ᠡᠬᠡ ᠨᠤᠲᠤᠭ᠎ᠤᠨ ᠮᠢᠨᠢ ᠡᠷᠳᠡᠨᠢ᠎ᠶᠢᠨ ᠪᠤᠷᠭᠠᠰᠤ
2026-05-15 11:02:07
ᠵᠣᠬᠢᠶᠠᠭ᠍ᠴᠢ᠄
ᠭᠤ•ᠭᠠᠯᠰᠠᠩ
ᠣᠩᠱᠢᠭ᠍ᠰᠠᠨ ᠣᠳᠠᠭ᠎ᠠ᠄
★★★☆☆

ᠥᠷᠭᠡᠨ ᠠᠭᠤᠳᠠᠮ ᠦᠵᠡᠰᠬᠦᠯᠡᠩᠲᠦ᠍ ᠰᠠᠶ᠋ᠢᠬᠠᠨ ᠡᠬᠡ ᠨᠤᠲᠤᠭ᠎ᠤᠨ ᠮᠢᠨᠢ ᠬᠠᠯᠠᠭᠤᠨ ᠡᠯᠢᠭᠡᠨ᠎ᠳᠦ ᠦᠰᠤᠨ ᠪᠤᠢᠵᠢᠭᠰᠡᠠ ᠪᠢᠳᠠ ᠶᠠᠭᠤᠳᠠᠢ ᠵᠢᠷᠭᠠᠯᠳᠠᠢ ᠰᠠᠨ᠃ ᠬᠦᠳᠡᠬᠡ ᠭᠠᠳᠠᠭ᠎ᠠ ᠬᠦᠯ ᠨᠢᠴᠤᠬᠦᠨ ᠨᠠᠭᠠᠳᠤᠨ᠎ᠠ᠂ ᠪᠤᠷᠭᠠᠰᠤ ᠪᠡᠷ ᠮᠤᠷᠢ ᠤᠨᠤᠵᠤ ᠳᠤᠭᠯᠠᠨ᠎ᠠ᠂ ᠪᠠᠭ᠎ᠠ ᠨᠠᠰᠤ ᠪᠡᠨ ᠡᠷᠬᠢᠴᠡᠬᠦᠯᠬᠦ᠎ᠳᠤ ᠨᠤᠳᠤᠭ᠎ᠤᠨ ᠮᠢᠨᠢ ᠪᠤᠷᠭᠠᠰᠤ ᠦᠪᠡᠷ᠎ᠤᠨ ᠡᠷᠬᠡ ᠦᠬᠡᠢ ᠪᠤᠳᠤᠭᠳᠠᠨ᠎ᠠ᠃ ᠮᠠᠨ᠎ᠤ ᠨᠤᠳᠤᠭ ᠲᠤ᠌ ᠡᠳ᠋ ᠡᠷᠳᠡᠨᠢᠰ ᠡᠯᠪᠡᠭ᠂ ᠡᠪᠡᠰᠦ ᠤᠷᠭᠤᠮᠠᠯ᠎ᠤᠨ ᠲᠥᠷᠥᠯ ᠵᠦᠢᠯ᠎ᠦᠳ ᠴᠦ᠍ ᠮᠠᠰᠢ ᠣᠯᠠᠨ ᠪᠠᠶ᠋ᠢᠳᠠᠭ᠃

ᠪᠤᠷᠭᠠᠰᠤ ᠪᠣᠯ ᠨᠢᠭᠡ ᠵᠦᠢᠯ᠎ᠦᠨ ᠨᠠᠪᠴᠢ ᠵᠤᠯᠭᠠᠷᠠᠬᠤ ᠲᠤᠷᠤᠭ ᠮᠣᠳᠣᠨ᠎ᠤ ᠲᠥᠷᠥᠯ ᠪᠣᠯᠤᠨ᠎ᠠ᠂ ᠪᠤᠷᠭᠠᠰᠤ᠎ᠶᠢ ᠦᠩᠭᠡ ᠳᠦᠷᠰᠦ᠎ᠪᠡᠷ ᠨᠢ ᠤᠯᠠᠭᠠᠨ ᠪᠤᠷᠭᠠᠰᠤ᠂ ᠪᠣᠷᠣ ᠪᠤᠷᠭᠠᠰᠤ᠂ ᠰᠢᠷ᠎ᠠ ᠪᠤᠷᠭᠠᠰᠤ ᠪᠠ ᠨᠣᠭᠣᠭᠠᠨ ᠪᠤᠷᠭᠠᠰᠤ ᠭᠡᠵᠦ᠍ ᠠᠩᠭᠢᠯᠠᠨ ᠢᠯᠭᠠᠳᠠᠭ ᠪᠥᠭᠡᠳ ᠤᠷᠭᠤᠳᠠᠭ ᠭᠠᠵᠠᠷ᠎ᠤᠨ ᠪᠠᠶ᠋ᠢᠴᠠ᠎ᠪᠠᠷ ᠨᠢ ᠠᠭᠤᠯᠠᠨ ᠪᠤᠷᠭᠠᠰᠤ᠂ ᠭᠣᠣᠯ ᠤ᠋ᠨ ᠪᠤᠷᠭᠠᠰᠤ (ᠤᠰᠤᠨ᠎ᠤ) ᠭᠡᠵᠦ᠍ ᠨᠡᠷᠡᠯᠡᠳᠡᠭ ᠶᠤᠮ᠃

ᠪᠣᠷᠣ ᠪᠤᠷᠭᠠᠰᠤ᠂ ᠰᠢᠷ᠎ᠠ ᠪᠤᠷᠭᠠᠰᠤ ᠪᠠ ᠠᠭᠤᠯᠠᠨ ᠪᠤᠷᠭᠠᠰᠤ ᠨᠢ ᠬᠡᠳᠦᠶ ᠤᠳᠠᠭᠠᠨ ᠣᠷᠭᠣᠭᠰᠠᠨ ᠴᠤ᠌ ᠪᠦᠳᠦᠭᠦᠨ ᠥᠨᠳᠥᠷ ᠪᠣᠯᠳᠠᠭ ᠦᠭᠡᠢ᠎ᠡᠴᠡ ᠮᠠᠨ᠎ᠤ ᠨᠤᠲᠤᠭ᠎ᠤᠨ ᠮᠠᠯᠴᠢᠳ 《ᠨᠠᠶ᠋ᠢᠭᠤᠯᠵᠠᠭᠤᠷ ᠪᠤᠷᠭᠠᠰᠤ》 ᠭᠡᠵᠦ᠍ ᠨᠡᠷᠡᠯᠡᠳᠡᠭ᠃

ᠶᠠᠷᠤ ᠵᠢᠨ ᠰᠢᠷ᠎ᠠ ᠪᠤᠷᠭᠠᠰᠤ ᠪᠤᠯᠤᠨ ᠪᠣᠷᠣ ᠪᠤᠷᠭᠠᠰᠤ ᠨᠢ᠎ᠦᠷ᠎ᠡ ᠪᠤᠶᠤ ᠦᠨᠳᠤᠰᠤ  ᠪᠡᠷ᠎ᠢᠶᠡᠨ ᠡᠬᠢ ᠠᠪᠴᠤ᠌ ᠨᠠᠬᠢᠶᠠᠯᠠᠨ ᠤᠷᠭᠤᠳᠠᠭ᠂ ᠪᠤᠷᠭᠠᠰᠤᠨ ᠲᠦᠷᠤᠯ ᠦ᠋ᠨ ᠮᠤᠳᠤᠨ᠎ᠤ ᠦᠨᠳᠦᠰᠦ ᠨᠢ ᠲᠤᠩ ᠨᠢᠷᠠᠶ ᠪᠥᠭᠡᠳ ᠰᠠᠬᠤᠯᠢᠭ ᠪᠠᠶ᠋ᠢᠵᠤ᠂ ᠤᠷᠭᠤᠯᠳᠠ ᠵᠢᠨ ᠨᠤᠷᠮ᠎ᠠ ᠮᠠᠰᠢ ᠦᠨᠳᠤᠷ ᠪᠠᠢᠳᠠᠭ᠃ ᠪᠤᠷᠭᠠᠰᠤ ᠪᠣᠯ ᠬᠠᠬᠢᠷ ᠬᠦᠢᠲᠡᠨ ᠭᠠᠩ ᠬᠠᠭᠤᠷᠠᠶ ᠭᠠᠵᠠᠷ᠎ᠲᠤ᠌ ᠴᠤ᠌ ᠮᠠᠰᠢ ᠲᠠᠰᠪᠤᠷᠢ ᠲᠠᠭᠠᠭᠠᠴᠠ ᠲᠠᠢ᠂ ᠡᠯᠡᠰᠤ ᠮᠠᠩᠬ᠎ᠠ ᠵᠢ ᠲᠣᠭᠲᠠᠪᠤᠷᠢᠵᠢᠭᠤᠯᠤᠨ᠂ ᠲᠤᠭᠰᠢᠨ ᠰᠠᠯᠬᠢ᠂ ᠴᠠᠰᠤ ᠰᠢᠭᠤᠷᠭᠠᠨ ᠢ᠋ ᠬᠠᠯᠬᠠᠯᠠᠵᠤ᠂ ᠨᠢᠯᠬ᠎ᠠ ᠨᠠᠪᠴᠢ ᠨᠠᠮᠠᠭ᠎ᠠ᠎ᠪᠠᠷ᠎ᠢᠶᠠᠨ ᠮᠠᠯ ᠤᠨᠤᠭ᠎ᠠ ᠵᠢᠨ ᠲᠡᠵᠢᠭᠡᠯ ᠪᠣᠯᠳᠠᠭ ᠠᠰᠢᠭᠲᠤ᠌ ᠤᠷᠭᠤᠮᠠᠯ ᠶᠤᠮ᠃ ᠵᠠᠷᠢᠮ ᠴᠢᠭᠢᠭᠯᠢᠭ ᠭᠠᠵᠠᠷ ᠪᠠᠷᠢᠭᠰᠠᠨ ᠪᠤᠷᠭᠠᠰᠤᠨ ᠬᠠᠰᠢᠶᠠᠨ᠎ᠤ ᠪᠤᠷᠭᠠᠰᠤᠨ ᠮᠣᠳᠣ ᠨᠢ ᠮᠠᠰᠢ ᠰᠠᠶ᠋ᠢᠬᠠᠨ ᠨᠣᠭᠣᠭᠠᠷᠠᠭᠠᠳ ᠤᠷᠭᠤᠴᠢᠬᠠᠳᠠᠭ ᠶᠤᠮ᠃

ᠪᠤᠷᠭᠠᠰᠤᠨ᠎ᠤ ᠬᠡᠷᠡᠭᠰᠡᠯ ᠬᠡᠷᠡᠭᠴᠡᠭᠡ ᠮᠠᠰᠢ ᠣᠯᠠᠨ ᠪᠠᠶ᠋ᠢᠳᠠᠭ᠂ ᠮᠠᠨ᠎ᠤ ᠡᠨᠳᠡᠬᠢ᠎ᠶᠢᠨ ᠮᠠᠯᠴᠢᠳ ᠪᠤᠷᠭᠠᠰᠤᠨ᠎ᠤ ᠪᠦᠳᠦᠭᠦᠨ᠎ᠢᠶᠡᠷ ᠨᠢ ᠤᠷᠭᠠᠨ᠎ᠤ ᠡᠰᠢ᠂ ᠰᠠᠨᠳᠤᠤ᠎ᠶᠢᠨ ᠡᠰᠢ ᠪᠠ ᠨᠣᠣᠰᠣ ᠰᠠᠪᠠᠬᠤ ᠰᠠᠪᠠᠭ᠎ᠠ ᠮᠣᠳᠣ᠎ᠶᠢ ᠴᠤ᠌ ᠪᠦᠷ ᠯᠡ ᠪᠤᠷᠭᠠᠰᠤ᠎ᠪᠠᠷ ᠬᠢᠳᠡᠭ ᠪᠥᠭᠡᠳ ᠨᠠᠩ ᠢᠯᠠᠩᠭᠤᠶ᠎ᠠ ᠮᠣᠩᠭᠣᠯ ᠭᠡᠷ᠎ᠦᠨ᠎ᠢᠶᠡᠨ ᠣᠨᠢ ᠬᠠᠨ᠎ᠠ ᠵᠡᠷᠭᠡ ᠬᠡᠷᠡᠭᠰᠡᠯ᠎ᠤᠨ ᠵᠠᠭᠤᠨ ᠤ᠋ ᠨᠠᠶᠠ ᠢᠯᠡᠭᠦᠦ ᠵᠢ ᠨᠢ ᠪᠦᠷ ᠯᠡ ᠪᠤᠷᠭᠠᠰᠤ᠎ᠪᠠᠷ ᠬᠢᠳᠡᠭ᠃

ᠪᠤᠷᠭᠠᠰᠤᠨ ᠮᠣᠳᠣ ᠮᠠᠰᠢ ᠶᠡᠬᠡ ᠤᠶᠠᠨ ᠬᠠᠳᠠᠨ ᠴᠢᠨᠠᠷ᠎ᠲᠠᠶ ᠪᠠᠶ᠋ᠢᠵᠤ᠂ ᠮᠠᠳᠠᠶ᠋ᠢᠯᠭᠠᠬᠤ᠎ᠳᠤ ᠣᠭᠲᠣᠬᠠᠨ ᠴᠤ᠌ ᠬᠤᠭᠤᠷᠠᠳᠠᠭ ᠦᠭᠡᠢ ᠪᠥᠭᠡᠳ ᠬᠠᠯᠢᠰᠤ ᠨᠢ ᠴᠦ᠍ ᠮᠠᠰᠢ ᠠᠮᠠᠷᠬᠠᠨ ᠱᠠᠭᠠᠷᠠᠳᠠᠭ᠃

ᠡᠷᠳᠡ ᠳᠡᠭᠡᠳᠦ᠎ᠡᠴᠡ᠎ᠪᠡᠨ ᠨᠤᠲᠤᠭ᠎ᠤᠨ ᠮᠠᠯᠴᠢᠳ ᠮᠢᠨᠢ ᠮᠠᠯ ᠤᠨᠤᠭ᠎ᠠ᠎ᠪᠠᠨ ᠬᠣᠷᠢᠵᠤ ᠬᠠᠰᠢᠶᠠᠯᠠᠬᠤ ᠬᠠᠰᠢᠶ᠎ᠠ ᠰᠠᠷᠠᠪᠴᠢ᠎ᠪᠠᠨ ᠪᠦᠷ ᠯᠡ ᠪᠤᠷᠭᠠᠰᠤ᠎ᠪᠠᠷ ᠪᠠᠷᠢᠳᠠᠭ ᠪᠥᠭᠡᠳ ᠡᠳᠤᠷ ᠲᠤᠳᠤᠮ᠎ᠤᠨ ᠠᠵᠢᠯ ᠠᠮᠢᠳᠤᠷᠠᠯ᠎ᠳᠠᠭᠠᠨ ᠬᠡᠷᠡᠭᠯᠡᠬᠦ᠌ ᠰᠠᠭᠰᠤ ᠠᠷᠤᠭ ᠪᠠ ᠲᠡᠷᠭᠡᠨ᠎ᠦ ᠠᠳᠠᠷ ᠵᠢᠡᠨ ᠴᠤ᠌ ᠪᠤᠷᠭᠠᠰᠤ᠎ᠪᠠᠷ ᠬᠦᠷᠦᠭᠡᠳ ᠬᠡᠷᠡᠭᠯᠡᠳᠡᠭ ᠪᠠᠶ᠋ᠢᠯ᠎ᠠ᠃

ᠬᠠᠷ᠎ᠠ ᠪᠣᠷᠣ ᠠᠵᠢᠯ᠎ᠤᠨ᠎ᠢᠶᠠᠨ ᠵᠠᠪ ᠴᠢᠯᠤᠭᠡ᠎ᠪᠡᠷ᠎ᠢᠶᠡᠨ ᠨᠤᠲᠤᠭ᠎ᠤᠨ ᠪᠦᠰᠡᠬᠦᠢᠴᠦᠳ ᠰᠠᠶ᠋ᠢᠨ ᠳᠤᠷ᠎ᠠ᠎ᠠᠴᠠ᠎ᠪᠠᠨ ᠡᠬᠡ ᠨᠤᠲᠤᠭ᠎ᠤᠨ᠎ᠢᠶᠠᠨ ᠡᠷᠳᠡᠨᠢ᠎ᠶᠢᠨ ᠪᠤᠷᠭᠠᠰᠤ ᠪᠡᠷ ᠦᠵᠡᠮᠦᠷᠢ ᠲᠣᠭᠯᠠᠭᠠᠮ ᠪᠠ ᠵᠠᠰᠠᠯ ᠴᠢᠮᠡᠭ᠎ᠤᠨ ᠰᠠᠪᠠᠷ᠂ ᠠᠷᠤᠭ᠂ ᠬᠠᠩᠭᠠᠶ ᠲᠡᠷᠭᠡ ᠪᠠ ᠮᠣᠩᠭᠣᠯ ᠭᠡᠷ ᠵᠡᠷᠭᠡ ᠵᠢ ᠬᠦᠷᠤᠵᠤ᠂ ᠦᠶ᠎ᠡ ᠤᠯᠠᠮᠵᠢᠯᠠᠵᠤ ᠢᠷᠡᠭᠰᠡᠨ ᠳᠡᠭᠡᠳᠦᠰ᠎ᠤᠨ ᠮᠠᠨᠢ ᠭᠠᠷ ᠤᠷᠠᠯᠠᠯ᠎ᠤᠨ ᠤᠷ᠎ᠠ ᠮᠡᠷᠭᠡᠵᠢᠯ᠎ᠢ ᠬᠠᠷᠢᠯᠴᠠᠨ ᠤᠯᠠᠮᠵᠢᠯᠠᠬᠤ ᠵᠢᠨ ᠲᠠᠭᠠᠤ ᠰᠢᠨᠡᠴᠢᠯᠡᠭᠰᠡᠨ᠎ᠢᠶᠡᠷ ᠦᠯᠦ᠍ ᠪᠠᠷᠠᠨ ᠥᠪᠡᠷᠰᠡᠳ᠎ᠦᠨ᠎ᠢᠶᠡᠨ ᠠᠰᠢᠭ ᠣᠷᠣᠯᠭ᠎ᠠ᠎ᠶᠢ ᠡᠭᠦᠳᠴᠦ᠍᠂ ᠤᠨᠢᠨ ᠳᠡᠭᠡᠷ᠎ᠡ ᠨᠢ ᠶᠠᠳᠠᠭᠤ᠎ᠶᠢ ᠲᠡᠳᠬᠦᠬᠦ᠌ ᠵᠠᠮ᠎ᠢᠶᠠᠷ ᠵᠠᠮᠨᠠᠬᠤ᠎ᠳᠤ ᠬᠤᠪᠢ ᠨᠡᠮᠡᠷᠢ ᠦᠵᠡᠬᠦᠯᠵᠤ᠂  ᠨᠡᠶ᠋ᠢᠭᠡᠮ ᠵᠢᠷᠤᠮᠳᠤ ᠤᠳᠤᠬᠢᠴᠢᠯᠠᠭᠰᠠᠠ ᠤᠯᠤᠰ᠎ᠢ ᠪᠦᠬᠦ ᠲᠠᠯ᠎ᠠ ᠪᠡᠷ ᠪᠦᠲᠦᠭᠡᠨ ᠪᠠᠶ᠋ᠢᠭᠤᠯᠬᠤ᠎ᠳᠤ ᠬᠦᠴᠦᠨ ᠵᠢᠳᠬᠦᠯ᠎ᠢᠶᠡᠨ ᠡᠷᠭᠦᠵᠡᠭᠡᠭᠰᠡᠨ ᠪᠠᠶ᠋ᠢᠨ᠎ᠠ᠃

ᠪᠤᠷᠭᠠᠰᠤ ᠪᠤᠯ ᠡᠭᠡ ᠨᠤᠳᠤᠭ᠎ᠤᠨ ᠮᠢᠨᠢ ᠬᠠᠯᠠᠭᠤᠨ ᠡᠯᠢᠭᠡᠨ ᠡᠴᠠ ᠰᠢᠮ᠎ᠡ ᠠᠪᠤᠨ ᠪᠠᠭᠰᠢᠷᠠᠨ ᠨᠤᠭᠤᠭᠠᠷᠠᠨ ᠤᠷᠭᠤᠵᠤ ᠪᠦᠬᠦᠢ ᠡᠭᠡᠯ ᠵᠢᠷ᠎ᠤᠨ ᠡᠷᠳᠡᠨᠢ ᠵᠢᠨ ᠨᠢᠭᠡᠨ᠂ ᠮᠦᠨ ᠴᠤ᠌ ᠡᠭᠡᠯ ᠪᠤᠰᠤ ᠡᠷᠳᠡᠨᠢ ᠵᠢᠨ ᠨᠢᠭᠡᠨ ᠠᠵᠤᠭᠤ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号