ᠪᠦᠬᠦ ᠤᠷᠤᠨ ᠤ᠋ ᠡᠯ᠎ᠠ ᠭᠠᠵᠠᠷ ᠤ᠋ᠨ ᠬᠦᠯᠡᠮᠵᠢ ᠶ᠋ᠢᠨ ᠵᠢᠮᠢᠰ ᠡᠯᠪᠡᠭ ᠬᠤᠷᠢᠶᠠᠯᠳᠠ ᠶ᠋ᠢᠨ ᠤᠯᠠᠷᠢᠯ ᠳ᠋ᠤ ᠤᠷᠤᠪᠠ
2026-03-20 16:57:15
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠬᠠᠪᠤᠷ ᠤ᠋ᠨ ᠠᠭᠤᠷ ᠤᠷᠤᠭᠰᠠᠨ ᠡᠴᠡ ᠨᠠᠭᠠᠰᠢ᠂ ᠥᠪᠥᠷ ᠮᠣᠩᠭᠣᠯ ᠤ᠋ᠨ ᠡᠯ᠎ᠡ ᠭᠠᠵᠠᠷ ᠤ᠋ᠨ ᠬᠦᠯᠡᠮᠵᠢ ᠶ᠋ᠢᠨ ᠵᠢᠮᠢᠰ ᠡᠯᠪᠡᠭ ᠬᠤᠷᠢᠶᠠᠯᠲᠠ ᠶ᠋ᠢᠨ ᠤᠯᠠᠷᠢᠯ ᠳ᠋ᠤ ᠤᠷᠤᠵᠤ᠂ ᠵᠠᠬ᠎ᠠ ᠳᠡᠯᠭᠡᠭᠦᠷ ᠲᠦ᠍ ᠦᠷᠭᠡᠨ ᠶ᠋ᠢᠡᠷ ᠪᠤᠷᠤᠯᠠᠭᠤᠯᠤᠭᠳᠠᠵᠤ ᠡᠬᠢᠯᠡᠵᠠᠢ᠃

ᠪᠠᠶᠠᠨᠨᠠᠭᠤᠷ ᠬᠣᠲᠠ ᠶ᠋ᠢᠨ ᠬᠠᠩᠭᠢᠨ ᠬᠣᠢᠲᠤ ᠬᠣᠱᠢᠭᠤᠨ ᠤ᠋ ᠮᠸᠩ ᠬᠠᠶ ᠪᠠᠯᠭᠠᠰᠤ ᠵᠢᠨ ᠪᠠᠢᠭᠠᠯᠢ ᠶ᠋ᠢᠨ ᠬᠥᠳᠡᠯᠭᠡᠭ᠌ᠴᠢ ᠬᠦᠴᠦᠨ ᠤ᠋ ᠲᠠᠷᠢᠶᠠᠯᠠᠩ  ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠵᠢᠱ᠌ᠢᠶ᠎ᠡ ᠦᠵᠡᠭᠦᠯᠬᠦ᠌ ᠬᠦᠷᠢᠶᠡᠯᠡᠩ ᠲᠣᠭᠣᠷᠢᠭ ᠲᠠᠬᠢ ᠬᠥᠬᠡ ᠵᠢᠮᠢᠰᠭᠡᠨ᠎ᠡ ᠶ᠋ᠢᠨ ᠲᠣᠮᠣ ᠬᠦᠯᠡᠮᠵᠢ ᠳ᠋ᠦ ᠴᠡᠴᠡᠭ ᠵᠢᠮᠢᠰ ᠤ᠋ᠨ ᠠᠡᠭᠬᠢᠯᠤᠮ᠎ᠠ ᠦᠨᠦᠷ ᠰᠡᠡᠭᠬᠢᠨᠡᠵᠦ᠂ ᠬᠦᠬᠡ ᠵᠢᠮᠢᠰᠭᠡᠨ᠎ᠡ ᠵᠡᠯ᠎ᠡ ᠪᠠᠨ ᠳᠠᠭᠠᠭᠠᠵᠤ ᠶᠠᠳᠠᠲᠠᠯ᠎ᠠ ᠢᠷᠡᠢᠲᠠᠯ᠎ᠠ ᠰᠠᠭᠤᠵᠠᠢ᠃ ᠪᠣᠷᠣᠲᠣᠬᠣᠶ ᠶ᠋ᠢᠨ ᠭᠠᠵᠠᠷ ᠣᠷᠣᠨ ᠤ᠋ ᠡᠳᠦᠷ ᠰᠥᠨᠢ ᠶ᠋ᠢᠨ ᠳᠤᠯᠠᠭᠠᠨ ᠤ᠋ ᠵᠥᠷᠢᠶ᠎ᠡ ᠶᠡᠬᠡ᠂ ᠬᠡᠷᠡᠯ ᠤ᠋ᠨ ᠲᠤᠰᠤᠯᠲᠠ ᠭᠦᠶ᠋ᠴᠡᠳ ᠪᠠᠢᠵᠤ᠂ ᠡᠨᠳᠡᠬᠢ ᠬᠥᠬᠡ ᠵᠢᠮᠢᠰᠭᠡᠨ᠎ᠡ ᠶ᠋ᠢᠨ ᠰᠧᠯᠧᠨ ᠤ᠋ ᠠᠭᠤᠯᠤᠭ᠍ᠳᠠᠴᠠ ᠨᠢ ᠤᠯᠤᠰ ᠤ᠋ᠨ ᠪᠠᠷᠢᠮᠵᠢᠶ᠎ᠠ ᠡᠴᠡ 40 ᠳᠠᠬᠢᠨ ᠦᠨᠳᠦᠷ᠂ ᠴᠡᠴᠡᠭ ᠤ᠋ᠨ ᠦᠩᠭᠡᠯᠡᠭᠴᠢ ᠡᠳ᠋ ᠤ᠋ᠨ ᠠᠭᠤᠯᠤᠭ᠍ᠳᠠᠴᠠ ᠨᠢ ᠡᠩ ᠤ᠋ᠨ ᠬᠥᠬᠡ ᠵᠢᠮᠢᠰᠭᠡᠨ᠎ᠡ ᠡᠴᠡ 10 ᠳᠠᠬᠢᠨ ᠦᠨᠳᠦᠷ ᠪᠦᠭᠡᠳ ᠠᠮᠳᠠ ᠰᠠᠢᠳᠠᠢ ᠪᠡᠷ ᠵᠢᠡᠨ ᠵᠠᠬ᠎ᠠ ᠳᠡᠯᠭᠡᠭᠦᠷ ᠤ᠋ᠨ ᠬᠦᠷᠢᠶᠡᠯᠡᠯ ᠢ᠋ ᠶᠡᠬᠡᠳᠡ ᠣᠯᠵᠤ ᠪᠤᠢ᠃ ᠡᠨᠡ ᠬᠦ᠌ ᠵᠢᠱ᠌ᠢᠶ᠎ᠡ ᠦᠵᠡᠭᠦᠯᠬᠦ᠌ ᠬᠦᠷᠢᠶᠡᠯᠡᠩ ᠲᠣᠭᠣᠷᠢᠭ ᠨᠢ ᠨᠠᠶ᠋ᠮᠠᠳᠤᠭᠠᠷ ᠦᠶ᠎ᠡ ᠶ᠋ᠢᠨ ᠤᠶᠤᠨᠴᠢ ᠥᠨᠳᠥᠷ ᠳᠤᠯᠠᠭᠠᠨ ᠤ᠋ ᠬᠦᠯᠡᠮᠵᠢ ᠪᠣᠯᠤᠨ ᠨᠠᠨᠤᠮᠸᠲ᠋ᠷ ᠤ᠋ᠨ ᠳᠤᠯᠠᠭᠠᠨ ᠢ᠋ ᠪᠠᠳᠤᠯᠠᠬᠤ ᠮᠡᠷᠭᠡᠵᠢᠯ ᠢ᠋ ᠬᠡᠷᠡᠭ᠌ᠯᠡᠵᠦ᠍᠂ ᠡᠪᠦᠯ ᠤ᠋ᠨ ᠤᠯᠠᠷᠢᠯ ᠳ᠋ᠤ ᠬᠦᠯᠡᠮᠵᠢ ᠶ᠋ᠢᠨ ᠲᠤᠳᠤᠷᠠᠬᠢ ᠳᠤᠯᠠᠭᠠᠨ ᠤ᠋ ᠬᠡᠮᠵᠢᠶ᠎ᠠ ᠨᠢ 12 ᠭᠷᠠᠳᠦ᠋ᠰ ᠲᠦ᠍ ᠬᠦᠷᠴᠦ᠂ ᠤᠮᠠᠷᠠᠲᠤ ᠣᠷᠣᠨ ᠤ᠋ ᠲᠠᠷᠢᠮᠠᠯ ᠤ᠋ᠨ ᠡᠪᠦᠯ ᠤ᠋ᠨ ᠬᠦᠢᠲᠡᠨ ᠢ᠋ ᠦᠡᠭᠭᠡᠷᠡᠭᠦᠯᠬᠦ ᠳ᠋ᠤ ᠬᠦᠴᠢᠷ ᠪᠠᠢᠳᠠᠭ ᠪᠡᠷᠬᠡ ᠰᠡᠳᠦᠪ᠎ᠢ ᠱᠢᠶ᠋ᠳᠪᠦᠷᠢᠯᠡᠪᠡ᠃ ᠣᠳᠣᠬᠠᠨ ᠳ᠋ᠤ ᠲᠤᠰ ᠬᠦᠷᠢᠶᠡᠯᠡᠡᠭ ᠲᠤᠭᠤᠷᠢᠭ ᠤ᠋ᠨ 8 ᠲᠤᠮᠤ ᠬᠦᠯᠡᠮᠵᠢ ᠶ᠋ᠢᠨ 36 ᠮᠦ᠍ ᠬᠥᠬᠡ ᠵᠢᠮᠢᠰᠭᠡᠨ᠎ᠡ ᠴᠦᠮ ᠵᠢᠮᠢᠰᠯᠡᠬᠦ᠌ ᠬᠤᠭᠤᠴᠠᠭᠠᠨ ᠳ᠋ᠤ ᠣᠷᠣᠵᠤ᠂ ᠬᠦᠯᠡᠮᠵᠢ ᠪᠦᠷᠢ ᠶ᠋ᠢᠨ ᠭᠠᠷᠤᠯᠲᠠ ᠨᠢ 6000 ᠺᠢᠯᠣᠭ᠌ᠷᠠᠮ ᠱᠢᠬᠠᠮ ᠳ᠋ᠦ ᠬᠦᠷᠴᠦ᠍᠂ ᠵᠢᠱ᠌ᠢᠯᠳᠡ ᠪᠡᠷ ᠪᠦᠬᠦ᠌ ᠥᠷᠲᠡᠭ ᠨᠢ 500 ᠲᠦᠮᠡᠨ ᠲᠥᠭᠥᠷᠢᠭ ᠤᠷᠴᠢᠮ ᠳ᠋ᠤ ᠬᠦᠷᠬᠦ᠌ ᠪᠣᠯᠤᠨ᠎ᠠ᠃

ᠤᠯᠠᠭᠠᠨᠴᠠᠪ ᠬᠤᠳᠠ ᠶ᠋ᠢᠨ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠤᠯᠤᠰᠤᠲᠠᠢ ᠬᠤᠡᠭᠬᠤᠷ ᠪᠠᠯᠭᠠᠰᠤ ᠵᠢᠨ ᠤᠯᠠᠭᠠᠨ ᠲᠤᠭ ᠲᠣᠰᠭᠣᠨ ᠤ᠋ ᠲᠤᠯᠠᠭᠠᠨ ᠬᠦᠯᠡᠮᠵᠢ ᠳ᠋ᠤ ᠰᠤᠷᠭᠤᠭ ᠤᠯᠠᠭᠠᠨ ᠬᠦᠵᠡᠯᠵᠡᠭᠡᠨ᠎ᠡ ᠰᠢᠯᠦᠰᠦ ᠬᠤᠷᠠᠭᠤᠯᠤᠮ᠎ᠠ ᠰᠠᠭᠤᠵᠤ᠂ ᠤᠯᠠᠨ ᠬᠦᠮᠦᠨ ᠨᠠᠭᠠᠰᠢ ᠴᠠᠭᠠᠰᠢ ᠰᠦᠯᠵᠢᠯᠳᠦᠨ᠂ ᠪᠠᠶᠠᠷ ᠬᠦᠷ ᠲᠠᠢ ᠪᠡᠷ ᠬᠦᠵᠡᠯᠵᠡᠭᠡᠨ᠎ᠡ ᠲᠡᠭᠦᠵᠦ ᠪᠠᠢᠯ᠎ᠠ᠃《ᠮᠢᠨᠤ ᠭᠦᠵᠡᠯᠵᠡᠭᠡᠨ᠎ᠠ ᠵᠢᠯ ᠤ᠋ᠨ ᠡᠬᠢᠨ ᠡᠴᠡ ᠪᠤᠯᠪᠠᠰᠤᠷᠠᠵᠤ᠂ 6 ᠰᠠᠷ᠎ᠠ ᠪᠣᠯᠲᠠᠯ᠎ᠠ ᠲᠡᠭᠦᠵᠦ᠍ ᠪᠤᠯᠤᠨ᠎ᠠ ᠂ ᠵᠢᠮᠢᠰ ᠲᠡᠭᠦᠬᠦ ᠬᠥᠮᠦᠨ ᠨᠡᠯᠢᠶᠡᠳ ᠣᠯᠠᠨ ᠪᠠᠢᠵᠤ᠂ ᠡᠡᠭ ᠤ᠋ᠨ ᠦᠶ᠎ᠡ ᠳ᠋ᠡᠭᠡᠨ ᠡᠳᠦᠷ ᠳᠤᠮᠳᠠᠴᠢ ᠪᠡᠷ 300 — 500 ᠲᠥᠭᠥᠷᠢᠭ ᠤ᠋ᠨ ᠤᠷᠤᠯᠭ᠎ᠠ ᠤᠯᠵᠤ᠂ ᠬᠦᠮᠦᠨ ᠤᠯᠠᠨ ᠪᠤᠯ 1000 ᠭᠠᠷᠤᠶ ᠲᠥᠭᠥᠷᠢᠭ ᠤᠯᠳᠠᠭ ᠤᠳᠠᠭ᠎ᠠ ᠴᠤ᠌ ᠪᠤᠢ 》 ᠭᠡᠵᠦ ᠲᠠᠷᠢᠮᠠᠯ ᠤ᠋ᠨ ᠡᠷᠦᠭᠡ ᠯᠢ ᠼᠦᠨ ᠢᠦᠢ ᠶᠠᠷᠢᠵᠤ ᠪᠠᠢᠯ᠎ᠠ᠃ ᠬᠤᠯᠤᠰᠤᠲᠠᠢ ᠬᠤᠡᠭᠬᠤᠷ ᠪᠠᠯᠭᠠᠰᠤ ᠵᠢᠨ 《ᠬᠦᠯᠡᠮᠵᠢ ᠶ᠋ᠢᠨ ᠠᠵᠤ ᠠᠬᠤᠢ》 ᠵᠢᠨ ᠭᠣᠣᠯ ᠠᠴᠢᠶᠠᠯᠠᠪᠤᠷᠢ ᠪᠣᠯᠤᠭ᠍ᠰᠠᠨ ᠤ᠋ ᠬᠤᠪᠢ᠎ᠳᠤ᠂ ᠤᠯᠠᠭᠠᠨ ᠲᠤᠭ ᠲᠣᠰᠭᠣᠨ ᠤ᠋ ᠵᠢᠮᠢᠰ ᠲᠡᠭᠦᠬᠦ᠌ ᠬᠦᠷᠢᠶᠡᠯᠡᠩ ᠨᠢ ᠨᠢᠭᠡᠨᠲᠡ 149 ᠪᠠᠷᠢᠮᠵᠢᠶᠠᠵᠢᠭ᠍ᠰᠠᠨ ᠬᠦᠯᠡᠮᠵᠢ ᠲᠠᠢ ᠪᠤᠯᠵᠤ᠂《ᠡᠪᠦᠯ ᠎ᠳᠡᠭᠡᠨ ᠭᠦᠵᠡᠯᠵᠡᠭᠡᠨ᠎ᠡ ᠲᠡᠶ᠂ ᠬᠠᠪᠤᠷ ᠲᠠᠭᠠᠨ ᠵᠢᠮᠢᠰ ᠨᠣᠭᠣᠭ᠎ᠠ ᠲᠠᠶ᠂ ᠵᠤᠨ ᠳ᠋ᠠᠭᠠᠨ ᠦᠵᠦᠮ ᠲᠡᠶ》 ᠲᠦᠷᠪᠡᠨ ᠤᠯᠠᠷᠢᠯ ᠶ᠋ᠢᠡᠷ ᠵᠢᠮᠢᠰ ᠨᠤᠭᠤᠭ᠎ᠠ ᠲᠡᠭᠦᠬᠦ᠌ ᠵᠠᠭ᠍ᠪᠤᠷ ᠢ᠋ ᠪᠦᠷᠢᠯᠳᠦᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号