ᠬᠠᠮᠠᠷ ᠵᠢᠠᠨ ᠠᠷᠠᠴᠢᠯᠠᠵᠤ ᠬᠠᠮᠠᠭᠠᠯᠠᠬᠤ ᠨᠢ ᠡᠷᠡᠬᠦᠯ ᠮᠠᠨᠳᠤ᠎ᠳᠤ ᠳᠤᠰᠠᠲᠠᠢ
2026-05-15 11:20:28
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

《ᠬᠠᠮᠠᠷ ᠮᠠᠭᠤᠬᠠᠢ ᠴᠤ᠌ ᠬᠠᠢᠴᠢᠯᠠᠵᠤ ᠬᠠᠶᠠᠳᠠᠭ ᠦᠬᠡᠢ》 ᠬᠡᠵᠤ ᠠᠷᠠᠳ᠎ᠤᠨ ᠵᠤᠢᠷ ᠦᠬᠡᠨ᠎ᠳᠤ ᠪᠠᠢᠳᠠᠭ᠃ ᠬᠠᠮᠠᠷ ᠪᠤᠯ ᠠᠮᠢᠰᠬᠤᠯ᠎ᠤᠨ ᠭᠤᠤᠯ ᠡᠷᠬᠡᠳᠡᠨ ᠪᠠᠢᠵᠤ᠂ ᠭᠤᠸ᠎ᠠ ᠦᠵᠡᠮᠵᠢ ᠵᠢᠨ ᠴᠢᠬᠤᠯᠠ ᠬᠡᠰᠡᠭ ᠪᠤᠯᠤᠨ᠎ᠠ᠃

ᠪᠢᠳᠠᠨ᠎ᠤ ᠪᠠᠶ᠎ᠠ᠂ ᠡᠰ᠎ᠤᠳ ᠬᠦᠴᠢᠯᠳᠦ᠋ᠷᠦᠭᠴᠢ ᠦᠬᠡᠢ ᠪᠡᠷ ᠬᠡᠳᠤᠨ ᠮᠢᠨᠦ᠋ᠲ ᠡᠴᠨ ᠢᠯᠡᠬᠦᠤ ᠠᠮᠢᠰᠬᠤᠭ᠎ᠠ ᠠᠪᠬᠤ ᠦᠬᠡᠢ ᠪᠤᠯ ᠠᠮᠢᠳᠤᠷᠠᠵᠤ ᠴᠢᠳᠠᠬᠤ ᠦᠬᠡᠢ᠃ ᠲᠡᠬᠡᠪᠡᠯ ᠠᠮᠢᠳᠠᠨ᠎ᠢ ᠲᠡᠳᠬᠦᠭᠴᠢ ᠬᠦᠴᠢᠯᠳᠦ᠋ᠷᠦᠭᠴᠢ ᠵᠢ ᠪᠠᠶ᠎ᠠ ᠤᠷᠭᠠᠨᠢᠬ ᠪᠤᠳᠠᠰ ᠲᠤ᠌ ᠬᠦᠷᠬᠡᠵᠤ ᠦᠭᠳᠡᠭ ᠬᠠᠮᠤᠭ᠎ᠤᠨ ᠴᠢᠬᠤᠯᠠ ᠡᠷᠬᠡᠳᠡᠨ ᠪᠤᠯ ᠬᠠᠮᠠᠷ ᠪᠤᠯᠤᠨ᠎ᠠ᠃ ᠬᠠᠮᠠᠷ ᠬᠦᠴᠢᠯᠳᠦ᠋ᠷᠦᠭᠴᠢ ᠵᠢ ᠰᠤᠷᠤᠨ ᠠᠪᠴᠤ ᠮᠦᠬᠡᠷᠰᠤᠨ ᠬᠤᠭᠤᠯᠠᠢ ᠪᠡᠷ ᠲᠠᠮᠵᠢᠭᠤᠯᠤᠨ ᠠᠭᠤᠰᠬᠢᠨ᠎ᠳᠤ ᠬᠦᠷᠬᠡᠨ ᠴᠢᠨᠠᠭᠰᠢ ᠪᠠᠶ᠎ᠠ ᠵᠢᠨ ᠡᠳ᠋ ᠡᠰ᠎ᠤᠳ ᠲᠤ᠌ ᠬᠦᠷᠬᠡᠵᠤ ᠦᠭᠬᠦ ᠪᠡᠷ ᠵᠤᠭᠰᠤᠬᠤ ᠦᠬᠡᠢ᠂ ᠠᠭᠤᠰᠬᠢ ᠵᠢ ᠴᠡᠪᠡᠷᠯᠡᠨ ᠬᠡᠷᠡᠭᠯᠡᠭᠰᠡᠡ ᠠᠭᠠᠷ ᠨᠢ ᠬᠤᠷᠠᠮᠳᠤᠭᠤᠯᠤᠭᠰᠠᠠ ᠬᠤᠤᠷᠳᠤ ᠪᠤᠳᠠᠰ᠎ᠢ ᠭᠠᠳᠠᠭᠰᠢ ᠭᠠᠷᠭᠠᠳᠠᠭ ᠡᠬᠦᠷᠬᠡ ᠵᠢ ᠬᠦᠢᠴᠡᠳᠬᠡᠳᠡᠭ᠃

ᠬᠠᠮᠠᠷ ᠬᠦᠮᠤᠨ᠎ᠤ ᠠᠭᠤᠰᠬᠢ ᠮᠦᠬᠡᠷᠰᠤᠨ ᠬᠤᠭᠤᠯᠠᠢ᠂ ᠨᠠᠷᠮᠠᠢ ᠵᠢᠨ ᠤᠷᠴᠢᠮ ᠡᠴᠨ ᠢᠯᠭᠠᠷᠠᠨ ᠭᠠᠷᠳᠠᠭ ᠨᠢᠰᠤ ᠵᠢ ᠭᠠᠳᠠᠭᠰᠢ ᠭᠠᠷᠭᠠᠳᠠᠭ᠃ ᠢᠯᠠᠩᠭᠤᠶ᠎ᠠ ᠬᠠᠨᠢᠶᠠᠳᠤ ᠳᠤᠮᠤᠭᠤ ᠬᠦᠷᠦᠭᠰᠡᠡ ᠦᠶ᠎ᠠ᠎ᠳᠤ ᠬᠠᠮᠠᠷ ᠮᠠᠰᠢ ᠶᠡᠬᠡ ᠠᠴᠢᠶᠠᠯᠠᠯ ᠲᠠᠢ ᠪᠤᠯᠳᠠᠭ᠃ ᠡᠢᠮᠤ ᠤᠴᠢᠷ ᠡᠴᠨ ᠬᠠᠮᠠᠷ ᠵᠢᠠᠨ ᠴᠡᠪᠡᠷ ᠪᠠᠢᠯᠭᠠᠬᠤ ᠳ᠋ᠤ ᠴᠠᠭ ᠢᠮᠠᠭᠳᠠ ᠠᠩᠬᠠᠷᠴᠤ᠂ ᠦᠷᠯᠦᠬᠡ ᠪᠦᠷᠢ ᠪᠦᠯᠢᠶᠠᠨ ᠤᠰᠤ ᠪᠡᠷ ᠬᠠᠮᠠᠷ ᠵᠢᠠᠨ ᠰᠠᠢᠨ ᠤᠬᠢᠶᠠᠬᠤ ᠵᠠᠩᠰᠢᠯ ᠲᠠᠢ ᠪᠤᠯᠬᠤ ᠬᠡᠷᠡᠭᠳᠡᠢ᠃

ᠬᠠᠮᠠᠷ ᠬᠦᠮᠤᠨ᠎ᠤ ᠪᠠᠶ᠎ᠠ ᠵᠢᠨ ᠳᠤᠯᠠᠭᠠᠨ᠎ᠢ ᠵᠤᠬᠢᠴᠠᠭᠤᠯᠬᠤ᠂ ᠠᠮᠢᠰᠬᠤᠯ᠎ᠢ ᠵᠤᠬᠢᠴᠠᠭᠤᠯᠬᠤ᠂ ᠠᠭᠠᠷ᠎ᠤᠨ ᠪᠤᠬᠢᠷᠳᠤᠯ᠎ᠢ ᠱᠦᠬᠦᠬᠦ ᠵᠡᠷᠬᠡ ᠤᠯᠠᠨ ᠡᠬᠦᠷᠬᠡ ᠵᠢ ᠬᠦᠢᠴᠡᠳᠬᠡᠳᠡᠭ ᠡᠷᠬᠡᠳᠡᠨ ᠪᠤᠯᠤᠨ᠎ᠠ᠃ ᠬᠠᠮᠠᠷ ᠠᠮᠢᠰᠬᠤᠯ᠎ᠤᠨ ᠭᠤᠤᠯ ᠡᠷᠬᠡᠳᠡᠨ ᠲᠠᠳᠤᠢ ᠦᠬᠡᠢ ᠬᠦᠮᠤᠨ᠎ᠤ ᠨᠢᠭᠤᠷ᠎ᠤᠨ ᠭᠤᠸ᠎ᠠ ᠦᠵᠡᠮᠵᠢ ᠵᠢ ᠲᠡᠭᠰᠢᠳᠬᠡᠵᠤ ᠦᠭᠳᠡᠭ᠃ ᠬᠠᠮᠠᠷ ᠨᠢ ᠬᠡᠮᠳᠤᠵᠤ ᠮᠤᠷᠤᠢᠬᠰᠠᠠ᠂ ᠤᠨᠠᠵᠤ ᠬᠤᠳᠤᠢᠬᠰᠠᠠ ᠬᠦᠮᠤᠨ᠎ᠤ ᠨᠢᠭᠤᠷ ᠠᠶᠠᠳᠠᠢᠬᠠᠨ ᠬᠠᠷᠠᠭᠳᠠᠳᠠᠭ ᠦᠬᠡᠢ᠃ ᠬᠦᠮᠤᠰ ᠪᠦᠷ ᠰᠠᠢᠬᠠᠨ ᠬᠠᠮᠠᠷ ᠨᠢᠭᠤᠷ᠎ᠢ ᠴᠢᠮᠡᠳᠡᠭ ᠬᠡᠵᠤ ᠬᠡᠯᠡᠯᠴᠡᠳᠡᠭ᠃ ᠡᠢᠮᠤ ᠪᠤᠯᠬᠤᠷ ᠬᠠᠮᠠᠷ ᠵᠢᠠᠨ ᠠᠷᠠᠴᠢᠯᠠᠵᠤ ᠬᠠᠮᠠᠭᠠᠯᠠᠵᠤ ᠶᠠᠪᠤᠬᠤ ᠨᠢ ᠡᠷᠡᠬᠦᠯ ᠮᠠᠨᠳᠤ᠎ᠳᠤ ᠳᠤᠰᠠᠲᠠᠢ ᠪᠠᠢᠬᠤ ᠡᠴᠨ ᠭᠠᠳᠠᠨ᠎ᠠ ᠭᠤᠸ᠎ᠠ ᠰᠠᠢᠬᠠᠨ᠎ᠳᠤ ᠮᠠᠰᠢ ᠴᠢᠬᠤᠯᠠ ᠨᠦᠯᠦᠬᠡ ᠲᠠᠢ ᠪᠠᠢᠳᠠᠭ᠃

ᠬᠠᠮᠠᠷ ᠵᠢᠡᠷ ᠵᠢᠠᠨ ᠵᠦᠪ ᠠᠮᠢᠰᠬᠤᠯᠯᠠᠵᠤ ᠰᠤᠷᠬᠤ ᠨᠢ ᠤᠶᠤᠨ ᠤᠬᠠᠭᠠᠨ ᠪᠤᠯᠤᠨ ᠪᠠᠶ᠎ᠠ ᠮᠠᠬᠠᠪᠤᠳ᠎ᠢ ᠠᠮᠢᠳᠤᠷᠠᠯ᠎ᠳᠠᠭᠠᠨ ᠢᠳᠡᠬᠡᠯ ᠲᠦᠬᠦᠷᠡᠩ ᠡᠷᠡᠬᠦᠯ ᠰᠠᠷᠠᠭᠤᠯ ᠪᠠᠢᠬᠤ ᠨᠦᠬᠦᠴᠠᠯ᠎ᠢ ᠬᠠᠩᠭᠠᠵᠤ ᠦᠭᠳᠡᠭ᠃ ᠠᠮᠢᠰᠬᠤᠯ᠂ ᠤᠬᠠᠭᠠᠨ ᠬᠤᠶᠠᠷ ᠪᠤᠯ ᠬᠦᠮᠤᠨ᠎ᠤ ᠤᠬᠠᠮᠰᠠᠷ᠎ᠤᠨ ᠬᠠᠭᠠᠨ ᠬᠠᠳᠤᠨ ᠬᠤᠶᠠᠷ ᠮᠦᠨ᠃ ᠠᠮᠢᠰᠬᠤᠯ ᠪᠤᠯ ᠬᠦᠴᠤ᠂ ᠬᠠᠷᠢᠨ ᠤᠬᠠᠭᠠᠨ ᠨᠢ ᠬᠦᠴᠤ ᠵᠢ ᠵᠠᠯᠠᠵᠤ ᠤᠳᠤᠷᠢᠳᠳᠠᠭ᠃ ᠵᠦᠪ ᠠᠮᠢᠰᠬᠤᠯᠯᠠᠵᠤ ᠰᠤᠷᠬᠤ ᠨᠢ ᠬᠦᠮᠤᠨ᠎ᠤ ᠤᠷᠤᠰᠢᠨ ᠠᠮᠢᠳᠤᠷᠠᠬᠤ ᠵᠢᠨ ᠦᠨᠳᠤᠰᠤ ᠪᠤᠯᠳᠠᠭ᠃ ᠨᠢᠯᠬ᠎ᠠ ᠬᠡᠤᠬᠡᠳ᠎ᠤᠨ ᠠᠮᠢᠰᠬᠤᠯ᠎ᠢ ᠰᠠᠢᠨ ᠠᠵᠢᠬᠯᠠᠵᠤ ᠦᠵᠡᠬᠡᠷᠡᠢ᠂ ᠨᠠᠰᠤᠨ᠎ᠳᠤ ᠬᠦᠷᠦᠭᠰᠡᠡ ᠬᠦᠮᠤᠨ ᠡᠴᠨ ᠦᠬᠡᠷ᠎ᠠ ᠪᠡᠷ ᠠᠮᠢᠰᠬᠤᠯᠯᠠᠳᠠᠭ᠃ ᠨᠢᠯᠬ᠎ᠠ ᠬᠡᠤᠬᠡᠳ ᠠᠮᠢᠰᠬᠤᠭ᠎ᠠ ᠠᠪᠬᠤ ᠪᠠ ᠭᠠᠷᠭᠠᠬᠤ ᠬᠤᠶᠠᠷ᠎ᠢ ᠨᠢᠬᠡᠳᠬᠡᠳᠡᠭ᠃

ᠲᠠ ᠡᠳᠤᠷ ᠪᠦᠷᠢ ᠬᠠᠮᠠᠷ᠎ᠤᠨ ᠵᠢᠠᠨ ᠬᠤᠶᠠᠷ ᠨᠦᠬᠡ ᠪᠡᠷ ᠡᠬᠡᠯᠵᠢᠯᠡᠨ ᠠᠮᠢᠰᠬᠤᠯᠯᠠᠬᠤ ᠲᠠᠳᠤᠯᠭ᠎ᠠ ᠵᠢ ᠬᠢᠵᠤ ᠰᠤᠷᠬᠤ ᠨᠢ ᠳᠤᠩ ᠴᠢᠬᠤᠯᠠ ᠶᠤᠮ᠃ ᠬᠠᠮᠠᠷ ᠵᠢᠠᠨ ᠠᠷᠠᠴᠢᠯᠠᠵᠤ ᠰᠤᠷᠬᠤ ᠨᠢ ᠪᠠᠰᠠ ᠴᠤ᠌ ᠶᠡᠬᠡ ᠴᠢᠬᠤᠯᠠ᠂ ᠬᠡᠷᠪᠡ ᠬᠠᠮᠠᠷ ᠵᠢᠠᠨ ᠰᠠᠢᠬᠠᠨ ᠴᠡᠪᠡᠷᠯᠡᠵᠤ ᠳᠤᠳᠤᠮᠳᠠᠬᠤ ᠦᠬᠡᠢ᠂ ᠳᠤᠳᠤᠷ᠎ᠠ ᠨᠢ ᠡᠯᠳᠡᠪ ᠪᠤᠬᠢᠷ ᠵᠤᠢᠯ ᠬᠤᠷᠠᠮᠳᠤᠭᠰᠠᠠ  ᠪᠤᠯ ᠲᠠᠷᠠ ᠨᠢ ᠶᠠᠷ᠎ᠠ ᠰᠢᠷᠬ᠎ᠠ ᠪᠤᠯᠵᠤ ᠡᠪᠡᠳᠴᠢᠯᠡᠳᠡᠭ᠃ ᠬᠠᠮᠠᠷ ᠲᠤ᠌ ᠮᠠᠰᠢ ᠬᠤᠤᠷᠳᠠᠢ ᠮᠠᠭᠤᠬᠠᠢ ᠪᠡᠷ ᠨᠦᠯᠦᠬᠡᠯᠡᠳᠡᠭ ᠡᠪᠡᠳᠴᠢᠨ ᠲᠠᠮᠪᠤᠤ ᠬᠡᠵᠤ ᠡᠷᠳᠡ ᠲᠡᠬᠡᠷ᠎ᠠ ᠦᠶ᠎ᠠ ᠡᠴᠨ ᠪᠠᠢᠳᠠᠭ᠎ᠢ ᠮᠠᠷᠳᠡᠵᠤ ᠪᠤᠯᠬᠤ ᠦᠬᠡᠢ᠃

ᠮᠠᠨ᠎ᠤ ᠡᠨᠳᠡᠬᠢ ᠰᠢᠭ ᠬᠠᠭᠤᠷᠠᠢ ᠳᠤᠭᠤᠰᠤᠷᠬᠠᠬ ᠤᠷᠴᠢᠨ ᠨᠦᠬᠦᠴᠠᠯ᠎ᠳᠤ ᠬᠠᠮᠠᠷ᠎ᠤᠨ ᠰᠢᠷᠬᠠᠯᠠᠭ᠎ᠠ ᠡᠬᠦᠰᠬᠦ ᠨᠢ ᠤᠯᠠᠨ ᠪᠠᠢᠳᠠᠭ᠃ ᠲᠠᠷᠠᠴᠢᠯᠠᠨ ᠬᠠᠮᠠᠷ ᠵᠢᠠᠨ ᠬᠠᠮᠢᠶ᠎ᠠ ᠦᠬᠡᠢ ᠤᠷᠤᠯᠳᠤᠵᠤ ᠪᠤᠯᠬᠤ ᠦᠬᠡᠢ᠂ ᠢᠯᠠᠩᠭᠤᠶ᠎ᠠ ᠨᠢᠯᠬ᠎ᠠ ᠬᠡᠤᠬᠡᠳ᠎ᠤᠳ ᠵᠢᠵᠢᠭ ᠨᠠᠭᠠᠳᠤᠮ ᠵᠢᠠᠨ ᠬᠠᠮᠠᠷ ᠤᠷᠤᠭᠤ ᠴᠢᠬᠢᠬᠦ ᠳᠤᠷᠠᠳᠠᠢ᠂ ᠬᠡᠷ᠎ᠤᠨ ᠠᠬᠠᠮᠠᠳ ᠤᠨᠴᠠᠭᠠᠢᠯᠠᠨ ᠠᠩᠬᠠᠷᠬᠤ ᠬᠡᠷᠡᠭᠳᠡᠢ᠂ ᠬᠡᠷᠪᠡ ᠨᠠᠭᠠᠳᠤᠮ ᠵᠢᠠᠨ ᠬᠠᠮᠠᠷ ᠳᠠᠭᠠᠨ ᠤᠷᠤᠭᠤᠯᠤᠭᠰᠠᠠ ᠪᠠᠢᠪᠠᠯ ᠲᠡᠷᠠ ᠲᠠᠷᠤᠢ ᠳ᠋ᠤᠨᠢ ᠡᠮᠨᠡᠯᠬᠡ᠎ᠳᠤ ᠤᠴᠢᠵᠤ ᠠᠪᠤᠭᠤᠯᠬᠤ ᠬᠡᠷᠡᠭᠳᠡᠢ᠂ ᠶᠠᠭᠠᠬᠢᠬᠰᠠᠠ ᠴᠤ᠌ ᠬᠠᠮᠢᠶᠠᠷᠬᠤ ᠦᠬᠡᠢ ᠪᠠᠢᠵᠤ ᠪᠤᠯᠬᠤ ᠦᠬᠡᠢ᠂ ᠮᠠᠷᠭᠠᠰᠢ ᠮᠡᠳᠡᠶ᠎ᠠ ᠬᠡᠵᠤ ᠤᠴᠢᠷ ᠶᠠᠪᠤᠳᠠᠯ᠎ᠢ ᠬᠤᠢᠰᠢᠯᠠᠭᠤᠯᠵᠤ ᠨᠠᠩ ᠪᠤᠯᠬᠤ ᠦᠬᠡᠢ᠃

(《ᠰᠠᠢᠬᠠᠨ ᠠᠪᠴᠤ ᠶᠠᠪᠤᠭᠰᠠᠠ ᠡᠬᠡᠯ ᠪᠠᠶ᠎ᠠ ᠰᠠᠷᠠᠭᠤᠯ ᠤᠷᠴᠢᠯᠠᠩ᠎ᠳᠤ ᠵᠢᠷᠭᠠᠯ ᠲᠠᠢ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号