3 ᠰᠠᠷ᠎ᠠ ᠵᠢᠨ 18 ᠤ᠋ ᠦᠳᠡ ᠵᠢᠨ ᠡᠮᠤᠨ᠎ᠡ᠂ ᠦᠪᠡᠷᠲᠡᠭᠡᠨ ᠵᠠᠰᠠᠬᠤ ᠤᠷᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠰᠤᠨᠢᠨ ᠮᠡᠳᠡᠭᠡᠨ ᠤ᠋ ᠠᠯᠪᠠᠨ ᠭᠡᠷ ᠡᠴᠡ 《〈1571〉 ᠵᠢᠨ ᠠᠵᠢᠯ ᠤ᠋ᠨ ᠪᠠᠢᠷᠢᠯᠠᠭᠤᠯᠤᠯᠲᠠ ᠵᠢ ᠲᠤᠭᠤᠰᠢᠯᠠᠭᠤᠯᠵᠤ ᠦᠪᠦᠷ ᠮᠤᠩᠭᠤᠯ ᠤ᠋ᠨ ᠴᠢᠨᠠᠷ ᠰᠠᠢᠲᠠᠢ ᠬᠦᠭᠵᠢᠯᠲᠡ ᠵᠢ ᠠᠬᠢᠭᠤᠯᠬᠤ》 ᠰᠢᠷᠢᠰ ᠭᠤᠤᠯ ᠰᠡᠳᠦᠪᠲᠤ ᠰᠤᠨᠢᠨ ᠮᠡᠳᠡᠭᠡ ᠨᠡᠢᠲᠡᠯᠡᠬᠦ ᠬᠤᠷᠠᠯ ᠤ᠋ᠨ ᠨᠢ᠋ᠮᠠᠳᠤᠭᠠᠷ ᠲᠠᠯᠠᠪᠠᠢ ᠬᠤᠷᠠᠯ ᠢ᠋ ᠬᠤᠷᠠᠯᠳᠤᠭᠤᠯᠵᠤ᠂ ᠦᠪᠡᠷᠲᠡᠭᠡᠨ ᠵᠠᠰᠠᠬᠤ ᠤᠷᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠠᠯᠪᠠᠨ ᠲᠢᠩᠬᠢᠮ᠂ ᠠᠮᠢ ᠠᠬᠤᠢ ᠤᠷᠴᠢᠨ ᠲᠤᠭᠤᠷᠢᠨ ᠤ᠋ ᠲᠢᠩᠬᠢᠮ᠂ ᠪᠠᠢᠭᠠᠯᠢ ᠵᠢᠨ ᠡᠬᠢ ᠪᠠᠶᠠᠯᠢᠭ ᠤ᠋ᠨ ᠲᠢᠩᠬᠢᠮ᠂ ᠤᠰᠤᠨ ᠠᠰᠢᠭᠯᠠᠯᠲᠠ ᠵᠢᠨ ᠲᠢᠩᠬᠢᠮ᠂ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠠ ᠵᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠡᠴᠡ 《ᠤᠮᠠᠷᠠᠲᠤ ᠵᠢᠨ ᠭᠤᠷᠪᠠᠨ ᠤᠷᠤᠨ》 ᠤ᠋ ᠢᠨᠵᠸᠨ᠋ᠸᠷᠢᠩ ᠤ᠋ᠨ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠳᠠᠢ ᠳᠠᠢᠯᠠᠯᠳᠤᠭᠠᠨ ᠪᠤᠯᠤᠨ ᠠᠮᠢ ᠠᠬᠤᠢ ᠵᠢᠨ ᠬᠠᠮᠠᠭᠠᠯᠠᠯᠲᠠ ᠪᠠ ᠵᠠᠰᠠᠯᠳᠠ ᠰᠡᠷᠭᠦᠭᠡᠯᠲᠡ ᠵᠢ ᠴᠢᠩᠭᠠᠳᠭᠠᠬᠤ᠂ ᠪᠤᠬᠢᠷᠳᠤᠯ ᠢ᠋ ᠰᠡᠷᠭᠡᠢᠯᠡᠨ ᠵᠠᠰᠠᠬᠤ ᠪᠤᠭᠤᠮᠲᠠ ᠰᠢᠪᠲᠤᠯᠬᠤ ᠳᠠᠢᠯᠠᠯᠳᠤᠭᠠᠨ ᠵᠡᠷᠭᠡ ᠵᠢ ᠰᠠᠢᠲᠤᠷ ᠬᠢᠬᠦ ᠲᠠᠯ᠎ᠠ ᠪᠡᠷ ᠲᠠᠨᠢᠯᠴᠠᠭᠤᠯᠪᠠ᠃
ᠬᠠᠮᠠᠭᠠᠯᠠᠬᠤ ᠵᠢ ᠲᠡᠷᠢᠭᠦᠨ ᠳ᠋ᠤ ᠲᠠᠯᠪᠢᠬᠤ᠂ ᠠᠶᠠᠨᠳᠠᠭᠠᠨ ᠰᠡᠷᠭᠦᠭᠡᠬᠦ ᠪᠡᠷ ᠭᠣᠣᠯ ᠪᠣᠯᠭᠠᠬᠤ ᠵᠢ ᠪᠠᠷᠢᠮᠲᠠᠯᠠᠵᠤ᠂ ᠴᠢᠳᠠᠮᠵᠢ ᠨᠢ ᠪᠦᠷᠢᠨ ᠲᠡᠭᠦᠯᠳᠡᠷ᠂ ᠪᠠᠲᠤ ᠪᠡᠬᠢ ᠠᠮᠢ ᠠᠬᠤᠢ ᠵᠢᠨ ᠠᠮᠤᠷ ᠲᠦᠪᠱᠢᠨ ᠤ᠋ ᠬᠠᠯᠬᠠᠪᠴᠢ ᠵᠢ ᠪᠦᠳᠦᠬᠡᠨ ᠪᠠᠢᠭᠤᠯᠤᠨ᠎ᠠ᠃ ᠮᠠᠨ ᠤ᠋ ᠤᠷᠤᠨ ᠨᠤᠳᠤᠭ ᠪᠡᠯᠴᠢᠬᠡᠷ ᠣᠢ ᠱᠢᠭᠤᠢ ᠵᠢ ᠰᠠᠢᠲᠤᠷ ᠬᠠᠮᠠᠭᠠᠯᠠᠵᠤ᠂ ᠨᠤᠲᠤᠭ ᠪᠡᠯᠴᠢᠭᠡᠷ ᠪᠠ ᠣᠶ ᠱᠢᠭᠤᠶ ᠵᠢ ᠬᠠᠮᠠᠭᠠᠯᠠᠬᠤ ᠵᠢ ᠲᠡᠷᠢᠭᠦᠨ ᠴᠢᠬᠤᠯᠠ ᠡᠭᠦᠷᠭᠡ ᠪᠣᠯᠭᠠᠨ᠂ ᠬᠦᠴᠢᠷ ᠲᠦᠪᠡᠭ᠌ᠲᠡᠶ ᠨᠠᠷᠢᠨ ᠪᠤᠳᠤᠯᠢᠶᠠᠨᠲᠠᠶ ᠬᠡᠷᠡᠭ ᠢ᠋ ᠰᠢᠢᠳᠪᠤᠷᠢᠯᠡᠬᠦ ᠪᠣᠭᠣᠮᠲᠠ ᠱᠢᠪᠲᠤᠯᠤᠯᠳᠠ ᠵᠢ ᠯᠠᠪᠳᠠᠭᠤᠨ ᠪᠠᠲᠤᠲᠠᠶ ᠥᠷᠨᠢᠭᠦᠯᠵᠤ᠂ ᠠᠰᠠᠭᠤᠳᠠᠯ ᠢ᠋ ᠠᠯᠢ ᠲᠦᠷᠭᠡᠨ ᠵᠢᠡᠷ ᠪᠦᠬᠦᠨ ᠢ᠋ ᠱᠢᠶ᠋ᠳᠪᠦᠷᠢᠯᠡᠨᠡ; ᠤᠯᠤᠰ ᠤ᠋ᠨ ᠭᠠᠵᠠᠷ ᠱᠢᠷᠣᠶ ᠵᠢ ᠶᠡᠬᠡ ᠬᠡᠪᠴᠢᠶ᠎ᠡ ᠪᠡᠷ ᠨᠣᠭᠣᠭᠠᠷᠠᠭᠤᠯᠬᠤ ᠠᠵᠢᠯᠯᠠᠭ᠎ᠠ ᠵᠢ ᠱᠢᠨᠵᠢᠯᠡᠬᠦ᠌ ᠤᠬᠠᠭᠠᠨᠴᠢ ᠪᠡᠷ ᠥᠷᠨᠢᠭᠦᠯᠵᠦ᠍᠂ ᠣᠶ ᠱᠢᠭᠤᠶ ᠵᠢᠨ ᠡᠬᠢ ᠪᠠᠶᠠᠯᠢᠭ ᠪᠣᠯᠤᠨ ᠶᠠᠰᠤ ᠴᠢᠨᠠᠷ ᠤ᠋ᠨ ᠲᠣᠭ᠍ᠲᠠᠭᠤᠨ ᠵᠢᠡᠷ ᠨᠡᠮᠡᠭ᠌ᠳᠡᠬᠦ᠌ ᠵᠢ ᠦᠨᠡᠨ ᠬᠦ᠌ ᠪᠠᠲᠤᠯᠠᠨ᠎ᠠ; ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠭᠦᠯᠬᠦ᠌ ᠵᠢ ᠵᠠᠰᠠᠭ᠍ᠰᠠᠨ ᠦᠷ᠎ᠡ ᠪᠦᠲᠦᠭᠡᠯ ᠢ᠋ ᠪᠡᠬᠢᠵᠢᠭᠦᠯᠦᠨ ᠭᠦᠨᠵᠡᠭᠡᠢᠷᠡᠭᠦᠯᠵᠦ᠍᠂ ᠳᠥᠷᠪᠡᠳᠦᠭᠡᠷ ᠡᠭᠡᠯᠵᠢ ᠵᠢᠨ ᠨᠤᠲᠤᠭ ᠪᠡᠯᠴᠢᠭᠡᠷ ᠤ᠋ᠨ ᠠᠮᠢ ᠠᠬᠤᠢ ᠵᠢᠨ ᠨᠥᠬᠥᠪᠥᠷᠢ ᠱᠠᠩᠨᠠᠯ ᠤ᠋ᠨ ᠲᠥᠷᠥ ᠵᠢᠨ ᠪᠣᠳᠣᠯᠭ᠎ᠠ ᠵᠢᠨ ᠬᠡᠷᠡᠭ᠌ᠵᠢᠭᠦᠯᠬᠦ᠌ ᠲᠥᠰᠦᠯ ᠢ᠋ ᠨᠡᠢᠲᠡᠯᠡᠨ᠂ ᠪᠦᠬᠦ᠌ ᠣᠷᠣᠨ ᠤ᠋ ᠪᠠᠢᠭᠠᠯᠢ ᠵᠢᠨ ᠨᠤᠲᠤᠭ ᠪᠡᠯᠴᠢᠭᠡᠷ ᠤ᠋ᠨ ᠮᠠᠯ ᠪᠡᠯᠴᠢᠭᠡᠷ ᠤ᠋ᠨ ᠲᠡᠩᠴᠡᠭᠦᠷᠢ ᠵᠢᠨ ᠵᠢᠭᠠᠯᠲᠠ ᠲᠣᠭ᠎ᠠ ᠵᠢ 10% ᠡᠴᠡ ᠳᠣᠷᠣᠭ᠍ᠰᠢ ᠲᠣᠭ᠍ᠲᠠᠭᠤᠨ ᠪᠠᠢᠯᠭᠠᠬᠤ ᠵᠢ ᠦᠨᠡᠨ ᠬᠦ᠌ ᠪᠠᠲᠤᠯᠠᠨ᠎ᠠ᠃ ᠬᠠᠳᠤᠨ ᠭᠣᠣᠯ ᠢ᠋ ᠰᠠᠢᠲᠤᠷ ᠰᠠᠬᠢᠨ ᠬᠠᠮᠠᠭᠠᠯᠠᠵᠤ᠂ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠵᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ ᠵᠢᠨ ᠴᠢᠬᠤᠯᠠ ᠶᠡᠬᠡ ᠤᠯᠤᠰ ᠤ᠋ᠨ ᠪᠠᠢᠯᠳᠤᠬᠤ ᠪᠣᠳᠣᠯᠭ᠎ᠠ ᠵᠢ ᠭᠦᠨᠵᠡᠭᠡᠶ ᠨᠠᠢᠳᠠᠪᠤᠷᠢᠵᠢᠭᠤᠯᠵᠤ᠂ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠵᠢᠨ ᠪᠥᠲᠥᠭᠡᠨ ᠪᠠᠢᠭᠤᠯᠤᠯᠲᠠ᠂ ᠪᠣᠬᠢᠷᠲᠤᠯ ᠢ᠋ ᠰᠡᠷᠭᠡᠢᠯᠡᠨ ᠵᠠᠰᠠᠬᠤ᠂ ᠭᠤᠤᠯ ᠤ᠋ᠨ ᠬᠡᠪᠡᠯᠢ ᠵᠢᠵᠠᠰᠠᠬᠤ ᠪᠠ ᠪᠥᠬᠥ᠌ ᠲᠠᠯ᠎ᠠ ᠪᠡᠷ ᠤᠰᠤ ᠠᠷᠪᠢᠯᠠᠵᠤ ᠤᠰᠤ ᠵᠢ ᠡᠵᠡᠮᠳᠡᠬᠦ᠌ ᠠᠵᠢᠯ ᠢ᠋ ᠦᠷᠭᠦᠯᠵᠢᠯᠡᠨ ᠠᠬᠢᠭᠤᠯᠵᠤ᠂ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠣᠷᠴᠢᠨ ᠲᠣᠭᠣᠷᠢᠨ ᠤ᠋ ᠲᠣᠪᠣᠢᠮ᠎ᠠ ᠠᠰᠠᠭᠤᠳᠠᠯ ᠢ᠋ ᠱᠢᠰᠲ᠋ᠧᠮ ᠲᠡᠶ ᠱᠢᠶ᠋ᠳᠪᠦᠷᠢᠯᠡᠨ᠂ ᠤᠯᠤᠰ ᠤ᠋ᠨ ᠬᠠᠲᠤᠨ ᠭᠤᠤᠯ ᠤ᠋ᠨ ᠰᠡᠷᠡᠮᠵᠢᠯᠡᠭᠦᠯᠬᠦ᠌ ᠹᠢᠯᠢᠮ ᠳ᠋ᠤ᠌ ᠢᠯᠡᠷᠡᠭᠦᠯᠦᠭ᠌ᠰᠡᠨ ᠠᠰᠠᠭᠤᠳᠠᠯ ᠢ᠋ ᠵᠢᠯ ᠤ᠋ᠨ ᠰᠡᠭᠦᠯᠴᠢ ᠡᠴᠡ ᠡᠮᠦᠨ᠎ᠡ ᠪᠦᠬᠦᠨ ᠢ᠋ ᠴᠡᠭ᠌ᠴᠡᠯᠡᠨ ᠵᠠᠰᠠᠵᠤ ᠰᠠᠢᠵᠢᠷᠠᠭᠤᠯᠤᠨ᠎ᠠ᠃ ᠠᠮᠢ ᠠᠬᠤᠶ ᠵᠢᠨ ᠱᠢᠰᠲ᠋ᠧᠮ ᠤ᠋ᠨ ᠣᠯᠠᠨ ᠶᠠᠩᠵᠤᠲᠤ ᠴᠢᠨᠠᠷ᠂ ᠲᠣᠭ᠍ᠲᠠᠪᠤᠷᠢᠲᠤ ᠴᠢᠨᠠᠷ᠂ ᠦᠷᠭᠦᠯᠵᠢᠯᠡᠬᠦ᠌ ᠴᠢᠨᠠᠷ ᠢ᠋ ᠪᠥᠬᠥ᠌ ᠲᠠᠯ᠎ᠠ ᠪᠡᠷ ᠳᠡᠭᠡᠭ᠌ᠰᠢᠯᠡᠭᠦᠯᠵᠤ᠂ ᠪᠠᠢᠭᠠᠯᠢ ᠵᠢᠨ ᠬᠠᠮᠠᠭᠠᠯᠠᠯᠲᠠ ᠵᠢᠨ ᠭᠠᠵᠠᠷ ᠤ᠋ᠨ ᠱᠢᠰᠲ᠋ᠧᠮ ᠤ᠋ᠨ ᠪᠠᠢᠭᠤᠯᠤᠯᠲᠠ ᠵᠢ ᠲᠦᠷᠭᠡᠳᠭᠡᠨ ᠠᠬᠢᠭᠤᠯᠵᠤ᠂ ᠠᠯᠠᠱᠠ ᠠᠭᠤᠯᠠ ᠵᠡᠷᠭᠡ ᠤᠯᠤᠰ ᠤ᠋ᠨ ᠴᠡᠴᠡᠷᠯᠢᠭ ᠢ᠋ ᠡᠭᠦᠳᠦᠨ ᠪᠠᠢᠭᠤᠯᠬᠤ ᠵᠢ ᠯᠠᠪᠳᠠᠭᠤᠨ ᠵᠢᠡᠷ ᠠᠬᠢᠭᠤᠯᠤᠨ᠎ᠠ; ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠢ᠋ ᠬᠠᠮᠠᠭᠠᠯᠠᠬᠤ ᠡᠷᠴᠢᠮ ᠢ᠋ ᠴᠢᠩᠭᠠᠷᠠᠭᠤᠯᠵᠤ᠂ ᠠᠯ ᠰᠡᠭᠦᠯ ᠵᠡᠷᠭᠡ ᠮᠥᠬᠥᠬᠦ᠌ ᠱᠢᠬᠠᠭ᠍ᠰᠠᠨ ᠳᠦᠷᠰᠦ ᠵᠢ ᠲᠤᠰᠭᠠᠶ ᠬᠢᠨᠠᠨ ᠬᠡᠮᠵᠢᠬᠦ᠌ ᠠᠵᠢᠯ ᠢ᠋ ᠥᠷᠨᠢᠭᠦᠯᠤᠨ᠂ ᠬᠡᠭᠡᠷ᠎ᠡ ᠵᠢᠨ ᠠᠮᠢᠲᠠᠨ ᠢ᠋ ᠬᠠᠤᠯᠢ ᠪᠤᠰᠤ ᠪᠡᠷ ᠠᠩᠨᠠᠵᠤ ᠠᠷᠠᠯᠵᠢᠶᠠᠯᠠᠬᠤ ᠠᠵᠢᠯᠯᠠᠭ᠎ᠠ ᠳ᠋ᠤ ᠴᠢᠩᠭ᠎ᠠ ᠴᠣᠬᠢᠯᠲᠠ ᠥᠭ᠌ᠭᠦᠨᠡ; ᠬᠥᠷᠥᠰᠥ᠍ ᠱᠢᠷᠣᠢ ᠵᠢᠨ ᠢᠳᠡᠭ᠌ᠳᠡᠯ ᠢ᠋ ᠶᠡᠷᠦᠩᠬᠡᠢᠯᠡᠨ ᠵᠠᠰᠠᠬᠤ ᠵᠢ ᠭᠦᠨᠵᠡᠭᠡᠢ ᠠᠬᠢᠭᠤᠯᠵᠤ᠂ ᠡᠨᠡ ᠵᠢᠯ ᠤ᠋ᠨ ᠳᠣᠲᠣᠷ᠎ᠠ ᠶᠡᠷᠦᠩᠬᠡᠢᠯᠡᠨ ᠵᠠᠰᠠᠬᠤ ᠡᠭᠦᠷᠭᠡ ᠵᠢ 7520 ᠲᠡᠭ᠌ᠰᠢ ᠳᠥᠷᠪᠡᠯᠵᠢᠨ ᠺᠢᠯᠣᠮᠧᠲ᠋ᠷ ᠪᠡᠶᠡᠯᠡᠭᠦᠯᠦᠨ᠎ᠠ; ᠠᠭᠤᠷᠬᠠᠢ ᠵᠢᠨ ᠠᠮᠢ ᠠᠬᠤᠢ ᠵᠢᠨ ᠰᠡᠷᠭᠦᠭᠡᠯᠲᠡ ᠵᠢ ᠨᠢᠭᠡᠳᠦᠯᠲᠡᠢ ᠲᠥᠯᠥᠪᠯᠡᠨ ᠠᠬᠢᠭᠤᠯᠵᠤ᠂ ᠡᠨᠡ ᠵᠢᠯ ᠤ᠋ᠨ ᠳᠣᠲᠣᠷ᠎ᠠ 50 ᠪᠣᠬᠢᠷᠲᠤᠯ ᠦᠭᠡᠢ ᠠᠭᠤᠷᠬᠠᠢ ᠵᠢ ᠱᠢᠨ᠎ᠡ ᠪᠡᠷ ᠪᠠᠢᠭᠤᠯᠬᠤ ᠪᠡᠷ ᠪᠤᠢ᠃
ᠵᠠᠩᠭᠢᠯᠠᠭ᠎ᠠ ᠵᠢ ᠡᠵᠡᠮᠳᠡᠬᠦ᠌᠂ ᠭᠤᠤᠯᠳᠠᠯᠭ᠎ᠠ ᠵᠢ ᠳᠣᠪᠣᠢᠯᠭᠠᠬᠤ ᠵᠢ ᠪᠠᠷᠢᠮᠲᠠᠯᠠᠵᠤ᠂ ᠠᠮᠢ ᠠᠬᠤᠶ ᠣᠷᠴᠢᠨ ᠲᠣᠭᠣᠷᠢᠨ ᠤ᠋ ᠶᠠᠰᠤ ᠴᠢᠨᠠᠷ ᠤ᠋ᠨ ᠰᠠᠢᠵᠢᠷᠠᠯᠲᠠ ᠵᠢ ᠪᠥᠬᠥ᠌ ᠲᠠᠯ᠎ᠠ ᠪᠡᠷ ᠠᠬᠢᠭᠤᠯᠤᠨ᠎ᠡ᠃ ᠮᠠᠨ ᠤ᠋ ᠤᠷᠤᠨ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠢ᠋ ᠦᠷᠭᠦᠯᠵᠢᠯᠡᠨ ᠰᠠᠢᠲᠤᠷ ᠬᠢᠵᠤ᠂ ᠡᠨᠡ ᠵᠢᠯ 4000 ᠲᠦᠮᠡᠨ ᠮᠦ᠍ ᠡᠴᠡ ᠳᠡᠭᠡᠭ᠌ᠰᠢ ᠠᠮᠢ ᠠᠬᠤᠶ ᠵᠢᠨ ᠪᠦᠲᠦᠭᠡᠨ ᠪᠠᠢᠭᠤᠯᠤᠯᠲᠠ ᠵᠢᠨ ᠡᠭᠦᠷᠭᠡ ᠵᠢ ᠪᠡᠶᠡᠯᠡᠭᠦᠯᠵᠦ᠍᠂ ᠡᠭᠦᠨ ᠳ᠋ᠤ 1500 ᠲᠦᠮᠡᠨ ᠮᠦ᠍ ᠡᠴᠡ ᠳᠡᠭᠡᠭ᠌ᠰᠢ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠵᠤ᠂ ᠠᠯᠠᠱᠠ ᠠᠭᠤᠯᠠ ᠡᠴᠡ ᠮᠤᠨᠢ ᠠᠭᠤᠯᠠ ᠬᠦᠷᠬᠦ᠌ ᠬᠡᠰᠡᠭ ᠤ᠋ᠨ ᠬᠠᠳᠤᠨ ᠭᠣᠣᠯ ᠤ᠋ᠨ ᠡᠷᠭᠢ ᠳᠠᠭᠠᠤ 180 ᠺᠢᠯᠦᠮᠸᠲᠷ ᠤ᠋ᠨ ᠨᠡᠭᠦᠳᠡᠯ ᠡᠯᠡᠰᠦ ᠵᠢ ᠱᠢᠰᠲᠧᠮ ᠲᠠᠢ ᠵᠠᠰᠠᠬᠤ ᠵᠢ ᠭᠣᠣᠯᠳᠠᠯᠭ᠎ᠠ ᠲᠠᠶ ᠠᠬᠢᠭᠤᠯᠤᠨ᠎ᠠ; 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠶᠠᠰᠤ ᠴᠢᠨᠠᠷ ᠤ᠋ᠨ ᠣᠨ ᠤ᠋ ᠠᠵᠢᠯᠯᠠᠭ᠎ᠠ ᠵᠢ ᠥᠷᠨᠢᠭᠦᠯᠵᠦ᠍᠂ ᠲᠥᠷᠥᠯ ᠵᠦᠢᠯ ᠤ᠋ᠨ ᠪᠦᠬᠦ᠌ ᠶᠠᠪᠤᠴᠠ ᠵᠢᠨ ᠬᠠᠮᠢᠶᠠᠷᠤᠯᠲᠠ ᠵᠢ ᠴᠢᠩᠭᠠᠳᠭᠠᠨ᠎ᠠ; ᠮᠠᠱᠢᠨ ᠵᠢᠡᠷ ᠡᠯᠡᠰᠦ ᠵᠢ ᠵᠠᠰᠠᠬᠤ ᠵᠢ ᠢᠳᠡᠪᠬᠢᠲᠡᠶ ᠪᠡᠷ ᠳᠡᠯᠭᠡᠷᠡᠭᠦᠯᠦᠨ᠂ ᠠᠵᠢᠯ ᠣᠯᠭᠣᠯᠲᠠ ᠪᠡᠷ ᠲᠡᠳᠬᠦᠮᠵᠢ ᠵᠢ ᠣᠷᠣᠯᠠᠭᠤᠯᠬᠤ ᠵᠢ ᠶᠡᠬᠡ ᠪᠡᠷ ᠳᠡᠯᠭᠡᠷᠡᠭᠦᠯᠵᠦ᠍᠂ ᠨᠡᠩ ᠣᠯᠠᠨ ᠮᠠᠯᠴᠢᠨ ᠲᠠᠷᠢᠶᠠᠴᠢᠳ ᠢ᠋ ᠳᠠᠢᠴᠢᠯᠠᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠳ᠋ᠤ ᠣᠷᠣᠯᠴᠠᠭᠤᠯᠵᠤ᠂ ᠡᠯᠡᠰᠦ ᠵᠢ ᠵᠠᠰᠠᠬᠤ᠂ ᠬᠠᠮᠲᠤ ᠪᠡᠷ ᠪᠠᠶᠠᠵᠢᠬᠤ ᠵᠢ ᠪᠡᠶᠡᠯᠡᠭᠦᠯᠦᠨ᠎ᠡ᠃ ᠬᠥᠬᠡ ᠣᠭ᠍ᠲᠠᠷᠭᠤᠶ᠂ ᠬᠥᠬᠡᠮᠳᠦᠭ ᠤᠰᠤ᠂ ᠴᠡᠪᠡᠷ ᠬᠥᠷᠥᠰᠥ ᠵᠢ ᠬᠠᠮᠠᠭᠠᠯᠠᠬᠤ ᠭᠤᠷᠪᠠᠨ ᠶᠡᠬᠡ ᠳᠠᠢᠯᠠᠯᠳᠤᠭᠠᠨ ᠢ᠋ ᠭᠦᠨᠵᠡᠭᠡᠶ ᠰᠠᠢᠲᠤᠷ ᠬᠢᠨ᠎ᠠ᠃ ᠬᠥᠬᠡ ᠣᠭ᠍ᠲᠠᠷᠭᠤᠶ ᠵᠢ ᠬᠠᠮᠠᠭᠠᠯᠠᠬᠤ ᠳᠠᠢᠯᠠᠯᠳᠤᠭᠠᠨ ᠤ᠋ ᠲᠠᠯ᠎ᠠ ᠪᠡᠷ᠂ ᠬᠥᠬᠡᠬᠣᠲᠠ ᠪᠤᠭᠤᠲᠤ ᠣᠷᠳᠣᠰ ᠪᠠᠶᠠᠨᠨᠠᠭᠤᠷ ᠦᠬᠠᠶ ᠵᠢᠴᠢ ᠡᠷᠬᠢᠨ ᠲᠣᠭᠣᠷᠢᠨ ᠤ᠋ ᠭᠠᠵᠠᠷ ᠣᠷᠣᠨ ᠤ᠋ ᠠᠭᠠᠷ ᠮᠠᠨᠳᠠᠯ ᠤ᠋ᠨ ᠪᠣᠬᠢᠷᠲᠤᠯ ᠢ᠋ ᠬᠣᠯᠪᠣᠭᠠᠯᠠᠨ ᠰᠡᠷᠭᠡᠢᠯᠡᠵᠦ᠍ ᠬᠣᠯᠪᠣᠭᠠᠯᠠᠨ ᠡᠵᠡᠮᠳᠡᠵᠦ᠍ ᠬᠣᠯᠪᠣᠭᠠᠯᠠᠨ ᠵᠠᠰᠠᠬᠤ ᠵᠢ ᠭᠦᠨᠵᠡᠭᠡᠢᠷᠡᠭᠦᠯᠵᠦ᠍᠂ ᠬᠦᠨᠳᠦ ᠪᠣᠬᠢᠷᠲᠤᠯ ᠲᠠᠶ ᠴᠠᠭ ᠠᠭᠤᠷ ᠢ᠋ ᠦᠨᠳᠦᠰᠦᠨ ᠳ᠋ᠡᠭᠡᠨ ᠠᠷᠢᠯᠭᠠᠨ᠎ᠠ᠃ ᠬᠦᠬᠡᠮᠳᠦᠭ ᠤᠰᠤ ᠵᠢ ᠬᠠᠮᠠᠭᠠᠯᠠᠬᠤ ᠳᠠᠢᠯᠠᠯᠳᠤᠭᠠᠨ ᠤ᠋ ᠲᠠᠯ᠎ᠠ ᠪᠡᠷ᠂ ᠠᠵᠤ ᠦᠶ᠋ᠯᠡᠳᠪᠦᠷᠢ ᠵᠢᠨ ᠬᠦᠷᠢᠶᠡᠯᠡᠩ ᠲᠣᠭᠣᠷᠢᠭ ᠤ᠋ᠨ ᠤᠰᠤᠨ ᠤ᠋ ᠪᠣᠬᠢᠷᠲᠤᠯ ᠢ᠋ ᠴᠡᠭ᠌ᠴᠡᠯᠡᠨ ᠵᠠᠰᠠᠬᠤ ᠲᠤᠰᠭᠠᠶ ᠠᠵᠢᠯᠯᠠᠭ᠎ᠠ ᠵᠢ ᠥᠷᠨᠢᠭᠦᠯᠵᠦ᠍᠂ ᠭᠤᠤᠯᠳᠠᠯᠭ᠎ᠠ ᠲᠠᠶ ᠰᠠᠪᠠ ᠭᠠᠵᠠᠷ ᠤ᠋ᠨ ᠤᠰᠤᠨ ᠤ᠋ ᠣᠷᠴᠢᠨ ᠲᠣᠭᠣᠷᠢᠨ ᠤ᠋ ᠶᠠᠰᠤ ᠴᠢᠨᠠᠷ ᠢ᠋ ᠦᠷᠭᠦᠯᠵᠢᠯᠡᠨ ᠪᠡᠬᠢᠵᠢᠭᠦᠯᠦᠨ ᠰᠠᠢᠵᠢᠷᠠᠭᠤᠯᠬᠤ ᠵᠢ ᠠᠬᠢᠭᠤᠯᠤᠨ᠂ 《ᠬᠦᠯᠦᠨ ᠨᠠᠭᠤᠷ ᠳᠠᠭ᠎ᠠ ᠵᠢᠨ ᠨᠠᠭᠤᠷ ᠤᠯᠠᠭᠠᠨᠰᠤᠬᠠᠢ》 ᠵᠢᠴᠢ ᠴᠠᠭᠠᠨᠨᠠᠭᠤᠷ ᠤ᠋ᠨ ᠠᠮᠢ ᠠᠬᠤᠶ ᠣᠷᠴᠢᠨ ᠲᠣᠭᠣᠷᠢᠨ ᠤ᠋ ᠶᠠᠰᠤ ᠴᠢᠨᠠᠷ ᠢ᠋ ᠲᠣᠭ᠍ᠲᠠᠭᠤᠨ ᠤ᠋ ᠳᠤᠮᠳᠠ ᠰᠠᠢᠵᠢᠷᠠᠭᠤᠯᠤᠨ᠎ᠠ᠃ ᠴᠡᠪᠡᠷ ᠬᠥᠷᠥᠰᠥ ᠵᠢ ᠬᠠᠮᠠᠭᠠᠯᠠᠬᠤ ᠳᠠᠢᠯᠠᠯᠳᠤᠭᠠᠨ ᠤ᠋ ᠲᠠᠯ᠎ᠠ ᠪᠡᠷ᠂ ᠲᠠᠷᠢᠶᠠᠯᠠᠩ ᠳ᠋ᠤ ᠬᠡᠷᠡᠭ᠌ᠯᠡᠬᠦ᠌ ᠭᠠᠵᠠᠷ ᠤ᠋ᠨ ᠬᠥᠷᠥᠰᠥ᠍ ᠱᠢᠷᠣᠶ ᠵᠢᠨ ᠬᠦᠨᠳᠦ ᠲᠡᠮᠦᠷᠯᠢᠭ ᠤ᠋ᠨ ᠪᠣᠬᠢᠷᠲᠤᠯ ᠤ᠋ᠨ ᠡᠬᠢ ᠰᠤᠷᠪᠤᠯᠵᠢ ᠵᠢ ᠮᠥᠷᠳᠡᠨ ᠵᠠᠰᠠᠬᠤ ᠠᠵᠢᠯ ᠢ᠋ ᠥᠷᠨᠢᠭᠦᠯᠵᠦ᠍᠂ ᠡᠨᠡ ᠵᠢᠯ ᠤ᠋ᠨ ᠳᠣᠲᠣᠷ᠎ᠠ 500 ᠵᠠᠰᠠᠭ ᠵᠠᠬᠢᠷᠭᠠᠨ ᠤ᠋ ᠲᠣᠰᠭᠣᠨ ᠤ᠋ ᠠᠮᠢᠳᠤᠷᠠᠯ ᠤ᠋ᠨ ᠪᠣᠬᠢᠷ ᠤᠰᠤ ᠵᠢ ᠵᠠᠰᠠᠨ᠎ᠠ; ᠬᠠᠲᠠᠭᠤ ᠪᠡᠶᠡᠲᠦ ᠬᠠᠶᠠᠭ᠍ᠳᠠᠮᠠᠯ ᠪᠣᠳᠠᠰ ᠢ᠋ ᠶᠡᠷᠦᠩᠬᠡᠢᠯᠡᠨ ᠵᠠᠰᠠᠬᠤ ᠠᠵᠢᠯᠯᠠᠭ᠎ᠠ ᠵᠢ ᠬᠡᠷᠡᠭ᠌ᠵᠢᠭᠦᠯᠤᠨ᠂ 《ᠬᠠᠶᠠᠭ᠍ᠳᠠᠮᠠᠯ ᠪᠣᠳᠠᠰ ᠦᠭᠡᠢ ᠬᠤᠳᠠ》 ᠵᠢᠨ ᠪᠦᠳᠦᠭᠡᠨ ᠪᠠᠢᠭᠤᠯᠤᠯᠲᠠ ᠵᠢ ᠭᠦᠨᠵᠡᠭᠡᠢ ᠠᠬᠢᠭᠤᠯᠵᠤ᠂ ᠠᠮᠢ ᠠᠬᠤᠢ ᠣᠷᠴᠢᠨ ᠲᠤᠭᠤᠷᠢᠨ ᠤ᠋ ᠠᠮᠤᠷ ᠲᠦᠪᠱᠢᠨ ᠤ᠋ ᠬᠤᠷᠢᠭ᠎ᠠ ᠱᠤᠭᠤᠮ ᠢ᠋ ᠡᠷᠡᠰ ᠰᠠᠢᠲᠤᠷ ᠰᠠᠬᠢᠨ᠎ᠠ᠃
ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭᠰᠢᠯᠠᠭᠤᠯᠬᠤ ᠬᠥᠭ᠌ᠵᠢᠯᠲᠡ ᠵᠢ ᠠᠮᠢ ᠠᠬᠤᠢ ᠣᠷᠴᠢᠨ ᠲᠣᠭᠣᠷᠢᠨ ᠤ᠋ ᠠᠰᠠᠭᠤᠳᠠᠯ ᠢ᠋ ᠱᠢᠢᠳᠪᠦᠷᠢᠯᠡᠬᠦ᠌ ᠦᠨᠳᠦᠰᠦᠨ ᠡᠴᠡ ᠨᠢ ᠵᠠᠰᠠᠬᠤ ᠠᠷᠭ᠎ᠠ ᠪᠤᠳᠤᠯᠭ᠎ᠠ ᠪᠣᠯᠭᠠᠬᠤ ᠵᠢ ᠪᠠᠷᠢᠮᠲᠠᠯᠠᠵᠤ᠂ ᠠᠵᠤ ᠠᠬᠤᠢ ᠨᠡᠢᠭᠡᠮ ᠤ᠋ᠨ ᠬᠥᠭ᠌ᠵᠢᠯᠲᠡ ᠵᠢᠨ ᠪᠦᠬᠦ᠌ ᠲᠠᠯ᠎ᠠ ᠪᠡᠷ ᠪᠣᠬᠢᠷᠲᠤᠯ ᠦᠭᠡᠢ ᠲᠠᠢᠰᠢ ᠬᠡᠯᠪᠡᠷᠢ ᠪᠡᠨ ᠬᠤᠪᠢᠷᠠᠭᠤᠯᠬᠤ ᠵᠢ ᠲᠦᠷᠭᠡᠳᠭᠡᠨ᠎ᠠ᠃ ᠮᠠᠨ ᠤ᠋ ᠤᠷᠤᠨ ᠠᠮᠢ ᠠᠬᠤᠶ ᠣᠷᠴᠢᠨ ᠲᠣᠭᠣᠷᠢᠨ ᠤ᠋ ᠣᠷᠣᠨ ᠬᠤᠪᠢᠶᠠᠨ ᠬᠠᠮᠢᠶᠠᠷᠤᠨ ᠡᠵᠡᠮᠳᠡᠬᠦ᠌ ᠵᠢ ᠭᠦᠨᠵᠡᠭᠡᠢᠷᠡᠭᠦᠯᠤᠨ᠂ ᠠᠮᠢ ᠠᠬᠤᠶ ᠣᠷᠴᠢᠨ ᠲᠣᠭᠣᠷᠢᠨ ᠤ᠋ ᠵᠦᠷᠢᠶᠡᠴᠢᠯᠡᠭ᠌ᠰᠡᠨ ᠬᠠᠮᠢᠶᠠᠷᠤᠯᠲᠠ ᠵᠢ ᠬᠡᠷᠡᠭ᠌ᠵᠢᠭᠦᠯᠵᠤ᠂ ᠣᠷᠴᠢᠨ ᠲᠣᠭᠣᠷᠢᠨ ᠳ᠋ᠤ ᠦᠵᠡᠭᠦᠯᠬᠦ᠌ ᠨᠥᠯᠥᠭᠡ ᠵᠢ ᠦᠨᠡᠯᠡᠬᠦ᠌ ᠦᠶ᠋ᠯᠡᠴᠢᠯᠡᠭᠡᠨ ᠤ᠋ ᠬᠠᠮᠢᠶᠠᠷᠤᠯᠲᠠ ᠵᠢ ᠴᠢᠩᠭᠠᠳᠭᠠᠨ᠂ ᠪᠣᠬᠢᠷᠲᠤᠯ ᠪᠠ ᠨᠡᠭᠦᠷᠡᠰᠦᠲᠥ᠋ᠷᠥᠭ᠌ᠴᠢ ᠵᠢᠨ ᠭᠠᠳᠠᠭᠰᠢᠯᠠᠭᠤᠯᠤᠯᠲᠠ ᠵᠢ ᠪᠠᠭᠠᠰᠭᠠᠬᠤ ᠵᠢ ᠬᠠᠮᠵᠢᠯᠴᠠᠨ ᠡᠵᠡᠮᠳᠡᠬᠦ᠌ ᠵᠢ ᠡᠬᠢ ᠡᠭᠦᠰᠦᠯ ᠡᠴᠡ ᠨᠢ ᠪᠡᠶᠡᠯᠡᠭᠦᠯᠦᠨ᠎ᠡ᠃ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭᠰᠢᠯᠠᠭᠤᠯᠬᠤ ᠬᠥᠭ᠌ᠵᠢᠯᠲᠡ ᠵᠢ ᠲᠦᠷᠭᠡᠳᠭᠡᠨ ᠠᠬᠢᠭᠤᠯᠵᠤ᠂ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠶᠡᠷᠦᠩᠬᠡᠶ ᠬᠡᠮᠵᠢᠶ᠎ᠡ ᠪᠠ ᠬᠦᠴᠦᠯᠡᠴᠡ ᠵᠢᠨ ᠬᠤᠤᠰ ᠡᠵᠡᠮᠳᠡᠯ ᠤ᠋ᠨ ᠲᠦᠷᠢᠮ ᠢ᠋ ᠪᠥᠬᠥ᠌ ᠲᠠᠯ᠎ᠠ ᠪᠡᠷ ᠬᠡᠷᠡᠭ᠌ᠵᠢᠭᠦᠯᠤᠨ᠂ ᠥᠪᠡᠷᠲᠡᠭᠡᠨ ᠵᠠᠰᠠᠬᠤ ᠣᠷᠣᠨ ᠤ᠋ 《ᠠᠷᠪᠠᠨ ᠲᠠᠪᠤᠳᠤᠭᠠᠷ ᠲᠠᠪᠤᠨ ᠵᠢᠯ》 ᠤ᠋ᠨ ᠨᠡᠭᠦᠷᠡᠰᠦᠲᠥ᠋ᠷᠥᠭ᠌ᠴᠢ ᠵᠢᠨ ᠭᠠᠳᠠᠭᠰᠢᠯᠠᠭᠤᠯᠤᠯᠲᠠ ᠣᠷᠭᠢᠯᠬᠡᠮᠵᠢᠭᠳᠡᠯ ᠳ᠋ᠤ ᠬᠦᠷᠬᠦ ᠠᠵᠢᠯᠯᠠᠭ᠎ᠠ ᠵᠢᠨ ᠲᠥᠰᠦᠯ ᠢ᠋ ᠨᠠᠢᠷᠠᠭᠤᠯᠤᠨ ᠵᠣᠬᠢᠶᠠᠵᠤ᠂ ᠨᠡᠭᠦᠷᠡᠰᠦᠲᠥ᠋ᠷᠥᠭ᠌ᠴᠢ ᠦᠯᠤ ᠭᠠᠳᠠᠭᠰᠢᠯᠠᠭᠤᠯᠬᠤ ᠬᠦᠷᠢᠶᠡᠯᠡᠩ ᠲᠣᠭᠣᠷᠢᠭ ᠪᠠ ᠦᠶ᠋ᠯᠡᠳᠪᠦᠷᠢ ᠵᠢ ᠴᠢᠨᠠᠷ ᠰᠠᠢᠲᠠᠶ ᠪᠠᠢᠭᠤᠯᠤᠨ᠎ᠠ; ᠪᠣᠬᠢᠷᠲᠤᠯ ᠢ᠋ ᠪᠠᠭᠠᠰᠭᠠᠵᠤ ᠨᠡᠭᠦᠷᠡᠰᠦᠲᠥ᠋ᠷᠥᠭ᠌ᠴᠢ ᠵᠢᠨ ᠭᠠᠳᠠᠭᠰᠢᠯᠠᠭᠤᠯᠤᠯᠲᠠ ᠵᠢ ᠪᠠᠭᠠᠰᠭᠠᠬᠤ ᠬᠠᠮᠵᠢᠯᠴᠠᠭᠰᠠᠨ ᠱᠢᠨ᠎ᠡ ᠵᠢ ᠡᠭᠦᠳᠬᠦ᠌ ᠪᠠ ᠠᠭᠤᠷ ᠠᠮᠢᠰᠭᠤᠯ ᠳ᠋ᠤ ᠵᠣᠬᠢᠴᠠᠬᠤ ᠬᠡᠯᠪᠡᠷᠢ ᠵᠢᠨ ᠬᠤᠳᠠ ᠵᠢᠨ ᠲᠤᠷᠱᠢᠯᠲᠠ ᠵᠢᠨ ᠴᠡᠭ ᠤ᠋ᠨ ᠪᠠᠢᠭᠤᠯᠤᠯᠲᠠ ᠵᠢ ᠭᠦᠨᠵᠡᠭᠡᠢᠷᠡᠭᠦᠯᠦᠨ᠎ᠡ; ᠠᠮᠢ ᠠᠬᠤᠢ ᠵᠢᠨ ᠴᠡᠪᠡᠷ ᠴᠡᠮᠴᠡᠬᠡᠷ ᠵᠢᠵᠢᠭ ᠰᠠᠪᠠ ᠭᠠᠵᠠᠷ ᠤ᠋ᠨ ᠬᠥᠷᠥᠰᠥ᠍ ᠱᠢᠷᠣᠢ ᠵᠢ ᠬᠠᠮᠠᠭᠠᠯᠠᠬᠤ ᠠᠮᠢ ᠠᠬᠤᠢ ᠵᠢᠨ ᠦᠢᠯᠡᠳᠬᠦᠨ ᠤ᠋ ᠥᠷᠲᠡᠭ ᠢ᠋ ᠣᠨᠳᠣᠣᠱᠢᠭᠤᠯᠬᠤ ᠵᠢ ᠢᠳᠡᠪᠬᠢᠲᠡᠢ ᠠᠬᠢᠭᠤᠯᠵᠤ᠂ ᠬᠥᠯᠥᠨ ᠪᠤᠢᠷ ᠤ᠋ᠨ ᠤᠯᠤᠰ ᠤ᠋ᠨ ᠠᠮᠢ ᠠᠬᠤᠢ ᠵᠢᠨ ᠦᠢᠯᠡᠳᠬᠦᠨ ᠤ᠋ ᠥᠷᠲᠡᠭ ᠢ᠋ ᠪᠡᠶᠡᠯᠡᠭᠦᠯᠬᠦ᠌ ᠲᠣᠭ᠍ᠲᠠᠴᠠ ᠵᠢᠨ ᠲᠤᠷᠱᠢᠯᠲᠠ ᠵᠢᠨ ᠴᠡᠭ ᠤ᠋ᠨ ᠪᠠᠢᠭᠤᠯᠤᠯᠲᠠ ᠵᠢᠨ ᠠᠵᠢᠯ ᠢ᠋ ᠦᠷᠨᠢᠬᠦᠯᠤᠨ᠂ ᠪᠦᠬᠦ᠌ ᠣᠷᠣᠨ ᠤ᠋ ᠣᠢ ᠱᠢᠭᠤᠢ ᠡᠪᠡᠰᠦᠨ ᠤ᠋ ᠠᠵᠤ ᠦᠢᠯᠡᠰ ᠤ᠋ᠨ ᠦᠢᠯᠡᠳᠬᠦᠨ ᠤ᠋ ᠥᠷᠲᠡᠭ ᠢ᠋ 1240 ᠳ᠋ᠦᠩᠱᠢᠭᠤᠷ ᠲᠥᠭᠥᠷᠢᠭ ᠡᠴᠡ ᠳᠡᠭᠡᠭ᠌ᠰᠢ ᠬᠦᠷᠬᠡᠬᠦ᠌ ᠵᠢ ᠠᠬᠢᠭᠤᠯᠤᠨ᠎ᠠ᠃ ᠡᠬᠢ ᠪᠠᠶᠠᠯᠢᠭ ᠢ᠋ ᠠᠷᠪᠢᠯᠠᠨ ᠭᠠᠮᠨᠠᠵᠤ ᠡᠷᠴᠢᠮᠵᠢᠭᠦᠯᠦᠨ ᠠᠱᠢᠭ᠍ᠯᠠᠬᠤ ᠵᠢ ᠴᠢᠩᠭᠠᠳᠭᠠᠵᠤ᠂ ᠤᠯᠠᠮᠵᠢᠯᠠᠯᠲᠤ ᠠᠵᠤ ᠦᠢᠯᠡᠳᠪᠦᠷᠢ ᠵᠢᠨ ᠬᠠᠲᠠᠭᠤ ᠪᠡᠶᠡᠲᠦ ᠬᠠᠶᠠᠭ᠍ᠳᠠᠮᠠᠯ ᠪᠣᠳᠠᠰ ᠢ᠋ ᠡᠬᠢ ᠪᠠᠶᠠᠯᠢᠭ᠍ᠵᠢᠭᠤᠯᠤᠨ ᠠᠱᠢᠭ᠍ᠯᠠᠬᠤ ᠪᠠ ᠱᠢᠨ᠎ᠡ ᠪᠡᠷ ᠪᠤᠶ ᠪᠣᠯᠤᠭ᠍ᠰᠠᠨ ᠠᠵᠤ ᠦᠢᠯᠡᠰ ᠤ᠋ᠨ ᠬᠠᠶᠠᠭ᠍ᠳᠠᠮᠠᠯ ᠪᠣᠳᠠᠰ ᠢ᠋ ᠡᠷᠭᠢᠯᠳᠦᠭᠦᠯᠦᠨ ᠠᠱᠢᠭ᠍ᠯᠠᠬᠤ ᠵᠢ ᠴᠢᠩᠭᠠᠳᠭᠠᠵᠤ᠂ ᠬᠣᠭ ᠨᠣᠪᠰᠢ ᠵᠢ ᠲᠥᠷᠥᠯ ᠠᠩᠭᠢᠯᠠᠬᠤ ᠪᠠ ᠡᠬᠢ ᠪᠠᠶᠠᠯᠢᠭ᠍ᠵᠢᠭᠤᠯᠤᠨ ᠠᠱᠢᠭ᠍ᠯᠠᠬᠤ ᠲᠦᠪᠰᠢᠨ ᠢ᠋ ᠳᠡᠭᠡᠭ᠌ᠰᠢᠯᠡᠭᠦᠯᠦᠨᠡ; ᠤᠰᠤᠨ ᠤ᠋ ᠡᠬᠢ ᠪᠠᠶᠠᠯᠢᠭ ᠤ᠋ᠨ ᠬᠠᠲᠠᠭᠤ ᠬᠢᠵᠠᠭᠠᠷᠯᠠᠯ ᠢ᠋ ᠴᠢᠩᠭᠠᠳᠭᠠᠨ᠂ ᠥᠨᠳᠥᠷ ᠦᠷ᠎ᠡ ᠠᠱᠢᠭ᠍ᠲᠤ ᠤᠰᠤ ᠠᠷᠪᠢᠯᠠᠬᠤ ᠤᠰᠤᠯᠠᠯᠲᠠ ᠵᠢᠨ ᠢᠨᠵᠧᠨᠧᠷᠢᠩ ᠢ᠋ 214 ᠲᠦᠮᠡᠨ ᠮᠤ᠌ ᠡᠴᠡ ᠳᠡᠭᠡᠭ᠌ᠰᠢ ᠱᠢᠨ᠎ᠡ ᠪᠡᠷ ᠪᠠᠢᠭᠤᠯᠵᠤ᠂ ᠳᠠᠬᠢᠯᠲᠠ ᠤᠰᠤ᠂ ᠠᠭᠤᠷᠬᠠᠢ ᠵᠢᠨ ᠬᠤᠳᠳᠤᠭ ᠤ᠋ᠨ ᠤᠰᠤ᠂ ᠪᠣᠷᠣᠭᠠᠨ ᠤ᠋ ᠦᠶᠡᠷ ᠤ᠋ᠨ ᠤᠰᠤᠨ ᠤ᠋ ᠠᠱᠢᠭ᠍ᠯᠠᠯᠲᠠ ᠵᠢᠨ ᠲᠦᠪᠱᠢᠨ ᠢ᠋ ᠳᠡᠭᠡᠭ᠌ᠰᠢᠯᠡᠭᠦᠯᠵᠦ᠍ ᠂ ᠡᠨᠡ ᠵᠢᠯ ᠤ᠋ᠨ ᠳᠣᠲᠣᠷ᠎ᠠ ᠡᠯ᠎ᠡ ᠠᠵᠢᠯ ᠲᠥᠷᠥᠯ ᠤ᠋ᠨ ᠤᠰᠤ ᠠᠷᠪᠢᠯᠠᠬᠤ ᠴᠢᠳᠠᠪᠤᠷᠢ ᠵᠢ 3 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲᠷ ᠨᠡᠮᠡᠭ᠌ᠳᠡᠭᠦᠯᠬᠦ ᠪᠡᠷ ᠪᠤᠢ᠃
ᠣᠶᠤᠨᠴᠢ ᠪᠡᠷ ᠬᠠᠤᠯᠢ ᠬᠡᠷᠡᠭ᠌ᠵᠢᠭᠦᠯᠬᠦ᠌ ᠬᠢᠨᠠᠯᠲᠠ ᠬᠠᠮᠢᠶᠠᠷᠤᠯᠲᠠ ᠵᠢ ᠴᠢᠩᠭᠠᠳᠭᠠᠨ᠂ ᠠᠮᠢ ᠠᠬᠤᠶ ᠣᠷᠴᠢᠨ ᠲᠣᠭᠣᠷᠢᠨ ᠤ᠋ ᠵᠠᠰᠠᠯᠲᠠ ᠵᠢᠨ ᠱᠢᠰᠲ᠋ᠧᠮ ᠪᠣᠯᠤᠨ ᠵᠠᠰᠠᠯᠲᠠ ᠵᠢᠨ ᠴᠢᠳᠠᠪᠤᠷᠢ ᠵᠢᠨ ᠣᠳᠣᠬᠢᠴᠢᠯᠠᠯᠲᠠ ᠵᠢᠨ ᠲᠦᠪᠱᠢᠨ ᠢ᠋ ᠲᠠᠰᠤᠷᠠᠯᠲᠠ ᠥᠬᠡᠶ ᠳᠡᠭᠡᠭ᠌ᠰᠢᠯᠡᠭᠦᠯᠤᠨᠠ᠃ ᠮᠠᠨ ᠤ᠋ ᠤᠷᠤᠨ ᠲᠥᠪ ᠤ᠋ᠨ ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠱᠠᠯᠠᠪᠳᠠᠭᠤᠯᠤᠨ ᠪᠠᠢᠴᠠᠭᠠᠯᠳᠠ ᠵᠢᠨ ᠲᠤᠰᠬᠠᠭᠰᠠᠨ ᠠᠰᠠᠭᠤᠳᠠᠯ ᠢ᠋ ᠴᠡᠭ᠌ᠴᠡᠯᠡᠨ ᠰᠠᠢᠵᠢᠷᠠᠭᠤᠯᠬᠤ ᠵᠢ ᠴᠢᠩᠭ᠎ᠠ ᠪᠣᠳᠠᠲᠠᠢ ᠲᠦᠷᠭᠡᠨ ᠠᠬᠢᠭᠤᠯᠵᠤ᠂ ᠴᠡᠭ᠌ᠴᠡᠯᠡᠨ ᠰᠠᠢᠵᠢᠷᠠᠭᠤᠯᠬᠤ ᠪᠣᠭᠣᠮᠲᠠ ᠱᠢᠪᠲᠤᠯᠬᠤ ᠠᠵᠢᠯᠯᠠᠭ᠎ᠠ ᠥᠷᠨᠢᠭᠦᠯᠵᠦ᠍᠂ ᠴᠡᠭ᠌ᠴᠡᠯᠡᠨ ᠰᠠᠢᠵᠢᠷᠠᠭᠤᠯᠬᠤ ᠡᠭᠦᠷᠭᠡ ᠵᠢᠨ ᠨᠠᠢᠳᠠᠪᠤᠷᠢᠵᠢᠭᠤᠯᠤᠯᠲᠠ ᠵᠢ ᠪᠥᠬᠥ᠌ ᠬᠦᠴᠦᠨ ᠵᠢᠡᠷ ᠰᠠᠢᠲᠤᠷ ᠠᠳᠬᠤᠨ᠎ᠠ᠃ ᠠᠮᠢ ᠠᠬᠤᠶ ᠣᠷᠴᠢᠨ ᠲᠤᠭᠤᠷᠢᠨ ᠤ᠋ ᠬᠠᠤᠯᠢ ᠬᠡᠷᠡᠭ᠌ᠵᠢᠭᠦᠯᠦᠯᠲᠡ ᠵᠢᠨ ᠬᠢᠨᠠᠯᠲᠠ ᠬᠠᠮᠢᠶᠠᠷᠤᠯᠲᠠ ᠵᠢ ᠵᠢᠷᠤᠮᠵᠢᠭᠤᠯᠤᠨ ᠱᠢᠯᠢᠳᠡᠭ᠌ᠵᠢᠭᠦᠯᠵᠤ᠂ ᠣᠶᠤᠨᠴᠢ ᠬᠢᠨᠠᠯᠲᠠ ᠬᠠᠮᠢᠶᠠᠷᠤᠯᠲᠠ ᠵᠢᠨ ᠲᠠᠪᠴᠠᠩ ᠤ᠋ᠨ ᠬᠡᠷᠡᠭ᠌ᠯᠡᠯᠲᠡ ᠵᠢ ᠴᠢᠩᠭᠠᠳᠭᠠᠨ᠂ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ ᠢ᠋ ᠱᠢᠯᠢᠳᠡᠭ᠌ᠵᠢᠭᠦᠯᠦᠨᠡ; ᠵᠠᠰᠠᠭ ᠵᠠᠬᠢᠷᠭᠠᠨ ᠤ᠋ ᠬᠠᠤᠯᠢ ᠬᠡᠷᠡᠭ᠌ᠵᠢᠭᠦᠯᠦᠯᠲᠡ ᠬᠢᠭᠡᠳ ᠡᠷᠡᠭᠦᠦ᠍ ᠵᠢᠨ ᠬᠡᠷᠡᠭ ᠤ᠋ᠨ ᠬᠠᠤᠯᠢ ᠴᠠᠭᠠᠵᠠ ᠵᠢ ᠵᠣᠯᠭᠠᠭᠤᠯᠬᠤ ᠵᠢ ᠭᠦᠨᠵᠡᠭᠡᠢᠷᠡᠭᠦᠯᠵᠦ᠍᠂ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠵᠡᠷᠭᠡ ᠱᠢᠨ᠎ᠡ ᠬᠦᠷᠢᠶᠡᠨ ᠳ᠋ᠡᠬᠢ ᠬᠠᠤᠯᠢ ᠬᠡᠷᠡᠭ᠌ᠵᠢᠭᠦᠯᠬᠦ᠌ ᠴᠢᠳᠠᠪᠤᠷᠢ ᠵᠢᠨ ᠪᠠᠢᠭᠤᠯᠤᠯᠲᠠ ᠵᠢ ᠴᠢᠩᠭᠠᠷᠠᠭᠤᠯᠤᠨ᠎ᠠ᠃ ᠠᠮᠢ ᠠᠬᠤᠢ ᠣᠷᠴᠢᠨ ᠲᠣᠭᠣᠷᠢᠨ ᠤ᠋ ᠵᠠᠰᠠᠯᠲᠠ ᠵᠢᠨ ᠴᠢᠳᠠᠪᠤᠷᠢ ᠵᠢ ᠪᠦᠬᠦ᠌ ᠲᠠᠯ᠎ᠠ ᠪᠡᠷ ᠳᠡᠭᠡᠭ᠌ᠰᠢᠯᠡᠭᠦᠯᠤᠨ᠂ ᠠᠮᠢ ᠠᠬᠤᠶ ᠣᠷᠴᠢᠨ ᠲᠣᠭᠣᠷᠢᠨ ᠤ᠋ ᠬᠦᠷᠢᠶᠡᠨ ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠪᠠ ᠵᠠᠩᠭᠢᠯᠠᠭ᠎ᠠ ᠵᠢᠨ ᠭᠤᠤᠯᠯᠠᠬᠤ ᠮᠡᠷᠭᠡᠵᠢᠯ ᠤ᠋ᠨ ᠪᠣᠭᠣᠮᠲᠠ ᠱᠢᠪᠲᠤᠯᠤᠯᠳᠠ ᠵᠢ ᠠᠬᠢᠭᠤᠯᠵᠤ᠂ ᠠᠮᠢ ᠠᠬᠤᠶ ᠣᠷᠴᠢᠨ ᠲᠣᠭᠣᠷᠢᠨ ᠢ᠋ ᠬᠢᠨᠠᠨ ᠬᠡᠮᠵᠢᠬᠦ ᠱᠢᠰᠲ᠋ᠧᠮ ᠢ᠋ ᠪᠦᠷᠢᠨᠱᠢᠬᠦᠯᠤᠨ᠂ 《ᠳᠠᠭᠠᠭᠤᠯᠢ ᠤᠳᠤᠨ ᠤ᠋ ᠠᠯᠤᠰ ᠡᠵᠡᠮᠰᠢᠯ — ᠵᠢᠯᠤᠭᠤᠴᠢ ᠦᠬᠡᠢ ᠨᠢᠰᠭᠡᠯ — ᠭᠠᠵᠠᠷ ᠳᠡᠭᠡᠷᠡᠬᠢ ᠨᠦᠯᠦᠭᠡᠯᠡᠭᠦᠷ》 ᠢ᠋ ᠨᠢᠭᠡ ᠴᠣᠠᠠᠴᠠᠵᠢᠭᠤᠯᠥᠠᠠᠰᠠᠨ᠂ ᠨᠠᠷᠢᠯᠢᠭᠵᠢᠭᠤᠯᠤᠭᠰᠠᠨ ᠠᠮᠢ ᠠᠬᠤᠶ ᠣᠷᠴᠢᠨ ᠲᠣᠭᠣᠷᠢᠨ ᠢ᠋ ᠬᠢᠨᠠᠨ ᠬᠡᠮᠵᠢᠬᠦ ᠲᠤᠤᠷ ᠢ᠋ ᠲᠦᠷᠭᠡᠳᠭᠡᠨ ᠪᠠᠢᠭᠤᠯᠵᠤ᠂ ᠠᠮᠢ ᠠᠬᠤᠢ ᠣᠷᠴᠢᠨ ᠲᠣᠭᠣᠷᠢᠨ ᠤ᠋ ᠬᠢᠨᠠᠯᠲᠠ ᠬᠠᠮᠢᠶᠠᠷᠤᠯᠲᠠ ᠵᠢᠨ ᠮᠡᠳᠡᠭᠡ ᠵᠠᠩᠭᠢᠵᠢᠯᠲᠠ ᠪᠠ ᠲᠣᠭᠠᠴᠢᠯᠠᠯᠲᠠ ᠵᠢᠨ ᠲᠦᠪᠰᠢᠨ ᠢ᠋ ᠳᠡᠭᠡᠭ᠌ᠰᠢᠯᠡᠭᠦᠯᠬᠦ ᠪᠤᠯᠤᠨ᠎ᠠ᠃ ᠡᠬᠦᠨ ᠤ᠋ ᠬᠠᠮᠳᠤ ᠭᠠᠵᠠᠷ ᠣᠷᠣᠨ ᠤ᠋ ᠪᠤᠳᠠᠳᠤ ᠪᠠᠢᠳᠠᠯ ᠳ᠋ᠤᠨᠢ ᠲᠣᠬᠢᠷᠠᠭᠤᠯᠤᠨ ᠦᠵᠡᠰᠭᠦᠯᠡᠩᠲᠦ ᠰᠠᠢᠬᠠᠨ ᠬᠣᠲᠠ᠂ ᠦᠵᠡᠰᠭᠦᠯᠡᠩᠲᠦ ᠰᠠᠢᠬᠠᠨ ᠭᠤᠤᠯ ᠮᠥᠷᠡᠨ ᠨᠠᠭᠤᠷ ᠴᠥᠭᠥᠷᠥᠮ᠂ ᠦᠵᠡᠰᠭᠦᠯᠡᠩᠲᠦ ᠰᠠᠢᠬᠠᠨ ᠬᠥᠳᠡᠭᠡ ᠲᠣᠰᠭᠣᠨ ᠵᠡᠷᠭᠡ 《ᠦᠵᠡᠰᠭᠦᠯᠡᠩᠲᠦ ᠰᠠᠢᠬᠠᠨ》 ᠤ᠋ ᠰᠢᠷᠢᠰ ᠪᠥᠲᠥᠭᠡᠨ ᠪᠠᠢᠭᠤᠯᠤᠯᠲᠠ ᠵᠢ ᠱᠠᠲᠤ ᠳᠠᠷᠠᠭᠠᠯᠠᠨ ᠠᠬᠢᠭᠤᠯᠵᠤ᠂ ᠦᠵᠡᠰᠭᠦᠯᠡᠩᠲᠦ ᠰᠠᠢᠬᠠᠨ ᠳᠤᠮᠳᠠᠳᠤ ᠤᠯᠤᠰ ᠤ᠋ᠨ ᠬᠣᠱᠢᠭᠤᠴᠢ ᠣᠷᠣᠨ ᠪᠠ ᠤᠯᠤᠰ ᠤ᠋ᠨ ᠠᠮᠢ ᠠᠬᠤᠶ ᠵᠢᠨ ᠪᠣᠯᠪᠠᠰᠤᠨ ᠤ᠋ ᠲᠤᠷᠱᠢᠯᠲᠠ ᠵᠢᠨ ᠣᠷᠣᠨ ᠢ᠋ ᠡᠭᠦᠳᠦᠨ ᠪᠠᠢᠭᠤᠯᠬᠤ ᠵᠢ ᠲᠦᠷᠭᠡᠳᠭᠡᠵᠦ᠍᠂ ᠦᠵᠡᠰᠭᠦᠯᠡᠩᠲᠦ ᠰᠠᠢᠬᠠᠨ ᠥᠪᠥᠷ ᠮᠣᠩᠭᠣᠯ ᠤ᠋ᠨ ᠱᠢᠨ᠎ᠡ ᠬᠠᠭᠤᠳᠠᠰᠤ ᠵᠢ ᠴᠢᠷᠮᠠᠢᠨ ᠪᠢᠴᠢᠭᠯᠡᠬᠦ ᠪᠡᠷ ᠪᠤᠢ᠃