《ᠦᠵᠡᠰᠭᠦᠯᠡᠩᠲᠦ ᠰᠠᠢᠬᠠᠨ ᠬᠠᠲᠤᠨ ᠭᠤᠤᠯ》 ᠤ᠋ᠨ ᠦᠪᠦᠷ ᠮᠤᠨᠭᠭᠤᠯ ᠦᠷᠳᠡᠭᠡᠨ ᠤ᠋ ᠦᠵᠡᠰᠬᠦᠯᠡᠩ ᠡᠬᠢᠯᠡᠯ᠎ᠠ
2026-03-20 16:54:28
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

3 ᠰᠠᠷ᠎ᠠ ᠶ᠋ᠢᠨ 18 ᠤ᠋ ᠡᠳᠦᠷ᠂ 《ᠦᠵᠡᠰᠭᠦᠯᠡᠩᠲᠦ ᠰᠠᠢᠬᠠᠨ ᠬᠠᠲᠤᠨ ᠭᠤᠤᠯ — ᠬᠠᠲᠤᠨ ᠭᠤᠤᠯ ᠳᠠᠭᠠᠤ ᠶ᠋ᠢᠨ ᠶᠢᠰᠦᠨ ᠮᠤᠵᠢ ᠣᠷᠣᠨ ᠤ᠋ ᠣᠯᠠᠨ ᠲᠦᠮᠡᠨᠴᠢ ᠬᠡᠷᠡᠯ ᠵᠢᠷᠤᠭ ᠤ᠋ᠨ ᠪᠦᠲᠦᠭᠡᠯ ᠤ᠋ᠨ ᠦᠵᠡᠰᠭᠦᠯᠡᠩ》᠎ᠤᠨ ᠦᠪᠦᠷ ᠮᠤᠨᠭᠭᠤᠯ ᠦᠷᠳᠡᠭᠡᠨ ᠤ᠋ ᠦᠵᠡᠬᠦᠯᠬᠡ ᠥᠪᠥᠷ ᠮᠣᠩᠭᠣᠯ ᠤ᠋ᠨ ᠰᠣᠶᠣᠯ ᠤ᠋ᠨ ᠣᠷᠳᠣᠨ ᠳ᠋ᠦ ᠡᠬᠢᠯᠡᠵᠦ᠂ ᠬᠡᠷᠡᠯ ᠵᠢᠷᠤᠭ ᠤ᠋ᠨ ᠪᠠᠬᠠᠳᠠᠳ ᠪᠤᠯᠤᠨ ᠦᠵᠡᠭᠴᠢᠳ ᠤ᠋ᠨ ᠠᠩᠬᠠᠷᠤᠯ ᠢ᠋ ᠳᠠᠳᠠᠯ᠎ᠠ᠃

ᠲᠣᠰ ᠤᠳᠠᠭ᠎ᠠ ᠵᠢᠨ ᠲᠣᠭᠣᠷᠢᠨ ᠦᠵᠡᠭᠦᠯᠭᠡ ᠳ᠋ᠦ ᠬᠠᠲᠤᠨ ᠭᠤᠤᠯ ᠳᠠᠭᠠᠤ ᠶ᠋ᠢᠨ ᠶᠢᠰᠦᠨ ᠮᠤᠵᠢ ᠣᠷᠣᠨ ᠡᠴᠡ 110 ᠱᠢᠯᠢᠳᠡᠭ ᠬᠡᠷᠡᠯ ᠵᠢᠷᠤᠭ ᠤ᠋ᠨ ᠪᠦᠲᠦᠭᠡᠯ ᠢ᠋ ᠰᠣᠩᠭᠣᠵᠤ᠂ ᠬᠥᠬᠡᠨᠠᠭᠤᠷ ᠲᠥᠪᠡᠳ ᠤ᠋ᠨ ᠥᠨᠳᠥᠷᠯᠢᠭ ᠡᠴᠡ ᠪᠦᠸᠧᠬᠠᠶ ᠲᠠᠩᠭᠢᠰ ᠤ᠋ᠨ ᠬᠥᠪᠡᠭᠡ ᠬᠦᠷᠲᠡᠯᠡᠬᠢ ᠬᠠᠲᠤᠨ ᠭᠤᠤᠯ ᠳᠠᠭᠠᠤ ᠶ᠋ᠢᠨ ᠰᠦᠷᠯᠢᠭ ᠰᠠᠢᠬᠠᠨ ᠪᠠᠢᠭᠠᠯᠢ ᠶ᠋ᠢᠨ ᠦᠵᠡᠮᠵᠢ᠂ ᠥᠪᠡᠷᠮᠢᠴᠡ ᠵᠠᠩ ᠦᠶ᠋ᠯᠡ᠂ ᠡᠯᠪᠡᠭ ᠪᠠᠶᠠᠯᠢᠭ ᠰᠣᠶᠣᠯ ᠤ᠋ᠨ ᠥᠪ ᠵᠢᠴᠢ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠶ᠋ᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠤᠭ᠍ᠰᠠᠨ ᠲᠤᠪᠤᠢᠮ᠎ᠠ ᠦᠷ᠎ᠡ ᠪᠦᠲᠦᠮᠵᠢ ᠵᠢ ᠲᠠᠯᠬᠡᠨ ᠦᠵᠡᠬᠦᠯᠵᠦ᠂ ᠱᠢᠨ᠎ᠡ ᠴᠠᠭ ᠦᠶ᠎ᠡ ᠶ᠋ᠢᠨ ᠬᠠᠲᠤᠨ ᠭᠤᠤᠯ ᠤ᠋ᠨ ᠰᠣᠶᠣᠯ ᠤ᠋ᠨ ᠪᠦᠲᠦᠭᠡᠯᠴᠢ ᠴᠢᠨᠠᠷᠲᠠᠶ ᠬᠤᠪᠢᠷᠠᠯᠳᠠ ᠪᠠ ᠱᠢᠨ᠎ᠡ ᠵᠢ ᠡᠭᠦᠳᠬᠦ᠌ ᠴᠢᠨᠠᠷᠲᠠᠶ ᠬᠥᠭ᠌ᠵᠢᠯᠲᠡ ᠵᠢ ᠠᠬᠢᠭᠤᠯᠤᠭ᠍ᠰᠠᠨ ᠨᠢᠭᠡᠨ ᠤᠳᠠᠭ᠎ᠠ ᠵᠢᠨ ᠲᠥᠪᠯᠡᠷᠡᠩᠭᠦᠶ ᠦᠵᠡᠭᠦᠯᠭᠡ ᠪᠣᠯᠵᠠᠢ᠃ ᠲᠣᠭᠣᠷᠢᠨ ᠦᠵᠡᠭᠦᠯᠭᠡ ᠨᠢ ᠮᠤᠵᠢ ᠤᠷᠤᠨ ᠤ᠋ ᠬᠣᠭᠣᠷᠣᠨᠳᠣᠬᠢ ᠰᠣᠶᠣᠯ ᠤ᠋ᠨ ᠰᠣᠯᠢᠯᠴᠠᠭ᠎ᠠ ᠵᠢ ᠭᠦᠨᠵᠡᠭᠡᠢᠷᠡᠭᠦᠯᠵᠦ᠍᠂ ᠬᠠᠳᠤᠨ ᠭᠣᠣᠯ ᠤ᠋ᠨ ᠰᠣᠶᠣᠯ ᠤ᠋ᠨ ᠠᠮᠢᠳᠤᠯᠢᠭ ᠤᠯᠠᠮᠵᠢᠯᠠᠯ ᠢ᠋ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃ ᠥᠪᠥᠷ ᠮᠣᠩᠭᠣᠯ ᠤ᠋ᠨ ᠰᠣᠶᠣᠯ ᠤ᠋ᠨ ᠣᠷᠳᠣᠨ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠶ᠋ᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ ᠶ᠋ᠢᠨ ᠠᠮᠢᠳᠤᠯᠢᠭ ᠦᠶ᠋ᠯᠡᠳᠦᠯᠭᠡ ᠳ᠋ᠦ ᠠᠩᠬᠠᠷᠤᠯ ᠢ᠋ᠶ᠋ᠠᠨ ᠲᠥᠪᠯᠡᠷᠡᠭᠦᠯᠵᠦ᠍᠂ ᠵᠢᠷᠤᠭ ᠳᠦᠷᠰᠦ ᠪᠡᠷ ᠴᠠᠭ ᠦᠶ᠎ᠡ ᠶ᠋ᠢᠨ ᠬᠤᠪᠢᠷᠠᠯᠲᠠ ᠵᠢ ᠲᠡᠮᠳᠡᠭ᠌ᠯᠡᠨ᠂ ᠱᠢᠨ᠎ᠡ ᠴᠠᠭ ᠦᠶ᠎ᠡ ᠶ᠋ᠢᠨ 《ᠬᠠᠲᠤᠨ ᠭᠤᠤᠯ ᠤ᠋ᠨ ᠥᠯᠢᠭᠡᠷ》 ᠢ᠋ ᠰᠠᠢᠲᠤᠷ ᠶᠠᠷᠢᠵᠤ᠂ ᠨᠠᠩ ᠣᠯᠠᠨ ᠬᠥᠮᠦᠨ ᠳ᠋ᠦ ᠬᠡᠷᠡᠯ ᠵᠢᠷᠤᠭ  ᠤ᠋ᠨ ᠳᠤᠮᠳᠠ ᠡᠴᠡ ᠬᠠᠲᠤᠨ ᠭᠤᠤᠯ ᠢ᠋ ᠣᠢᠯᠠᠭᠠᠭᠤᠯᠵᠤ᠂ ᠬᠠᠲᠤᠨ ᠭᠤᠤᠯ ᠢ᠋ ᠬᠠᠢᠷᠠᠯᠠᠭᠤᠯᠵᠤ᠂ ᠬᠠᠲᠤᠨ ᠭᠤᠤᠯ ᠤ᠋ᠨ ᠰᠣᠶᠣᠯ ᠢ᠋ ᠲᠦᠬᠡᠬᠡᠨ ᠳᠡᠯᠭᠡᠷᠡᠬᠦᠯᠵᠦ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ᠂ ᠳᠤᠮᠳᠠᠳᠤ ᠶ᠋ᠢᠨ ᠦᠨᠳᠦᠰᠦᠲᠡᠨ ᠤ᠋ ᠣᠲᠣ ᠦᠶ᠎ᠡ ᠶ᠋ᠢᠨ ᠪᠣᠯᠪᠠᠰᠤᠨ ᠤ᠋ ᠪᠠᠢᠭᠤᠯᠤᠯᠲᠠ ᠵᠢ ᠠᠬᠢᠭᠤᠯᠬᠤ ᠳ᠋ᠦ ᠣᠯᠠᠨ ᠲᠦᠮᠡᠨᠴᠢ ᠰᠣᠶᠣᠯ ᠤ᠋ᠨ ᠬᠦᠴᠦᠨ ᠴᠢᠳᠠᠯ ᠢ᠋ᠶ᠋ᠠᠨ ᠡᠷᠭᠦᠵᠤ ᠪᠠᠢᠨ᠎ᠠ᠃

ᠤᠢᠯᠠᠭᠠᠭᠰᠠᠨ ᠢ᠋ᠶ᠋ᠡᠷ᠂ 《ᠦᠵᠡᠰᠭᠦᠯᠡᠩᠲᠦ ᠰᠠᠢᠬᠠᠨ ᠬᠠᠲᠤᠨ ᠭᠤᠤᠯ — ᠬᠠᠲᠤᠨ ᠭᠤᠤᠯ ᠳᠠᠭᠠᠤ ᠶ᠋ᠢᠨ ᠶᠢᠰᠦᠨ ᠮᠤᠵᠢ ᠣᠷᠣᠨ ᠤ᠋ ᠣᠯᠠᠨ ᠲᠦᠮᠡᠨᠴᠢ ᠬᠡᠷᠡᠯ ᠵᠢᠷᠤᠭ ᠤ᠋ᠨ ᠪᠦᠲᠦᠭᠡᠯ ᠤ᠋ᠨ ᠦᠵᠡᠰᠭᠦᠯᠡᠩ》 ᠎ᠤᠨ ᠲᠤᠭᠤᠷᠢᠨ ᠦᠵᠡᠬᠦᠯᠬᠡ ᠨᠢᠳᠤᠨᠤᠨ ᠤ᠋ 9 ᠰᠠᠷ᠎ᠠ ᠳ᠋ᠦ ᠱᠠᠨᠳᠦ᠋ᠩ ᠮᠤᠵᠢ ᠡᠴᠡ ᠡᠬᠢᠯᠡᠵᠦ᠂ ᠦᠵᠡᠭᠴᠢᠳ ᠤ᠋ᠨ ᠲᠤᠰᠬᠠᠯ ᠮᠠᠰᠢ ᠰᠠᠢᠨ ᠪᠠᠢᠵᠦ᠂ ᠬᠠᠳᠤᠨ ᠭᠤᠤᠯ ᠳᠠᠭᠠᠤ ᠶ᠋ᠢᠨ ᠪᠠᠢᠭᠠᠯᠢ ᠠᠬᠤᠢ᠂ ᠰᠤᠶᠤᠯ ᠢᠷᠭᠡᠨᠰᠢᠯ᠂ ᠠᠮᠢ ᠠᠬᠤᠢ ᠪᠠ ᠬᠦᠭᠵᠢᠯᠳᠡ ᠵᠢ ᠪᠦᠬᠦ ᠳᠠᠯ᠎ᠠ ᠪᠡᠷ ᠲᠤᠰᠬᠠᠭᠰᠠᠨ ᠢ᠋ᠶ᠋ᠡᠷ ᠬᠠᠳᠤᠨ ᠭᠤᠤᠯ ᠤ᠋ᠨ ᠰᠤᠶᠤᠯ ᠤ᠋ᠨ ᠬᠦᠨ ᠵᠤᠵᠠᠭᠠᠨ ᠦᠪ ᠬᠦᠷᠦᠩᠬᠡ ᠵᠢ ᠬᠠᠷᠠᠭᠤᠯᠵᠦ ᠴᠢᠳᠠᠬᠤ ᠲᠦᠷᠦᠯ ᠳᠡᠮᠳᠡᠭᠳᠦ ᠦᠵᠡᠰᠭᠦᠯᠡᠩ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号