠡᠰᠦ ᠮᠠᠡᠭᠬᠠᠨ᠎ᠳᠤ ᠡᠵᠡᠯᠡᠭᠳᠡᠭᠰᠡᠨ ᠪᠠᠷᠠᠭᠤᠨ ᠴᠠᠬᠢᠷᠮᠠᠳᠠᠢ ᠭᠠᠴᠠᠭᠠᠨ᠎ᠤ ᠲᠤᠬᠠᠢ᠎ᠶᠢᠨ ᠦᠶ᠎ᠠ᠎ᠶᠢᠨ ᠪᠤᠳᠠᠳᠦ ᠵᠢᠷᠤᠭᠯᠠᠯ ᠪᠤᠯᠤᠨ᠎ᠠ᠃

ᠪᠤᠤ ᠱᠤᠸᠠᠨ ᠵᠤ᠌ ᠨᠢᠳᠦᠨ ᠡᠮᠤᠨᠡᠬᠢ ᠡᠨᠡ ᠬᠦ᠌ ᠬᠦᠴᠢᠷᠳᠡᠯᠳᠤ ᠪᠠᠢᠳᠠᠯ᠎ᠳᠤ ᠬᠤᠢᠰᠢ ᠤᠬᠤᠷᠢᠭ᠎ᠠ ᠦᠬᠡᠢ᠂ ᠳᠡᠷᠡ ᠨᠠᠮ᠎ᠤᠨ ᠬᠡᠰᠢᠬᠦᠨ᠎ᠤ ᠬᠤᠷᠠᠯ᠎ᠳᠤ ᠤᠷᠤᠯᠴᠠᠬᠤ᠎ᠳᠠᠭᠠᠨ᠄ 《ᠡᠵᠡᠬᠦᠢ ᠡᠯᠡᠰᠦ ᠵᠢ ᠵᠠᠰᠠᠵᠦ ᠨᠤᠲᠤᠭ ᠤᠷᠤᠨ᠎ᠢᠶᠡᠨ ᠨᠤᠭᠤᠭᠠᠷᠠᠭᠤᠯᠵᠦ᠂ ᠤᠯᠡᠨ ᠵᠢᠡᠷ ᠵᠢᠡᠨ ᠬᠠᠮᠲᠤ ᠪᠡᠷ ᠠᠰᠢᠭ ᠬᠦᠷᠳᠡᠶ᠎ᠡ》 ᠬᠡᠮᠡᠨ ᠤᠷᠢᠶᠠᠯᠠᠵᠤ᠂ ᠮᠠᠯᠴᠢᠨ ᠲᠠᠷᠢᠶᠠᠴᠢᠳ ᠲᠠᠢ ᠬᠠᠮᠲᠤ ᠡᠵᠡᠬᠦᠢ ᠡᠯᠡᠰᠦ ᠵᠢ ᠵᠠᠰᠠᠬᠤ ᠪᠡᠷ ᠬᠠᠳᠠᠭᠤ ᠲᠠᠡᠭᠭᠠᠷᠢᠭ ᠲᠠᠯᠪᠢᠯ᠎ᠠ᠃ ᠬᠤᠷᠠᠯ ᠡᠴᠡ ᠰᠡᠬᠦᠯᠡᠷᠬᠢ ᠬᠠᠭᠠᠰ ᠰᠠᠷ᠎ᠠ᠎ᠶᠢᠨ ᠲᠤᠲᠤᠷ᠎ᠠ 《ᠬᠤᠶᠠᠷ ᠵᠦᠪᠯᠡᠯ》᠎ᠤᠨ ᠬᠢᠨ ᠲᠠᠢ ᠪᠡᠨ ᠬᠠᠮᠲᠤ ᠪᠦᠬᠦ ᠭᠠᠴᠠᠭᠠᠨ᠎ᠤ ᠡᠯᠡᠰᠦ ᠮᠠᠡᠭᠬ᠎ᠠ ᠵᠢ ᠲᠤᠭᠤᠯᠵᠦ᠂ ᠡᠪᠡᠰᠦ ᠰᠠᠯᠬᠢᠨ᠎ᠤ ᠵᠢᠮ᠎ᠡ ᠵᠢ ᠲᠡᠮᠳᠡᠭᠯᠡᠡ᠂ ᠡᠯᠡᠰᠦᠨ ᠤᠪᠤᠭᠠᠨ᠎ᠤ ᠦᠨᠳᠦᠷ᠎ᠢ ᠬᠡᠮᠵᠢᠵᠦ᠂ ᠤᠢ ᠰᠢᠭᠤᠢ᠎ᠶᠢᠨ ᠦᠢᠯᠡᠰ᠎ᠤᠨ ᠲᠤᠰᠬᠠᠢ ᠮᠡᠷᠬᠡᠵᠢᠯᠳᠡᠨ᠎ᠢ ᠵᠠᠯᠠᠵᠦ ᠪᠤᠳᠠᠳᠦ ᠪᠠᠢᠳᠠᠯ᠎ᠳᠤ ᠦᠨᠳᠦᠰᠦᠯᠡᠨ᠂ ᠰᠡᠷᠬᠡᠢᠯᠡᠯᠳᠡ᠎ᠶᠢᠨ ᠮᠤᠳᠤᠨ ᠮᠠᠲ᠋ᠧᠷᠢᠶᠠᠯ᠎ᠤᠨ ᠤᠢ ᠵᠢ ᠲᠠᠷᠢᠵᠦ ᠤᠢᠵᠢᠭᠤᠯᠬᠤ ᠪᠡᠷ ᠲᠤᠭᠳᠠᠪᠡ᠂ ᠡᠨᠡ ᠨᠢ ᠡᠯᠡᠰᠦ ᠵᠢ ᠲᠤᠭᠲᠠᠪᠤᠷᠢᠵᠢᠭᠤᠯᠬᠤ ᠵᠢᠨ ᠬᠠᠮᠳᠤ ᠦᠷ᠎ᠡ ᠬᠤᠢᠴᠢᠰ ᠲᠠᠭᠠᠨ ᠠᠴᠢ ᠳᠤᠰᠡ ᠳᠡᠢ ᠬᠢᠳᠡᠯ ᠪᠤᠯᠬᠤᠷ ᠪᠦᠬᠦᠳᠡᠬᠡᠷ ᠵᠢᠡᠨ ᠰᠠᠨᠠᠯ ᠨᠢᠬᠡᠳᠡᠢ ᠪᠤᠯᠵᠠᠢ᠃


QQ截图20260312093543.png


ᠬᠤᠪᠠᠬᠠᠢ ᠡᠯᠡᠰᠤ ᠵᠢ ᠨᠤᠭᠤᠭᠠᠷᠠᠭᠤᠯᠤᠭᠰᠠᠠ ᠪᠤᠳᠠᠳᠤ ᠵᠢᠷᠤᠭᠯᠠᠯ


ᠬᠠᠮᠠᠷ ᠬᠠᠳᠬᠤᠬᠤ ᠡᠪᠡᠰᠦ ᠦᠬᠡᠢ ᠬᠦᠶᠦᠳᠡᠯ ᠮᠠᠡᠭᠬᠠᠨ᠎ᠳᠤ ᠮᠤᠳᠤ ᠵᠠᠢᠯᠠᠵᠦ ᠲᠤᠭᠳᠠᠪᠤᠷᠢᠵᠢᠭᠤᠯᠵᠦ ᠠᠪᠬᠤ ᠬᠡᠭᠴᠢ ᠰᠢᠨᠳᠠᠰᠦ ᠰᠢᠯᠭᠠᠬᠤ ᠶᠡᠬᠡ ᠰᠤᠷᠢᠭ᠎ᠠ ᠪᠠᠢᠵᠠᠢ᠃ ᠪᠤᠤ ᠱᠤᠸᠠᠨ ᠵᠤ᠌ ᠨᠤᠲᠤᠭ᠎ᠤᠨ ᠲᠦᠮᠡᠨ᠎ᠢᠶᠡᠨ ᠲᠠᠭᠠᠭᠤᠯᠤᠨ ᠡᠵᠡᠬᠦᠢ ᠡᠯᠡᠰᠦ ᠮᠠᠡᠭᠬᠠᠨ ᠳ᠋ᠤ ᠮᠤᠳᠤ ᠲᠠᠷᠢᠵᠦ ᠲᠤᠭᠳᠠᠪᠤᠷᠢᠵᠢᠭᠤᠯᠬᠤ ᠪᠡᠷ ᠵᠢᠯ ᠲᠤᠵᠢ ᠮᠤᠡᠭᠭᠠᠨᠢᠨ ᠠᠵᠢᠯᠯᠡᠵᠤ᠂ ᠦᠢᠯᠡ ᠪᠠᠨ ᠪᠠᠷᠠᠵᠦ ᠦᠰᠦ ᠪᠠᠨ ᠲᠡᠭᠦᠭᠰᠡᠨ ᠨᠢ ᠥᠨᠡᠨᠳᠡᠢ ᠠᠵᠢ᠃ 1997 ᠤᠨ᠎ᠳᠤ᠂ ᠠᠡᠭᠬ᠎ᠠ ᠡᠯᠡᠰᠦ ᠵᠢ ᠲᠤᠭᠳᠠᠪᠤᠷᠢᠵᠢᠭᠤᠯᠬᠤ ᠪᠡᠷ ᠮᠤᠳᠤ ᠵᠠᠢᠯᠠᠵᠦ ᠡᠬᠢᠯᠡᠬᠦ᠎ᠳᠤ 8 ᠭᠠᠵᠠᠷ᠎ᠤᠨ ᠵᠡᠢᠳᠡᠢ ᠭᠤᠤᠯ᠎ᠤᠨ ᠬᠦᠪᠡᠬᠡᠨ ᠡᠴᠡ ᠤᠰᠤ ᠵᠦᠬᠡᠬᠡᠪᠦᠷᠢᠯᠡᠵᠦ ᠪᠠᠢᠵᠠᠢ᠂ ᠵᠢᠯ ᠲᠤᠵᠢ ᠥᠢᠯᠡ ᠳᠠᠮᠤ ᠪᠡᠨ ᠥᠵᠡᠵᠤ ᠵᠡᠢᠯᠠᠬᠰᠡᠨ ᠮᠤᠳᠤ ᠨᠢ ᠲᠠᠬᠢᠭᠠᠳ ᠨᠢᠬᠡ ᠰᠠᠯᠬᠢᠯᠠᠪᠠᠯ ᠡᠯᠡᠰᠦᠨ᠎ᠳᠤ ᠲᠠᠷᠤᠭᠳᠠᠴᠢᠬᠠᠨ᠎ᠠ᠃

— ᠲᠡᠷᠡ ᠨᠡᠯᠦᠢᠭᠰᠡᠨ ᠡᠯᠡᠰᠦ ᠵᠢ ᠤᠢᠵᠢᠭᠤᠯᠵᠦ ᠲᠡᠢᠯᠬᠦ ᠤᠤ?

— ᠬᠦᠴᠢᠷ ᠲᠠᠢ᠂ ᠲᠡᠭᠷᠢ᠎ᠳᠤ ᠭᠠᠷᠬᠤ ᠡᠴᠡ ᠬᠦᠴᠢᠷ!

— ᠲᠡᠷᠡ ᠶᠡᠬᠡ ᠡᠯᠡᠰᠦ ᠵᠢ ᠵᠠᠰᠠᠭᠠᠳ ᠶᠠᠭᠤ ᠯᠡ ᠤᠯᠤᠨ᠎ᠠ ᠳᠡ᠂ ᠱᠠᠯ ᠲᠡᠮᠡᠢ!

ᠤᠯᠠᠨ᠎ᠤ ᠱᠤᠤᠬᠢᠯᠳᠤᠭᠠᠨ ᠪᠤᠤ ᠱᠤᠸᠠᠨ ᠵᠤ᠌ ᠵᠢ ᠲᠦᠪᠡᠭᠳᠡᠬᠦᠯᠵᠦ ᠴᠢᠳᠠᠭ᠎ᠠ ᠦᠬᠡᠢ᠃

2003 ᠤᠨ᠎ᠳᠤ᠂ ᠪᠠᠷᠠᠭᠤᠨ ᠴᠠᠬᠢᠷᠮᠠᠳᠠᠢ ᠭᠠᠴᠠᠭ᠎ᠠ ᠨᠢ ᠰᠠᠡᠭᠭᠠᠷᠴᠠᠢ ᠭᠠᠴᠠᠭ᠎ᠠ᠂ ᠢᠯᠠᠮᠠᠲᠤ ᠭᠠᠴᠠᠭ᠎ᠠ ᠲᠠᠢ ᠨᠡᠢᠯᠡᠨ ᠢᠯᠠᠮᠠᠲᠤ ᠭᠠᠴᠠᠭ᠎ᠠ ᠪᠤᠯᠵᠦ᠂ ᠪᠤᠤ ᠱᠤᠸᠠᠨ ᠵᠤ᠌ ᠮᠦᠨ ᠡᠷᠡᠬᠡᠯᠵᠡᠬᠡ ᠦᠬᠡᠢ ᠬᠦᠨᠳᠦ ᠡᠬᠦᠷᠬᠡ ᠵᠢ ᠡᠬᠦᠷᠬᠡᠯᠡᠪᠡ᠃ ᠬᠠᠮᠢᠶᠠᠷᠤᠯᠳᠠ᠎ᠶᠢᠨ ᠭᠠᠴᠠᠭ᠎ᠠ ᠲᠤᠰᠬᠤᠨ ᠨᠡᠮᠡᠭᠳᠡᠵᠦ᠂ ᠡᠯᠡᠰᠦ ᠵᠢ ᠵᠠᠰᠠᠬᠤ ᠲᠠᠯᠠᠪᠠᠢ ᠮᠦᠨ ᠨᠡᠮᠡᠭᠳᠡᠯ᠎ᠠ᠃ ᠳᠡᠷᠡ ᠵᠢᠯ᠎ᠤᠨ ᠬᠠᠪᠤᠷ ᠨᠢ ᠪᠤᠤ ᠱᠤᠸᠠᠨ ᠵᠤ᠌ ᠲᠠᠬᠢᠨ ᠲᠤᠰᠬᠠᠢ ᠮᠡᠷᠬᠡᠵᠢᠯᠳᠡᠨ ᠵᠠᠯᠠᠵᠦ᠂ ᠡᠯᠡᠰᠦᠷᠬᠡᠭᠵᠢᠯ ᠵᠢᠡᠷ ᠬᠠᠮᠤᠭ᠎ᠤᠨ ᠨᠤᠴᠢᠳᠠᠢ ᠪᠠᠢᠭᠰᠠᠨ ᠭᠠᠵᠠᠷ᠎ᠤᠨ ᠭᠠᠳᠠᠷ ᠬᠦᠪᠡᠬᠡ ᠪᠡᠷ ᠡᠯᠡᠰᠦ ᠵᠢ ᠲᠤᠭᠳᠠᠪᠤᠷᠢᠵᠢᠭᠤᠯᠬᠤ ᠮᠤᠳᠤᠨ ᠬᠠᠯᠬᠠᠪᠴᠢ ᠵᠠᠰᠠᠵᠦ᠂ ᠲᠤᠮᠳᠠ ᠨᠢ ᠮᠤᠳᠤᠨ ᠮᠠᠲ᠋ᠧᠷᠢᠶᠠᠯ᠎ᠤᠨ ᠴᠢᠬᠢ ᠮᠤᠳᠤ ᠵᠠᠢᠯᠡᠵᠤ᠂ ᠬᠡᠷ᠎ᠤᠨ ᠡᠬᠦᠳᠡ᠎ᠶᠢᠨ ᠵᠢᠡᠨ ᠡᠮᠦᠨ᠎ᠡ ᠬᠤᠢᠨᠠᠬᠢ ᠰᠤᠯᠠ ᠭᠠᠵᠠᠷ ᠲᠤ᠌ ᠵᠢᠮᠢᠰ᠎ᠤᠨ ᠮᠤᠳᠤ ᠵᠠᠢᠯᠠᠵᠦ᠂ ᠤᠷᠤᠯᠭ᠎ᠠ ᠡᠬᠦᠳᠬᠦ ᠵᠢ ᠵᠤᠷᠢᠪᠠ᠃ ᠡᠬᠦᠨ᠎ᠤ ᠬᠠᠮᠲᠤ 《ᠬᠡᠰᠡᠭ ᠬᠤᠪᠢᠶᠠᠨ ᠳᠠᠭᠠᠭᠠᠴᠢᠯᠠᠬᠤ》 ᠳᠦᠷᠢᠮ᠎ᠢ ᠡᠬᠦᠳᠴᠦ᠂ ᠨᠠᠮ᠎ᠤᠨ ᠭᠡᠰᠢᠭᠦᠨ᠂ ᠲᠣᠰᠬᠣᠨ᠎ᠤ ᠠᠷᠠᠳ ᠬᠡᠰᠡᠭ ᠬᠤᠪᠢᠶᠠᠨ ᠳᠠᠭᠠᠭᠠᠴᠢᠯᠠᠵᠦ᠂ ᠮᠣᠳᠣ᠌ ᠪᠣᠯᠭᠠᠨ᠎ᠳᠤ ᠬᠠᠷᠢᠭᠤᠴᠠᠯᠭᠠᠲᠠᠨ ᠲᠠᠢ ᠪᠤᠯᠭᠠᠨ᠂ ᠣᠶ ᠮᠣᠳᠣᠨ᠎ᠤ ᠡᠳᠡᠬᠡᠷᠡᠯᠳᠡ᠎ᠶᠢᠨ ᠨᠣᠷᠮ᠎ᠠ᠎ᠶᠢ ᠶᠡᠬᠡ᠎ᠪᠡᠷ ᠳᠡᠭᠡᠭᠰᠢᠯᠡᠭᠦᠯᠪᠡ; 《ᠭᠦᠨ ᠭᠤᠤ᠎ᠳᠤ ᠭᠦᠢᠬᠡᠨ ᠵᠠᠢᠯᠠᠬᠤ》 ᠠᠷᠭ᠎ᠠ᠎ᠶᠢ ᠰᠦᠪᠡᠭᠴᠢᠯᠡᠵᠦ᠂ ᠡᠯᠡᠰᠦᠷᠬᠡᠭ ᠭᠠᠵᠠᠷ᠎ᠲᠤ 1 ᠮᠧᠲᠷ ᠭᠦᠨ ᠭᠤᠤ ᠮᠠᠯᠲᠠᠵᠤ᠂ ᠴᠢᠬᠢ ᠮᠣᠳᠣ᠌᠎ᠶᠢ 45 ᠭᠷᠡᠳᠦ᠋ᠰ ᠵᠢᠰᠢᠭᠦᠦ᠎ᠪᠡᠷ ᠵᠠᠢᠯᠠᠪᠡ᠂ ᠡᠨᠡ ᠨᠢ ᠰᠠᠯᠬᠢᠨ᠎ᠳᠤ ᠲᠡᠰᠪᠦᠷᠢᠲᠡᠢ ᠮᠥᠷᠲᠡᠭᠡᠨ ᠭᠠᠩ ᠬᠠᠭᠰᠠᠷᠠᠭᠠᠨ᠎ᠳᠤ ᠳᠠᠭᠠᠭᠠᠴᠠᠲᠠᠢ ᠪᠡᠢᠵᠤ᠂ ᠡᠳᠡᠭᠡᠷᠡᠯᠲᠡ᠎ᠶᠢᠨ ᠨᠣᠷᠮ᠎ᠠ᠎ᠵᠢ 90%᠎ᠡᠴᠡ ᠳᠡᠭᠡᠭᠰᠢ ᠪᠣᠯᠲᠠᠯ᠎ᠠ ᠳᠡᠭᠡᠭᠰᠢᠯᠡᠭᠦᠯᠦᠭᠰᠡᠨ ᠪᠠᠢᠨ᠎ᠠ᠃

ᠡᠯᠡᠰᠦ ᠵᠢ ᠨᠤᠭᠤᠭᠠᠷᠠᠭᠤᠯᠬᠤ ᠶᠠᠪᠤᠴᠠ᠎ᠳᠤ ᠪᠡᠷᠬᠡ ᠰᠠᠭᠠᠳ ᠶᠡᠷᠤ ᠡᠴᠡ ᠲᠠᠰᠤᠷᠠᠭ᠎ᠠ ᠦᠬᠡᠢ᠂ ᠬᠡᠳᠦᠨ ᠵᠢᠯ ᠪᠤᠯᠤᠯ ᠦᠬᠡᠢ ᠲᠦᠢᠯ᠎ᠤᠨ ᠶᠡᠬᠡ ᠭᠠᠡᠭ ᠬᠠᠭᠰᠠᠷᠠᠭᠠᠨ ᠪᠤᠯᠵᠦ᠂ ᠬᠤᠳᠳᠤᠭ᠎ᠤᠨ ᠤᠰᠤᠨ᠎ᠤ ᠲᠦᠪᠰᠢᠨ ᠶᠡᠬᠡ ᠪᠡᠷ ᠲᠤᠷᠤᠭᠰᠢᠯᠠᠵᠦ᠂ 8 ᠭᠠᠵᠠᠷ ᠬᠤᠯᠠ ᠡᠴᠡ ᠤᠰᠤ ᠵᠦᠬᠡᠬᠡᠪᠦᠷᠢᠯᠡᠵᠦ ᠪᠠᠢᠭᠰᠠᠨ ᠡᠴᠡ ᠪᠠᠨ 15 ᠭᠠᠵᠠᠷ ᠬᠤᠯᠠ ᠡᠴᠡ ᠤᠰᠤ ᠵᠦᠬᠡᠬᠡᠪᠦᠷᠢᠯᠡᠬᠦ ᠪᠤᠯᠵᠦ᠂ ᠨᠢᠬᠡ ᠡᠬᠡᠯᠵᠢ᠎ᠳᠤ ᠡᠯᠵᠢᠬᠡᠨ ᠲᠡᠷᠬᠡ ᠪᠡᠷ 3 ᠴᠠᠭ ᠶᠠᠪᠤᠵᠦ ᠵᠦᠬᠡᠬᠡᠪᠦᠷᠢᠯᠡᠬᠦ ᠪᠤᠯᠪᠠ᠃ ᠡᠨᠡ ᠦᠶ᠎ᠡ᠎ᠳᠤ ᠵᠠᠷᠢᠮ ᠬᠦᠮᠦᠰ᠄ 《ᠴᠢ ᠴᠤ᠌ ᠲᠡᠮᠡᠢ ᠶᠠᠭᠤᠮᠠᠨ᠎ᠳᠤ ᠬᠦᠴᠦ ᠪᠠᠨ ᠪᠠᠷᠠᠬᠤ ᠶᠤᠮ᠂ ᠡᠨᠡ ᠨᠤᠲᠤᠭ ᠲᠤ᠌ ᠤᠯᠪᠤᠭ᠎ᠢᠶᠡᠨ ᠴᠤᠭᠤᠷᠠᠳᠠᠯ᠎ᠠ ᠰᠠᠭᠤᠬᠤ᠎ᠳᠠᠭᠠᠨ ᠪᠢ ᠨᠤᠷ᠎ᠠ ᠡᠯᠡᠰᠦ ᠵᠢ ᠨᠤᠭᠲᠤᠯᠠᠵᠦ ᠨᠤᠭᠤᠭᠠᠨ ᠲᠠᠯᠠᠢ ᠪᠤᠯᠭᠠᠭᠰᠠᠨ᠎ᠢ ᠦᠵᠡᠬᠦ ᠪᠠᠢᠳᠤᠭᠠᠢ ᠰᠤᠨᠤᠰᠤᠬᠰᠡᠨ ᠵᠢᠡᠷ ᠴᠤ᠌ ᠦᠬᠡᠢ ᠶᠤᠮ》 ᠬᠡᠪᠡ᠃

ᠪᠤᠰᠤᠳ᠎ᠤᠨ ᠬᠡᠯᠡᠭᠰᠡᠨ᠎ᠢ ᠶᠠᠭᠤᠮᠠᠨ᠎ᠳᠤ ᠪᠤᠳᠤᠭ᠎ᠠ ᠦᠬᠡᠢ ᠴᠤ᠌ ᠰᠢᠢᠳᠦᠭᠰᠡᠨ ᠵᠦᠢᠯ᠎ᠳᠡᠭᠡᠨ ᠰᠢᠨᠳᠠᠰᠤ ᠰᠤᠨᠭᠭᠠᠨ ᠤᠷᠤᠳᠠᠭ ᠪᠤᠤ ᠱᠤᠸᠠᠨ ᠵᠤ᠌ 《ᠡᠨᠡ ᠬᠡᠰᠡᠭ ᠭᠠᠵᠠᠷ᠎ᠤᠨ ᠰᠢᠷᠬ᠎ᠠ ᠵᠢ ᠵᠠᠪᠠᠯ ᠠᠨᠠᠭᠠᠨ᠎ᠠ》 ᠬᠡᠰᠡᠨ ᠬᠠᠳᠠᠭᠤ ᠵᠤᠷᠢᠭ᠎ᠢ ᠡᠪᠦᠷᠯᠡᠨ ᠵᠢᠯ ᠪᠤᠯᠭᠠᠨ ᠤᠢᠵᠢᠭᠤᠯᠵᠦ ᠨᠤᠭᠤᠭᠠᠷᠠᠭᠤᠯᠬᠤ ᠠᠵᠢᠯ᠎ᠢᠶᠡᠨ ᠬᠢᠭᠰᠡᠬᠡᠷ ᠯᠡ ᠪᠠᠢᠯ᠎ᠠ ᠁

ᠰᠠᠨᠠᠵᠦ ᠶᠠᠪᠤᠪᠠᠯ ᠪᠦᠲᠦᠨ᠎ᠡ᠂ ᠰᠠᠵᠢᠯᠠᠵᠦ ᠶᠠᠪᠤᠪᠠᠯ ᠬᠦᠷᠦᠨ᠎ᠡ᠃ 30 ᠰᠢᠬᠠᠮ ᠵᠢᠯ᠎ᠦᠨ ᠴᠥᠬᠥᠷᠡᠰᠢ ᠦᠭᠡᠢ ᠴᠢᠷᠮᠠᠢᠯᠭ᠎ᠠ᠎ᠪᠠᠷ ᠳᠡᠮᠵᠢᠨ᠂ ᠢᠯᠠᠮᠠᠳᠤ ᠭᠠᠴᠠᠭ᠎ᠠ ᠯᠤᠲᠤ ᠶᠡᠬᠡ ᠬᠤᠪᠢᠷᠠᠯᠲᠠ ᠭᠠᠷᠪᠠ᠃ ᠣᠳᠣᠬᠠᠨ᠎ᠳᠤ᠂ ᠪᠥᠬᠥ ᠭᠠᠴᠠᠭᠠᠨ᠎ᠤ ᠣᠢᠲᠤ ᠭᠠᠵᠠᠷ᠎ᠤᠨ ᠲᠠᠯᠠᠪᠠᠶ 2.9 ᠲᠦᠮᠡᠨ ᠮᠦ᠍᠎ᠳᠦ ᠬᠦᠷᠴᠦ᠂ ᠣᠶ ᠰᠢᠭᠤᠢ᠎ᠶᠢᠨ ᠪᠦᠷᠬᠦᠴᠡ 6% ᠪᠠᠢᠭᠰᠠᠨ᠎ᠠᠴᠠ᠎ᠪᠠᠨ ᠳᠡᠭᠡᠭᠰᠢᠯᠡᠭᠡᠳ 37% ᠳ᠋ᠤ ᠬᠦᠷᠴᠤ᠂ ᠣᠢᠵᠢᠭᠤᠯᠬᠤ᠎ᠳᠤ ᠲᠣᠬᠢᠷᠠᠮᠵᠢᠲᠠᠢ ᠠᠭᠯᠠᠭ ᠠᠭᠤᠯᠠ᠎ᠶᠢ ᠪᠦᠲᠦᠮᠵᠢᠲᠡᠶ ᠵᠠᠰᠠᠵᠤ᠂ ᠲᠠᠷᠢᠶᠠᠨ ᠭᠠᠵᠠᠷ᠎ᠤᠨ ᠣᠶ ᠰᠢᠭᠤᠢ᠎ᠶᠢᠨ ᠲᠣᠥᠷᠵᠢᠯᠲᠠ᠎ᠶᠢ ᠨᠡᠢᠳᠡᠮ ᠪᠦᠷᠬᠦᠭᠦᠯᠵᠦ᠂ ᠠᠮᠤ ᠪᠤᠳᠠᠭᠠᠨ᠎ᠤ ᠲᠠᠯᠠᠪᠠᠶ ᠨᠢᠭᠡᠴᠢ᠎ᠶᠢᠨ ᠤᠨᠠᠯᠲᠠ ᠶᠡᠬᠡ᠎ᠪᠡᠷ ᠳᠡᠭᠡᠭᠰᠢᠯᠡᠪᠡ᠃ ᠥᠩᠭᠡᠷᠡᠭᠰᠡᠨ᠎ᠳᠦ ᠤᠯᠠᠢᠷᠠᠨ ᠳᠣᠭᠰᠢᠷᠠᠵᠤ ᠪᠠᠢᠭᠰᠠᠨ ᠡᠯᠡᠰᠦ ᠰᠢᠭᠤᠷᠭ᠎ᠠ ᠤᠢ ᠰᠢᠭᠤᠢ᠎ᠳᠤ ᠬᠠᠰᠢᠭ᠍ᠳᠠᠵᠤ᠂ ᠲᠣᠰᠬᠣᠨ᠎ᠤ ᠠᠷᠠᠳ ᠰᠥᠨᠢ ᠳᠦᠯᠢ᠎ᠪᠡᠷ ᠪᠣᠰᠴᠤ ᠡᠭᠦᠳᠡᠨ᠎ᠳᠡᠬᠢ ᠡᠯᠡᠰᠦ ᠪᠠᠨ ᠵᠦᠬᠡᠬᠡᠪᠦᠷᠢᠯᠡᠬᠦ ᠴᠢᠬᠤᠯᠠ ᠦᠬᠡᠢ ᠪᠤᠯᠵᠦ᠂ ᠬᠡᠦᠬᠡᠳ᠎ᠦᠳ ᠤᠢ ᠰᠢᠭᠤᠢ᠎ᠳᠤ ᠨᠠᠭᠠᠳᠤᠨ ᠲᠣᠭᠯᠠᠵᠤ᠂ ᠬᠦᠮᠦᠨ ᠠᠷᠠᠳ᠎ᠤᠨ ᠠᠮᠢᠳᠤᠷᠠᠯ ᠡᠳᠦᠷ ᠡᠴᠡ ᠡᠳᠦᠷ ᠲᠡᠭᠡᠭᠰᠢᠯᠡᠵᠦ᠂ ᠥᠢᠯᠡᠳᠪᠤᠷᠢᠯᠡᠯ ᠠᠮᠢᠳᠤᠷᠡᠯ ᠤ᠋ᠨ ᠤᠷᠴᠢᠨ ᠢᠯᠡᠳᠳᠡ ᠰᠡᠢᠵᠢᠷᠠᠬᠰᠡᠨ ᠠᠵᠢ᠃ ᠨᠠᠩ ᠪᠠᠶᠠᠷᠯᠠᠭᠤᠰᠢᠲᠠᠢ ᠨᠢ᠂ ᠵᠢᠯ ᠪᠦᠷᠢ᠎ᠶᠢᠨ ᠨᠠᠮᠤᠷ᠎ᠤᠨ ᠤᠯᠠᠷᠢᠯ᠎ᠳᠤ᠂ ᠣᠶ᠎ᠶᠢᠨ ᠬᠣᠷᠮᠣᠢ᠎ᠳᠤ ᠠᠶᠠᠨᠳᠠᠭᠠᠨ ᠤᠷᠭᠤᠳᠠᠭ ᠤᠯᠢᠶᠠᠰᠤᠨ ᠮᠣᠳᠣᠨ᠎ᠤ ᠮᠥᠭᠥ ᠨᠢ ᠲᠣᠰᠬᠣᠨ᠎ᠤ ᠠᠷᠠᠳ᠎ᠤᠨ ᠣᠷᠣᠯᠭ᠎ᠠ᠎ᠪᠠᠨ ᠨᠡᠮᠡᠭᠳᠡᠭᠦᠯᠬᠦ 《ᠠᠯᠲᠠᠨ ᠲᠦᠯᠬᠢᠭᠦᠷ》 ᠪᠣᠯᠵᠤ᠂ ᠮᠠᠯᠴᠢᠨ ᠲᠠᠷᠢᠶᠠᠴᠢᠳ ᠤ᠋ᠨ ᠵᠢᠯ ᠤ᠋ᠨ ᠮᠥᠭᠥ ᠲᠡᠭᠦᠭᠰᠡᠨ ᠣᠷᠣᠯᠭ᠎ᠠ ᠨᠢ ᠴᠸ᠋ 3000 — 5000 ᠲᠥᠭᠥᠷᠢᠭ ᠲᠤ᠌ ᠬᠦᠷᠴᠦ᠂ ᠥᠩᠭᠡᠷᠡᠭᠰᠡᠨ᠎ᠦ ᠶᠠᠳᠠᠭᠤ ᠬᠤᠭᠤᠰᠤᠨ ᠭᠠᠴᠠᠭ᠎ᠠ ᠤᠳᠤᠬᠠᠨ ᠳ᠋ᠤ ᠠᠮᠢ ᠠᠬᠤᠢ ᠪᠠ ᠪᠠᠶᠠᠨ ᠴᠢᠨᠡᠭᠡᠯᠢᠭ ᠬᠠᠮᠲᠤ᠎ᠣᠷᠣᠰᠢᠬᠤ ᠭᠡᠷ ᠣᠷᠣᠨ ᠪᠣᠯᠤᠭᠰᠠᠨ ᠪᠠᠢᠨ᠎ᠠ ᠃

ᠡᠢᠨ ᠬᠦ᠌  ᠪᠤᠤ ᠱᠤᠸᠠᠨ ᠵᠤ᠌ ᠰᠢᠨᠵᠢᠯᠡᠬᠦ ᠤᠬᠠᠭᠠᠨᠴᠢ ᠪᠡᠷ ᠡᠯᠡᠰᠦ ᠵᠢ ᠵᠠᠰᠠᠬᠤ ᠵᠢ ᠴᠢᠬᠤᠯᠠᠴᠢᠯᠠᠨ ᠦᠵᠡᠵᠦ᠂ ᠡᠯᠡᠰᠦᠨ ᠲᠠᠯᠠᠢ᠎ᠳᠤ ᠮᠤᠳᠤ ᠵᠠᠢᠯᠠᠨ ᠤᠢᠵᠢᠭᠤᠯᠵᠦ᠂ ᠦᠡᠭᠬᠡᠷᠡᠭᠰᠡᠨ᠎ᠤ᠎ᠲᠠᠡᠭ ᠴᠤᠯᠭᠤᠢ ᠠᠮᠢ ᠠᠬᠤᠢ᠎ᠶᠢᠨ ᠪᠦᠲᠦᠬᠡᠨ ᠪᠠᠢᠭᠤᠯᠤᠯᠳᠠ ᠵᠢ ᠠᠮᠢ ᠠᠬᠤᠢ᠎ᠪᠡ ᠡᠯᠡᠰᠦᠨ᠎ᠤ ᠠᠵᠦ ᠦᠢᠯᠡᠰ᠎ᠢ ᠬᠠᠮᠳᠤ ᠪᠡᠷ ᠬᠦᠭᠵᠢᠬᠦᠯᠬᠦ ᠵᠠᠮ ᠵᠢᠡᠷ ᠵᠡᠮᠨᠡᠭᠤᠯᠵᠤ᠂ ᠡᠯᠡᠰᠦ ᠮᠠᠡᠭᠬ᠎ᠠ ᠵᠢ ᠨᠤᠭᠤᠭᠠᠷᠠᠭᠤᠯᠤᠨ᠂ ᠮᠠᠯᠴᠢᠨ ᠲᠠᠷᠢᠶᠠᠴᠢᠳ᠎ᠤᠨ ᠤᠷᠤᠯᠭ᠎ᠠ᠎ᠵᠢ ᠨᠡᠮᠡᠭᠳᠡᠬᠦᠯᠵᠦ᠂ ᠠᠮᠢ ᠠᠬᠤᠢ ᠪᠡ ᠠᠵᠤ ᠠᠬᠤᠢ ᠵᠢᠨ ᠬᠤᠤᠰ ᠥᠷ᠎ᠠ ᠠᠰᠢᠬ᠎ᠢ ᠪᠡᠶᠡᠯᠡᠬᠥᠯᠪᠡ᠃

《ᠡᠵᠡᠨ ᠲᠠᠢ ᠭᠠᠵᠠᠷ᠎ᠢ ᠨᠤᠲᠤᠭ ᠬᠡᠳᠡᠭ᠂ ᠨᠤᠲᠤᠭ ᠲᠠᠢ ᠬᠦᠮᠦᠨ᠎ᠢ ᠡᠵᠡᠨ》 ᠬᠡᠳᠡᠭ  ᠵᠢᠡᠷ  ᠬᠠᠢᠷᠠᠯᠠᠵᠦ ᠬᠠᠮᠠᠭᠠᠯᠠᠭᠰᠠᠨ ᠨᠤᠲᠤᠭ ᠤᠰᠤ ᠬᠡᠭᠴᠢ ᠪᠤᠶᠠᠨ ᠬᠡᠰᠢᠭ᠎ᠢᠶᠡᠨ ᠦᠷ᠎ᠡ ᠭᠡᠦᠭᠡᠳ ᠲᠡᠬᠡᠨ ᠬᠠᠷᠠᠮ ᠦᠬᠡᠢ ᠬᠠᠢᠷᠠᠯᠠᠳᠠᠭ ᠤᠴᠢᠷᠳᠠᠢ᠃ ᠦᠡᠭᠬᠡᠷᠡᠭᠰᠡᠨ᠎ᠳᠤ ᠡᠯᠡᠰᠦᠷᠬᠡᠭᠵᠢᠯ᠎ᠤᠨ ᠭᠤᠯᠤᠮᠳᠠ ᠪᠠᠢᠭᠰᠠᠨ ᠨᠢᠴᠦᠬᠦᠨ ᠮᠠᠡᠭᠬ᠎ᠠ ᠨᠢ ᠡᠳᠦᠬᠡ ᠴᠢᠬᠢᠭ ᠤᠰᠤᠨ᠎ᠤ ᠰᠤᠷᠪᠤᠯᠵᠢ ᠤᠷᠤᠨ ᠪᠤᠯᠵᠦ᠂  ᠬᠠᠳᠤᠯᠠᠡᠭ ᠪᠡᠯᠴᠢᠬᠡᠷ᠎ᠤᠨ ᠤᠷᠭᠤᠴᠠ᠂ ᠲᠠᠷᠢᠶᠠᠨ ᠭᠠᠵᠠᠷ᠎ᠤᠨ ᠬᠤᠷᠢᠶᠠᠯᠳᠠ ᠵᠢᠯ ᠲᠤᠲᠤᠮ ᠲᠡᠭᠡᠭᠰᠢᠯᠡᠵᠦ ᠢᠷᠡᠪᠡ᠃

70 ᠵᠢᠨ ᠲᠠᠪᠠᠭ᠎ᠠ ᠵᠢ ᠲᠦᠭᠦᠭᠰᠡᠨ ᠨᠠᠰᠤᠳᠠᠨ ᠱᠠᠨ ᠴᠠᠩ ᠮᠢᠩ᠄ 《ᠶᠡᠷᠡᠬᠡᠳ ᠤᠨ᠎ᠳᠤ ᠰᠠᠯᠬᠢ ᠰᠢᠭᠤᠷᠭᠠᠨ᠎ᠠᠴᠠ ᠵᠠᠢᠯᠠᠬᠤ᠎ᠶᠢᠨ ᠲᠥᠯᠥᠭᠡ᠂ ᠮᠠᠨ᠎ᠤ ᠬᠢᠨ ᠬᠡᠷ ᠤᠷᠤᠨ᠎ᠢᠶᠡᠨ ᠨᠡᠬᠦᠯᠬᠡᠬᠦ ᠪᠡᠷ ᠪᠤᠯᠤᠭᠰᠠᠨ᠂ ᠡᠨᠡ ᠦᠶ᠎ᠡ᠎ᠳᠤ ᠪᠤᠤ ᠱᠦᠵᠢ ᠮᠠᠨ᠎ᠤ ᠬᠢᠨ᠎ᠳᠤ ᠬᠦᠯᠢᠬᠡᠷ ᠡᠯᠡᠰᠦ ᠵᠢ ᠯᠠᠪᠳᠠᠢ ᠵᠠᠰᠠᠵᠦ ᠲᠡᠢᠯᠦᠨ᠎ᠡ ᠬᠡᠮᠡᠨ ᠢᠳᠡᠬᠡᠯ ᠲᠡᠬᠦᠯᠳᠡᠷ ᠶᠠᠷᠢᠭᠰᠠᠨ ᠪᠢᠯᠡ᠂ ᠠᠷᠭ᠎ᠠ ᠦᠬᠡᠢ ᠪᠠᠢᠳᠠᠯ ᠲᠤᠤᠷ᠎ᠠ ᠬᠡᠨ ᠨᠤᠲᠤᠭ ᠤᠰᠤᠨ ᠡᠴᠡ ᠪᠠᠨ ᠰᠠᠯᠵᠦ ᠬᠦᠮᠦᠨ᠎ᠤ ᠨᠤᠲᠤᠭ ᠬᠦᠨᠳᠡᠯᠡᠨ᠎ᠤ ᠤᠷᠤᠨ᠎ᠳᠤ ᠠᠵᠦ ᠲᠦᠷᠦᠵᠦ ᠠᠮᠢᠳᠤᠷᠠᠬᠤ ᠲᠤᠷᠠᠳᠠᠢ ᠪᠤᠢ᠂ ᠪᠤᠤ ᠱᠦᠵᠢ ᠪᠢᠳᠡᠨ᠎ᠢ ᠲᠠᠭᠠᠭᠤᠯᠤᠨ ᠡᠵᠡᠬᠦᠢ ᠮᠠᠡᠭᠬ᠎ᠠ ᠵᠢ ᠲᠠᠷᠤᠵᠦ ᠵᠢᠷᠭᠠᠯᠳᠤ ᠠᠮᠢᠳᠤᠷᠠᠯ᠎ᠢ ᠡᠳ᠋ᠯᠡᠬᠦᠯᠥᠭᠰᠡᠨ ᠰᠢᠦ》 ᠬᠡᠵᠤ ᠨᠢᠳᠤᠨ ᠳ᠋ᠡᠬᠡᠨ ᠨᠢᠯᠪᠤᠰᠤ ᠳᠡᠢ ᠶᠠᠷᠢᠨ᠎ᠠ᠃

30 ᠵᠢᠯ᠎ᠤᠨ ᠡᠮᠦᠨ᠎ᠡ ᠡᠨᠡ ᠨᠤᠲᠤᠭ ᠬᠠᠮᠠᠷ ᠬᠠᠳᠬᠤᠬᠤ ᠡᠪᠡᠰᠦ ᠦᠬᠡᠢ ᠨᠢᠴᠦᠬᠦᠨ ᠡᠯᠡᠰᠦ ᠪᠠᠢᠭᠰᠠᠨ᠎ᠢ ᠲᠤᠬᠠᠢ᠎ᠶᠢᠨ ᠦᠶ᠎ᠡ᠎ᠶᠢᠨ ᠵᠢᠷᠤᠭ ᠰᠡᠬᠦᠳᠡᠷ ᠡᠴᠡ ᠬᠠᠷᠠᠬᠤ ᠦᠬᠡᠢ ᠪᠤᠯ ᠦᠨᠡᠬᠡᠷ ᠢᠳᠡᠬᠡᠬᠦ᠎ᠶᠢᠨ ᠠᠷᠭ᠎ᠠ ᠦᠬᠡᠢ ᠠᠵᠢ᠃ 《ᠤᠢᠵᠢᠭᠤᠯᠤᠯᠳᠠ ᠬᠢᠬᠦ ᠡᠴᠡ ᠡᠮᠦᠨ᠎ᠡ ᠤᠳᠤ ᠪᠢᠳᠡᠨᠡᠷ᠎ᠤᠨ ᠡᠨᠡ ᠬᠠᠷᠠᠵᠦ ᠪᠡᠢᠭ᠎ᠠ ᠭᠠᠵᠠᠷ ᠨᠤᠲᠤᠭ ᠲᠡᠷᠡ ᠴᠡᠭ᠎ᠢᠶᠡᠷ᠎ᠢᠶᠡᠨ ᠨᠢᠴᠦᠬᠦᠨ ᠡᠯᠡᠰᠦ  ᠪᠠᠢᠭᠰᠠᠨ ᠰᠢᠤ᠂ ᠬᠠᠪᠤᠷ ᠰᠠᠯᠭᠢᠯᠠᠬᠤ᠎ᠳᠤ ᠬᠤᠢᠯᠠᠷᠠᠭᠰᠠᠨ ᠡᠯᠡᠰᠦ ᠬᠡᠳᠦᠨ ᠠᠷᠪᠠᠨ ᠭᠠᠵᠠᠷ ᠤ᠋ᠨ ᠬᠤᠯᠡ ᠡᠴᠡ ᠬᠠᠷᠠᠭᠳᠠᠳᠠᠭ》 ᠬᠡᠵᠦ ᠪᠤᠤ ᠱᠦᠵᠢ ᠡᠳᠦᠬᠡ᠎ᠶᠢᠨ ᠨᠢᠬᠡᠨᠳᠡ 《ᠨᠤᠭᠤᠭᠠᠨ ᠬᠤᠡᠭᠬᠢᠯ》 ᠪᠤᠯᠤᠭᠰᠠᠨ ᠬᠦᠨᠳᠡᠢ ᠵᠢ ᠵᠢᠭᠠᠵᠤ ᠶᠠᠷᠢᠨ᠎ᠠ᠃

《ᠲᠤᠬᠠᠢ᠎ᠶᠢᠨ ᠦᠶ᠎ᠡ ᠳ᠋ᠤ᠂ ᠡᠯᠡᠰᠦᠷᠬᠡᠭᠵᠢᠯ᠎ᠤᠨ ᠲᠠᠯᠠᠪᠠᠢ ᠵᠢᠯ ᠲᠤᠲᠤᠮ ᠦᠷᠬᠡᠵᠢᠨ ᠲᠡᠯᠡᠵᠤ᠂ ᠤᠢᠷ᠎ᠠ ᠤᠷᠴᠢᠮ ᠤ᠋ᠨ ᠬᠠᠳᠤᠯᠠᠡᠭ ᠲᠠᠯᠠᠪᠠᠢ᠂ ᠲᠠᠷᠢᠶᠠᠨ ᠭᠠᠵᠠᠷ᠎ᠢ ᠰᠦᠢᠳᠭᠡᠭᠰᠡᠭᠡᠷ ᠪᠠᠢᠪᠠ᠃ ᠡᠳᠦᠷ ᠢᠷᠡᠬᠦᠶ᠎ᠡ ᠬᠡᠴᠡᠬᠦᠳᠡᠵᠦ ᠪᠠᠢᠭᠰᠠᠨ ᠡᠯᠡᠰᠦᠷᠬᠡᠭᠵᠢᠯ ᠶᠠᠭ ᠯᠠ ᠤᠯᠠᠡᠭᠭᠠᠰᠤᠭᠰᠠᠨ ᠠᠷᠢᠶᠠᠳᠠᠨ ᠰᠢᠭ᠋ ᠨᠢᠭᠤᠷ ᠨᠢᠳᠦ ᠦᠬᠡᠢ ᠲᠠᠭᠠᠷᠢᠵᠦ ᠡᠬᠢᠯᠡᠭᠰᠡᠨ᠂ ᠲᠡᠬᠡᠬᠡᠳ ᠨᠤᠲᠤᠭ᠎ᠢᠶᠡᠨ ᠵᠠᠪᠠᠯ ᠨᠤᠭᠤᠭᠠᠷᠠᠭᠤᠯᠵᠤ᠂ ᠨᠢᠴᠦᠬᠦᠨ ᠡᠯᠡᠰᠦ ᠵᠢ ᠨᠤᠮᠤᠬᠠᠳᠬᠠᠬᠤ ᠪᠡᠷ ᠰᠢᠳᠦ ᠵᠠᠭᠤᠭᠠᠳ ᠡᠯᠡᠰᠦ ᠵᠢ ᠵᠠᠰᠠᠬᠤ ᠠᠶᠠᠨ᠎ᠢᠶᠡᠨ ᠡᠬᠢᠯᠡᠭᠦᠯᠦᠭᠰᠡᠨ᠎ᠶᠤᠮ》 ᠬᠡᠮᠡᠨ ᠠᠡᠭᠬ᠎ᠠ ᠡᠬᠢᠯᠡᠡ ᠡᠯᠡᠰᠦ ᠵᠠᠰᠠᠭᠰᠠᠨ ᠲᠤᠬᠠᠢ ᠪᠡᠨ ᠪᠤᠤ ᠱᠤᠸᠠᠨ ᠵᠸ᠋ ᠨᠡᠰᠤᠳᠡᠨ ᠡᠷᠬᠢᠴᠡᠬᠦᠯᠦᠨ ᠶᠡᠷᠢᠨ᠎ᠠ᠃ 2.9 ᠲᠦᠮᠡᠨ ᠮᠤ᠌ ᠬᠦᠯᠢᠬᠡᠷ ᠮᠠᠡᠭᠬᠠᠨ ᠳ᠋ᠤ ᠨᠤᠭᠤᠭᠠᠷᠠᠭᠤᠯᠤᠯᠳᠡ ᠬᠢᠵᠤ᠂ ᠤᠢ ᠰᠢᠭᠤᠢ᠎ᠶᠢᠨ ᠪᠦᠷᠬᠦᠴᠡ ᠵᠢ 7.6% ᠪᠠᠢᠭᠰᠠᠨ᠎ᠠᠴᠠ 37% ᠪᠣᠯᠭᠠᠨ ᠳᠡᠭᠡᠭᠰᠢᠯᠡᠭᠦᠯᠬᠦ ᠬᠡᠭᠴᠢ ᠬᠢᠷᠢ ᠵᠡᠷᠬᠡ᠎ᠶᠢᠨ ᠰᠦᠰᠦ ᠵᠤᠷᠢᠭ ᠲᠡᠪᠴᠢᠶᠡᠷᠢ ᠲᠡᠰᠪᠦᠷᠢ ᠪᠢᠯᠡ⁈ 30 ᠭᠠᠷᠤᠢ ᠵᠢᠯ᠎ᠤᠨ ᠤᠢᠭ᠎ᠠ ᠦᠭᠡᠢ ᠴᠢᠷᠮᠠᠢᠯᠭ᠎ᠠ ᠵᠢᠨ ᠡᠴᠦᠰ ᠲᠤ᠌ ᠢᠯᠠᠮᠠᠲᠤ ᠭᠠᠴᠠᠭ᠎ᠠ ᠵᠢᠨ ᠨᠢᠴᠦᠬᠦᠨ ᠡᠯᠡᠰᠦ ᠨᠤᠮᠢᠨ ᠨᠤᠭᠤᠭᠠᠨ ᠦᠡᠭᠬᠡ ᠪᠡᠷ ᠬᠤᠴᠢᠭᠳᠠᠵᠦ᠂ ᠠᠯᠤᠰ ᠡᠴᠡ ᠬᠠᠷᠠᠬᠤ᠎ᠳᠤ ᠬᠦᠬᠡᠷᠡᠨ ᠨᠤᠭᠤᠭᠠᠷᠠᠭᠰᠠᠨ ᠬᠦᠪᠴᠢᠨ ᠰᠠᠢᠬᠠᠨ ᠨᠤᠲᠤᠭ ᠪᠤᠯᠵᠠᠢ᠃

ᠡᠪᠦᠬᠡᠨ ᠱᠦᠵᠢ ᠪᠤᠤ ᠱᠤᠸᠠᠨ ᠵᠤ᠌᠎ᠶᠢᠨ ᠡᠵᠡᠬᠦᠢ ᠡᠯᠡᠰᠦ ᠵᠢ ᠵᠠᠰᠠᠵᠦ ᠨᠤᠭᠤᠭᠠᠷᠠᠭᠤᠯᠤᠭᠰᠠᠨ ᠦᠢᠯᠡ ᠶᠠᠪᠤᠳᠠᠯ ᠡᠨᠡ ᠨᠤᠲᠤᠭ᠎ᠤᠨ ᠬᠦᠮᠦᠰ᠎ᠤᠨ ᠬᠠᠯᠠᠭᠤᠨ ᠵᠤᠭᠤᠭ ᠪᠤᠯᠵᠦ ᠳᠡᠯᠬᠡᠭᠳᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号