ᠪᠠᠶᠠᠨᠨᠠᠭᠤᠷ ᠬᠤᠲᠠ ᠵᠢᠨ ᠤᠷᠠᠳ᠎ᠤᠨ ᠳᠤᠮᠳᠠᠳᠤ ᠬᠤᠱᠢᠭᠤᠨ᠎ᠤ ᠴᠤᠩᠵᠢ ᠰᠤᠮᠤᠨ᠎ᠤ ᠮᠠᠯᠴᠢᠨ ᠭᠧ ᠵᠠᠶᠠᠭ᠎ᠠ ᠮᠠᠯ ᠤᠨᠤᠭ᠎ᠠ᠎ᠪᠠᠨ ᠲᠤᠳᠤᠮᠳᠠᠬᠤ᠎ᠶ᠋ᠢᠨ ᠲᠠᠭᠠᠤ ᠴᠢᠯᠥᠭᠡ ᠵᠠᠪ᠎ᠢᠶᠠᠷ᠎ᠢᠶᠠᠨ ᠨᠤᠲᠤᠭ ᠤᠰᠤᠨ᠎ᠤ ᠪᠠᠨᠡᠪᠡᠰᠦ ᠤᠷᠭᠤᠮᠠᠯ᠎ᠢ ᠴᠤᠭ᠍ᠯᠠᠭᠤᠯᠤᠨ ᠬᠠᠳᠠᠭᠠᠵᠤ᠂ ᠤᠷᠠᠨ ᠭᠠᠷ᠎ᠢᠶᠠᠷ᠎ᠢᠶᠠᠨ ᠲᠠᠯ᠎ᠠ ᠨᠤᠲᠤᠭ᠎ᠤᠨ ᠠᠮᠢ ᠠᠬᠤᠢ᠎ᠶ᠋ᠢ ᠬᠠᠳᠠᠭᠠᠮᠠᠯ ᠪᠣᠯᠭᠠᠨ ᠤᠷᠠᠯᠠᠵᠤ᠂ ᠦᠵᠡᠮᠦᠷᠢ ᠲᠠᠢ᠂ ᠬᠠᠳᠠᠭᠠᠯᠠᠭᠤᠰᠢᠲᠠᠢ᠂ ᠤᠯᠠᠮᠵᠢᠯᠠᠭᠤᠰᠢᠲᠠᠢ 《ᠠᠮᠢ ᠠᠬᠤᠢ᠎ᠶ᠋ᠢᠨ ᠳᠠᠩᠰᠠ ᠡᠪᠬᠡᠮᠡᠯ》 ᠪᠤᠯᠭᠠᠭᠰᠠᠠ ᠪᠠᠢᠨ᠎ᠠ᠃
ᠭᠧ ᠵᠠᠶᠠᠭ᠎ᠠ᠎ᠶ᠋ᠢᠨ ᠭᠡᠷ᠎ᠲᠤ ᠣᠷᠣᠪᠠᠯ ᠭᠡᠷ ᠳᠦᠭᠦᠷᠡᠩ ᠤᠷᠭᠤᠮᠠᠯ᠎ᠤᠨ ᠬᠠᠳᠠᠭᠠᠮᠠᠯ ᠠᠩᠬᠠᠷᠤᠯ᠎ᠢ ᠲᠠᠳᠠᠵᠤ᠂ ᠬᠡᠷᠡᠮᠳᠡᠭᠡᠷᠡ ᠡᠯᠭᠦᠭ᠌ᠰᠡᠨ ᠬᠠᠳᠠᠭᠠᠮᠠᠯ᠎ᠨᠢ ᠲᠠᠯ᠎ᠠ ᠨᠤᠲᠤᠭ᠎ᠤᠨ ᠣᠨᠴᠠᠯᠢᠭ᠎ᠲᠠᠢ ᠴᠢᠮᠡᠭ᠌ᠯᠡᠯ ᠪᠤᠯᠵᠠᠢ᠃ ᠬᠠᠷᠭᠠᠨ᠎ᠠ᠂ ᠴᠠᠭᠠᠨ ᠥᠷᠭᠡᠰᠦ᠂ ᠱᠢᠬᠢᠷ ᠡᠪᠡᠰᠦ᠂ ᠬᠥᠵᠢ ᠡᠪᠡᠰᠥ᠍᠂ ᠨᠤᠬᠠᠢ᠎ᠶ᠋ᠢᠨ ᠰᠡᠭᠦᠯ᠂ ᠪᠤᠯᠠᠭᠠᠨ ᠰᠡᠭᠦᠯ ᠁ ᠵᠡᠷᠭᠡ ᠲᠠᠯ᠎ᠠ ᠨᠤᠲᠤᠭ᠎ᠲᠤ ᠭᠦᠨ ᠦᠨᠳᠦᠰᠦᠯᠡᠭ᠌ᠰᠡᠨ ᠨᠤᠲᠤᠭ᠎ᠤᠨ ᠡᠪᠡᠰᠦ ᠤᠷᠭᠤᠮᠠᠯ ᠲᠡᠭᠦᠬᠦ᠂ ᠡᠮᠬᠢᠯᠡᠬᠦ᠂ ᠲᠠᠷᠤᠵᠤ ᠬᠠᠳᠠᠭᠠᠬᠤ᠂ ᠣᠶᠣᠬᠤ᠂ ᠨᠠᠭᠠᠬᠤ ᠵᠡᠷᠭᠡ ᠤᠯᠠᠨ ᠨᠠᠷᠢᠯᠢᠭ ᠠᠵᠢᠯ᠎ᠤᠨ ᠶᠠᠪᠤᠴᠠ ᠪᠡᠷ ᠲᠠᠮᠵᠢᠨ ᠤᠤᠯ᠎ᠤᠨ ᠬᠡᠯᠪᠡᠷᠢ ᠳᠦᠷᠰᠦ᠎ᠪᠠᠨ ᠪᠦᠷᠢᠨ ᠪᠦᠲᠦᠨ ᠬᠠᠲᠠᠭᠠᠯᠠᠭ᠍ᠰᠠᠨ ᠤᠷᠭᠤᠮᠠᠯ᠎ᠤᠨ ᠬᠠᠳᠠᠭᠠᠮᠠᠯ ᠪᠤᠯᠵᠠᠢ᠃ ᠬᠠᠳᠠᠭᠠᠮᠠᠯ ᠪᠦᠷᠢ᠎ᠶ᠋ᠢᠨ ᠱᠣᠱᠢᠭ᠎ᠠ ᠳᠡᠭᠡᠷ᠎ᠡ ᠡᠪᠡᠰᠦᠨ᠎ᠤ ᠨᠡᠷᠡᠢᠳᠦᠯ᠂ ᠲᠡᠭᠦᠵᠦ᠍ ᠴᠤᠭ᠍ᠯᠠᠭᠤᠯᠤᠭ᠍ᠰᠠᠨ ᠴᠠᠭ ᠪᠠ ᠤᠷᠭᠤᠯᠲᠠ᠎ᠶ᠋ᠢᠨ ᠭᠠᠵᠠᠷ᠎ᠢ ᠲᠣᠳᠣᠷᠬᠠᠢ ᠲᠡᠮᠳᠡᠭ᠌ᠯᠡᠵᠦ᠍ ᠪᠤᠢ᠃ ᠡᠳᠡᠭᠡᠷ ᠡᠪᠡᠰᠦ ᠤᠷᠭᠤᠮᠠᠯ᠎ᠤᠨ ᠬᠠᠳᠠᠭᠠᠮᠠᠯ ᠲᠠᠯ᠎ᠠ ᠨᠤᠲᠤᠭ᠎ᠤᠨ ᠤᠷᠭᠤᠮᠠᠯ᠎ᠤᠨ 《ᠠᠮᠢ ᠠᠬᠤᠢ᠎ᠶ᠋ᠢᠨ ᠲᠠᠩᠰᠠ ᠡᠪᠬᠡᠮᠡᠯ》 ᠪᠤᠯᠤᠭ᠍ᠰᠠᠨ᠎ᠢᠶᠠᠷ ᠪᠠᠷᠠᠬᠤ ᠦᠭᠡᠢ᠂ ᠨᠠᠩ ᠴᠤ᠌ ᠭᠧ ᠵᠠᠶᠠᠭ᠎ᠠ᠎ᠶ᠋ᠢᠨ ᠬᠡᠳᠦᠨ ᠵᠢᠯ᠎ᠤᠨ ᠴᠠᠭ ᠬᠤᠭᠤᠴᠠᠭ᠎ᠠ᠎ᠶ᠋ᠢ ᠬᠡᠷᠡᠭ᠌ᠰᠡᠵᠤ᠂ ᠨᠤᠲᠤᠭ ᠤᠰᠤᠨ᠎ᠳᠠᠭᠠᠨ ᠦᠯᠡᠳᠡᠭᠡᠭ᠌ᠰᠡᠨ《ᠨᠣᠭᠤᠭᠠᠨ ᠳᠤᠷᠠᠰᠤᠮᠵᠢ》 ᠪᠤᠯᠤᠭᠰᠠᠨ ᠪᠠᠢᠨ᠎ᠠ᠃

ᠡᠪᠡᠰᠦ ᠤᠷᠭᠤᠮᠠᠯ᠎ᠤᠨ ᠬᠠᠳᠠᠭᠠᠮᠠᠯ᠎ᠤᠨ ᠳᠤᠬᠠᠢ ᠶᠠᠷᠢᠯᠴᠠᠨ᠎ᠠ
《ᠪᠡᠯᠴᠢᠭᠡᠷ᠎ᠲᠤ ᠡᠪᠡᠰᠦᠨ᠎ᠤ ᠲᠥᠷᠥᠯ ᠵᠦᠢᠯ ᠤᠯᠠᠨ ᠪᠠᠢᠳᠠᠭ ᠪᠣᠯᠪᠠᠴᠤ᠌ ᠨᠡᠷ᠎ᠡ ᠵᠢᠭᠠᠵᠤ ᠥᠪᠡᠷᠮᠢᠴᠡ ᠣᠨᠴᠠᠯᠢᠭ᠎ᠢ᠎ᠨᠢ ᠲᠣᠳᠣᠷᠬᠠᠢ ᠬᠡᠯᠡᠵᠦ᠍ ᠴᠢᠳᠠᠬᠤ ᠮᠠᠯᠴᠢᠳ ᠲᠡᠢᠮᠦ᠍ ᠣᠯᠠᠨ ᠪᠢᠰᠢ᠂ ᠣᠯᠠᠨ᠎ᠢᠶᠠᠷ᠎ᠢᠶᠠᠨ ᠡᠪᠡᠰᠦᠨ᠎ᠤ ᠲᠤᠬᠠᠢ ᠣᠢᠯᠠᠭᠠᠬᠤ᠎ᠳᠠᠭᠠᠨ ᠣᠯᠠᠩᠬᠢ᠎ᠳᠠᠭᠠᠨ ᠮᠠᠯ᠎ᠢᠶᠠᠨ ᠪᠡᠯᠴᠢᠭᠡᠷᠯᠡᠭᠦᠯᠬᠦ᠌ ᠥᠩᠭᠡᠨ ᠲᠠᠯ᠎ᠠ᠎ᠳᠤ ᠯᠠ ᠪᠠᠢᠳᠠᠭ᠃ ᠮᠢᠨᠤ ᠡᠪᠡᠰᠥ᠍ ᠤᠷᠭᠤᠮᠠᠯ᠎ᠤᠨ ᠬᠠᠳᠠᠭᠠᠮᠠᠯ ᠬᠢᠬᠦ᠌᠎ᠶ᠋ᠢᠨ ᠤᠭ ᠰᠠᠨᠠᠭ᠎ᠠ ᠪᠣᠯ ᠳᠠᠷᠤᠢ ᠨᠤᠲᠤᠭ᠎ᠤᠨ ᠠᠬ᠎ᠠ ᠳᠡᠭᠦᠦ ᠨᠠᠷᠲᠠᠬᠡᠨ ᠥᠪᠡᠷ᠎ᠤᠨ ᠣᠷᠣᠱᠢᠨ ᠠᠮᠢᠳᠤᠷᠠᠵᠤ ᠪᠠᠢᠭ᠎ᠠ ᠨᠤᠲᠤᠭ ᠪᠡᠯᠴᠢᠭᠡᠷ᠎ᠤᠨ ᠤᠷᠭᠤᠮᠠᠯ᠎ᠢᠶᠠᠨ ᠦᠨᠡᠨ ᠬᠦ᠌ ᠲᠠᠨᠢᠭᠤᠯᠵᠤ ᠣᠢᠯᠠᠭᠠᠭᠤᠯᠬᠤ᠎ᠶ᠋ᠢᠨ ᠲᠥᠯᠥᠭᠡ ᠶᠤᠮ》 ᠭᠡᠵᠤ ᠭᠧ ᠵᠠᠶᠠᠭ᠎ᠠ ᠢᠨᠢᠶᠡᠮᠰᠦᠭ᠌ᠯᠡᠨ ᠶᠠᠷᠢᠯ᠎ᠠ᠃
ᠭᠧ ᠵᠠᠶᠠᠭ᠎ᠠ 2018 ᠣᠨ᠎ᠠᠴᠠ 《ᠮᠠᠯ ᠮᠠᠯᠵᠢᠬᠤ᠎ᠳᠤ ᠡᠷᠬᠡᠪᠰᠢ ᠪᠡᠯᠴᠢᠭᠡᠷ᠎ᠢᠶᠠᠨ ᠱᠢᠨᠵᠢᠯᠡᠬᠦ᠌ ᠤᠬᠠᠭᠠᠨᠴᠢ᠎ᠪᠠᠷ ᠡᠵᠡᠩᠨᠡᠬᠦ᠌》 ᠪᠣᠷᠣᠭ᠍ᠵᠢᠭᠤᠨ ᠣᠢᠯᠠᠭᠠᠭ᠍ᠳᠠᠬᠤᠨ᠎ᠢ ᠡᠪᠦᠷᠯᠡᠵᠦ᠍᠂ ᠪᠡᠯᠴᠢᠭᠡᠷ᠎ᠲᠠᠬᠢ ᠡᠯ᠎ᠡ ᠲᠦᠷᠦᠯ᠎ᠤᠨ ᠡᠪᠡᠰᠤ ᠤᠷᠭᠤᠮᠠᠯ᠎ᠢ ᠨᠠᠷᠢᠨ ᠨᠢᠮᠪᠠᠢ ᠴᠤᠭ᠍ᠯᠠᠭᠤᠯᠵᠦ ᠡᠬᠢᠯᠡᠪᠡ᠃ ᠲᠡᠷᠡ ᠨᠢᠭᠡ ᠲᠠᠯ᠎ᠠ᠎ᠪᠠᠷ ᠬᠠᠳᠠᠭᠠᠮᠠᠯ ᠵᠣᠬᠢᠶᠠᠬᠤ ᠮᠡᠷᠭᠡᠵᠢᠯ᠎ᠢ ᠱᠢᠮᠳᠠᠨ ᠰᠤᠳᠤᠯᠵᠤ᠂ ᠳᠠᠷᠤᠬᠤ᠂ ᠬᠠᠲᠠᠭᠠᠬᠤ ᠬᠠᠮᠤᠭ᠎ᠤᠨ ᠰᠠᠢᠨ ᠠᠷᠭ᠎ᠠ᠎ᠶ᠋ᠢ ᠲᠠᠬᠢᠨ ᠳᠠᠪᠲᠠᠨ ᠰᠦᠪᠡᠭ᠌ᠴᠢᠯᠡᠵᠠᠢ᠃ ᠨᠦᠬᠦᠭᠡ ᠲᠠᠯ᠎ᠠ᠎ᠪᠠᠷ ᠡᠪᠡᠰᠥ᠍ ᠤᠷᠭᠤᠮᠠᠯ᠎ᠤᠨ ᠤᠷᠭᠤᠯᠲᠠ᠎ᠶ᠋ᠢᠨ ᠣᠨᠴᠠᠯᠢᠭ᠎ᠢ ᠨᠠᠷᠢᠨ ᠬᠢᠨᠠᠮᠠᠭᠠᠢ ᠰᠤᠷᠤᠯᠴᠠᠵᠤ᠂ ᠲᠠᠨᠢᠬᠤ ᠦᠭᠡᠢ ᠡᠪᠡᠰᠥ᠍ ᠤᠷᠭᠤᠮᠠᠯ᠎ᠲᠠᠢ ᠲᠠᠭᠠᠷᠠᠯᠳᠤᠪᠠᠯ ᠵᠣᠭᠤᠰ ᠵᠠᠷᠤᠴᠠᠭᠤᠯᠤᠨ ᠬᠥᠮᠥᠨ᠎ᠢᠶᠠᠷ ᠬᠢᠨᠠᠨ ᠲᠣᠭ᠍ᠲᠠᠭᠠᠯᠭᠠᠭᠠᠳ ᠨᠠᠷᠢᠨ ᠲᠡᠮᠳᠡᠭ᠌ᠯᠡᠯ ᠬᠢᠵᠦ᠍᠂ ᠲᠦᠷᠦᠯ ᠬᠤᠪᠢᠶᠠᠨ ᠲᠠᠩᠰᠠ ᠡᠪᠬᠡᠮᠡᠯ᠎ᠳᠤ ᠤᠷᠤᠭᠤᠯᠲᠠᠭ᠃ ᠬᠡᠳᠦᠨ ᠵᠢᠯ᠎ᠤᠨ ᠴᠥᠬᠦᠷᠡᠰᠢ ᠦᠭᠡᠢ ᠴᠢᠷᠮᠠᠢᠯᠭ᠎ᠠ᠎ᠪᠠᠷ ᠭᠧ ᠵᠠᠶᠠᠭ᠎ᠠ 64 ᠬᠤᠪᠢ ᠬᠠᠳᠠᠭᠠᠮᠠᠯᠢ ᠬᠢᠵᠤ ᠭᠠᠷᠭᠠᠨ᠂ ᠪᠠᠰᠠ ᠨᠢᠭᠡ ᠪᠦᠯᠦᠭ ᠬᠤᠷᠢᠶᠠᠨ ᠴᠤᠭ᠍ᠯᠠᠭᠤᠯᠤᠭ᠍ᠰᠠᠨ ᠡᠪᠡᠰᠥ᠍ ᠤᠷᠭᠤᠮᠠᠯ᠎ᠢᠶᠠᠨ ᠬᠠᠳᠠᠭᠠᠮᠠᠯ ᠬᠢᠬᠦ᠌᠎ᠪᠠᠷ ᠪᠡᠯᠡᠳᠭᠡᠭᠡᠳ ᠪᠠᠢᠨ᠎ᠠ᠃

ᠬᠡᠷᠡᠮᠳᠡᠭᠡᠷᠡ ᠡᠯᠭᠦᠭ᠌ᠰᠡᠨ ᠤᠷᠭᠤᠮᠠᠯ᠎ᠤᠨ ᠬᠠᠳᠠᠭᠠᠮᠠᠯᠢ ᠰᠤᠨᠢᠷᠬᠠᠨ᠎ᠠ
ᠭᠧ ᠵᠠᠶᠠᠭ᠎ᠠ ᠵᠢᠨ ᠤᠷᠠᠯᠠᠨ ᠬᠢᠭᠰᠡᠡ ᠤᠷᠭᠤᠮᠠᠯ᠎ᠤᠨ ᠬᠠᠳᠠᠭᠠᠮᠠᠯᠨᠠᠩ ᠣᠯᠠᠨ ᠮᠠᠯᠴᠢᠳ᠎ᠲᠤ ᠨᠤᠲᠤᠭ ᠪᠡᠯᠴᠢᠭᠡᠷ᠎ᠤᠨ ᠤᠷᠭᠤᠮᠠᠯ᠎ᠤᠨ ᠬᠤᠴᠢᠯᠭ᠎ᠠ᠎ᠶ᠋ᠢᠨ ᠲᠥᠷᠥᠯ ᠵᠦᠢᠯ ᠪᠠ ᠦᠨ᠎ᠡ ᠥᠷᠲᠡᠭ᠎ᠢ ᠣᠢᠯᠠᠭᠠᠭᠤᠯᠵᠤ᠂ ᠮᠠᠯᠴᠢᠳ᠎ᠤᠨ ᠨᠤᠲᠤᠭ ᠪᠡᠯᠴᠢᠭᠡᠷ᠎ᠤᠨ ᠤᠷᠭᠤᠮᠠᠯ᠎ᠤᠨ ᠬᠤᠴᠢᠯᠭ᠎ᠠ᠎ᠶ᠋ᠢᠨ ᠪᠠᠢᠳᠠᠯ᠎ᠢ ᠣᠨᠣᠪᠴᠢᠲᠠᠶ ᠡᠵᠡᠮᠱᠢᠭᠦᠳᠤ ᠬᠠᠪᠰᠤᠷᠤᠮᠵᠢ ᠪᠤᠯᠵᠤ᠂ ᠱᠢᠨᠵᠢᠯᠡᠬᠦ᠌ ᠤᠬᠠᠭᠠᠨᠴᠢ᠎ᠪᠠᠷ ᠮᠠᠯ ᠮᠠᠯᠵᠢᠬᠤ᠂ ᠡᠪᠡᠰᠦ ᠪᠡᠯᠴᠢᠭᠡᠷ᠎ᠢ ᠰᠡᠷᠭᠦᠭᠡᠬᠦ᠂ ᠬᠥᠮᠥᠨ᠎ᠤ ᠬᠦᠴᠦ᠍᠎ᠪᠠᠷ ᠨᠥᠬᠦᠵᠦ᠍ ᠳᠠᠷᠢᠬᠤ ᠵᠡᠷᠭᠡ ᠠᠵᠢᠯ᠎ᠳᠤ ᠬᠦᠴᠦᠲᠡᠢ ᠲᠤᠯᠭᠠᠭᠤᠷᠢᠯᠠᠯ ᠬᠠᠩᠭᠠᠭ᠍ᠰᠠᠨ ᠪᠥᠭᠡᠳ 《ᠡᠪᠡᠰᠦ ᠪᠡᠯᠴᠢᠭᠡᠷ᠎ᠢ ᠬᠠᠮᠠᠭᠠᠯᠠᠬᠤ ᠪᠣᠯ ᠨᠤᠳᠤᠭ ᠣᠷᠣᠨ᠎ᠢᠶᠠᠨ ᠬᠠᠮᠠᠭᠠᠯᠠᠵᠤ ᠪᠠᠢᠭ᠎ᠠ ᠶᠠᠪᠤᠳᠠᠯ ᠮᠥᠨ》 ᠭᠡᠬᠦ᠌ ᠣᠢᠯᠠᠭᠠᠭ᠍ᠳᠠᠬᠤᠨ᠎ᠢ ᠮᠠᠯᠴᠢᠳ᠎ᠤᠨ ᠰᠡᠳᠭᠢᠯ᠎ᠳᠤ ᠭᠦᠨ ᠦᠨᠳᠦᠰᠦᠯᠡᠭᠦᠯᠵᠡᠢ᠃
ᠮᠠᠯᠴᠢᠨ ᠭᠧ ᠵᠠᠶᠠᠭ᠎ᠠ᠄ 《ᠮᠢᠨᠤ ᠪᠡᠯᠴᠢᠭᠡᠷ᠎ᠲᠠᠬᠢ ᠡᠪᠡᠰᠦ ᠤᠷᠭᠤᠮᠠᠯ᠎ᠤᠨ ᠬᠠᠳᠠᠭᠠᠮᠠᠯ ᠪᠠᠷᠤᠭ 64 ᠵᠦᠢᠯ ᠪᠠᠢᠨ᠎ᠠ᠃ ᠤᠷᠢᠳ ᠵᠢᠡᠷ ᠥᠪᠡᠷ᠎ᠤᠨ ᠪᠡᠯᠴᠢᠭᠡᠷ᠎ᠤᠨ᠎ᠢᠶᠠᠨ ᠡᠪᠡᠰᠦ ᠤᠷᠭᠤᠮᠠᠯ᠎ᠢ ᠦᠢᠯᠠᠭᠠᠵᠤ ᠬᠠᠳᠠᠭᠠᠮᠠᠯ ᠪᠣᠯᠭᠠᠭ᠍ᠰᠠᠨ ᠰᠠᠭᠤᠷᠢᠨ ᠲᠡᠭᠡᠷ᠎ᠡ ᠲᠡᠭᠦᠵᠦ᠍ ᠴᠤᠭ᠍ᠯᠠᠭᠤᠯᠬᠤ ᠬᠡᠪᠴᠢᠶ᠎ᠡ᠎ᠪᠠᠨ ᠥᠷᠭᠡᠳᠭᠡᠵᠦ᠍᠂ ᠪᠤᠰᠤᠳ ᠰᠤᠮᠤ᠂ ᠲᠡᠭᠦᠨᠴᠢᠯᠡᠨ ᠪᠦᠬᠦ᠌ ᠬᠤᠱᠢᠭᠤᠨ᠎ᠤ ᠬᠡᠪᠴᠢᠶᠡᠨ᠎ᠳᠠᠬᠢ ᠡᠪᠡᠰᠦ ᠤᠷᠭᠤᠮᠠᠯ᠎ᠢ ᠲᠡᠭᠦᠵᠦ᠍ ᠬᠠᠳᠠᠭᠠᠮᠠᠯ ᠪᠣᠯᠭᠠᠨ᠎ᠠ》 ᠭᠡᠵᠦ ᠪᠤᠳᠤᠯ ᠵᠢᠡᠨ ᠳᠡᠯᠭᠡᠯ᠎ᠡ᠃