ᠠᠵᠢᠯᠴᠢ ᠰᠢᠷᠭᠠᠭᠤ ᠪᠠᠢᠬᠤ᠎ᠵᠢᠨ ᠤᠴᠢᠷ ᠠᠨᠤ
2026-03-23 10:12:33
ᠵᠣᠬᠢᠶᠠᠭ᠍ᠴᠢ᠄
ᠲᠦᠪ
ᠣᠩᠱᠢᠭ᠍ᠰᠠᠨ ᠣᠳᠠᠭ᠎ᠠ᠄
★★★☆☆

ᠠᠵᠢᠯᠴᠢ ᠰᠢᠷᠭᠠᠭᠤ ᠪᠠᠢᠬᠤ ᠨᠢ ᠬᠤᠪᠢ ᠬᠥᠮᠥᠨ᠎ᠦ ᠣᠷᠣᠰᠢᠨ ᠲᠣᠭᠲᠠᠨᠢᠬᠤ᠎ᠶᠢᠨ ᠦᠨᠳᠦᠰᠦ᠂ ᠮᠦᠨᠴᠤ ᠨᠡᠢᠭᠡᠮ᠎ᠦᠨ ᠪᠤᠯᠪᠠᠰᠤᠨ᠎ᠤ ᠴᠢᠬᠤᠯᠠ ᠲᠤᠯᠭᠠᠭᠤᠷᠢᠯᠠᠯ ᠪᠤᠯᠤᠨ᠎ᠠ᠃ ᠠᠵᠢᠯ ᠠᠮᠢᠳᠤᠷᠡᠯ᠎ᠤᠨ ᠲᠦᠷᠭᠡᠨ ᠠᠢᠵᠠᠮ᠂ ᠥᠨᠳᠥᠷ ᠥᠷᠢᠰᠦᠯᠳᠦᠭᠡᠨ᠎ᠲᠠᠢ ᠴᠠᠭ ᠦᠶ᠎ᠡ᠎ᠶᠢᠨ ᠪᠠᠢᠳᠠᠯ ᠳᠣᠣᠷ᠎ᠠ 《ᠠᠵᠢᠯᠴᠢ ᠰᠢᠷᠭᠠᠭᠤ ᠪᠠᠢᠬᠤ》 ᠨᠢ ᠴᠠᠭ᠎ᠠᠴᠠ ᠪᠡᠨ ᠥᠩᠭᠡᠷᠡᠭᠰᠡᠨ ᠤᠷᠢᠶ᠎ᠠ ᠯᠤᠽᠦ᠋ᠩ ᠪᠢᠰᠢ᠂ ᠬᠠᠷᠢᠨ ᠤᠯᠠᠮ ᠴᠢᠬᠤᠯᠠ ᠪᠣᠳᠠᠲᠤ ᠠᠴᠢ ᠬᠣᠯᠪᠣᠭᠳᠠᠯ᠎ᠲᠠᠢ ᠭᠡᠳᠡᠭ᠎ᠢᠶᠡᠨ ᠬᠦᠢᠴᠡᠳ ᠢᠯᠡᠷᠬᠡᠢᠯᠡᠵᠤ ᠪᠠᠢᠨ᠎ᠠ᠃

ᠠᠵᠢᠯᠴᠢ ᠰᠢᠷᠭᠠᠭᠤ ᠪᠠᠢᠬᠤ ᠨᠢ ᠬᠤᠪᠢ ᠬᠥᠮᠥᠨ᠎ᠦ ᠦᠰᠦᠨ ᠪᠣᠢᠵᠢᠯᠳᠡ ᠵᠢᠨ 《ᠬᠤᠷᠴᠠ ᠪᠢᠯᠡᠭᠦᠤ》 ᠶᠤᠮ᠃ ᠠᠵᠢᠯ ᠬᠦᠳᠡᠯᠮᠤᠷᠢ᠎ᠵᠢᠨ ᠮᠡᠷᠡᠢᠨ ᠵᠢᠳᠬᠦᠯ᠎ᠳᠤ ᠴᠤ᠌ ᠲᠡᠷᠡ᠂ ᠰᠤᠷᠤᠯᠭ᠎ᠠ᠎ᠰᠤᠶᠤᠯ᠎ᠤᠨ ᠰᠢᠮᠳᠠᠨ ᠰᠤᠳᠤᠯᠭᠠᠨ᠎ᠳᠤ ᠴᠤ᠌ ᠲᠡᠷᠡ᠂ ᠰᠢᠨᠳᠠᠰᠤᠳᠤ ᠴᠢᠷᠮᠠᠢᠯᠭ᠎ᠠ ᠰᠢᠷᠭᠠᠭᠤ ᠬᠦᠳᠡᠯᠮᠤᠷᠢ ᠦᠭᠡᠢ ᠪᠣᠯ ᠬᠤᠷᠠᠮᠳᠤᠭᠤᠯᠤᠯ ᠪᠠ ᠰᠢᠪᠲᠤᠯᠤᠯᠲᠠ᠎ᠳᠤ ᠬᠦᠷᠴᠤ ᠴᠢᠳᠠᠬᠤ ᠦᠭᠡᠢ᠃ ᠡᠷᠲᠡᠨ᠎ᠦ ᠦᠬᠡᠨ᠎ᠳᠤ 《ᠳᠠᠬᠢᠶ᠎ᠠ ᠳᠤᠤᠭᠠᠷᠬᠤᠢ᠎ᠳᠤᠷ ᠵᠠᠪᠳᠤᠵᠦ ᠪᠤᠰᠪᠠᠯ ᠵᠤᠬᠢᠮᠤᠢ》 ᠬᠡᠮᠡᠪᠡ᠃ ᠡᠨᠡ ᠦᠬᠡ ᠡᠳᠦᠬᠡ ᠴᠤ᠌ ᠬᠡᠰᠡᠨ ᠦᠨᠡᠨ᠎ᠢ ᠢᠯᠡᠷᠬᠡᠢᠯᠡᠵᠦ ᠦᠴᠢᠭᠰᠡᠨ᠎ᠢ ᠳᠤᠳᠤᠷᠬᠠᠢᠯᠠᠭᠰᠠᠭᠠᠷ᠃ ᠬᠠᠷᠢᠨ ᠠᠮᠤᠷ ᠰᠠᠭᠤᠬᠤ᠎ᠶᠢ ᠡᠷᠬᠢᠮᠯᠡᠨ᠂ ᠠᠵᠢᠯ ᠬᠥᠳᠡᠯᠮᠦᠷᠢ᠎ᠶᠢ ᠭᠤᠯᠤᠵᠤ᠂ ᠠᠮᠢᠳᠤᠷᠡᠯ᠎ᠦᠢᠯᠡᠰ ᠲᠦ᠍ ᠪᠡᠨ ᠬᠠᠰᠢ ᠶᠠᠰᠢ ᠬᠠᠨᠳᠤᠵᠤ ᠶᠠᠪᠤᠪᠠᠯ ᠦᠭᠡᠳᠡᠷᠭᠡᠭ ᠤᠬᠠᠭᠠᠨ᠂ ᠢᠳᠡᠪᠬᠢ ᠰᠡᠳᠬᠢᠬᠦᠢ᠎ᠶᠢ ᠴᠤ᠌ ᠵᠣᠭᠰᠣᠩᠭᠢᠷᠠᠭᠤᠯᠬᠤ ᠳᠡᠳᠦᠢ ᠦᠬᠡᠢ ᠡᠴᠦᠰ᠎ᠲᠡᠬᠡᠨ ᠴᠠᠭ ᠦᠶ᠎ᠡ᠎ᠳᠦ ᠰᠢᠭᠰᠢᠭᠳᠡᠭᠦ ᠠᠶᠤᠯ ᠳᠠᠢ᠃

ᠬᠤᠪᠢ ᠬᠥᠮᠥᠨ᠎ᠳᠦ ᠠᠪᠴᠤ ᠬᠡᠯᠡᠪᠡᠯ᠂ ᠠᠵᠢᠯᠴᠢ ᠰᠢᠷᠭᠠᠭᠤ ᠪᠠᠢᠬᠤ ᠨᠢ ᠡᠳᠦᠷ ᠲᠤᠲᠤᠮ᠎ᠤᠨ ᠠᠵᠢᠯ᠎ᠤᠨ ᠵᠢᠵᠢᠭ ᠰᠠᠵᠢᠭ᠋ ᠶᠠᠪᠤᠳᠠᠯ ᠳᠡᠭᠡᠷ᠎ᠡ ᠢᠯᠡᠷᠡᠵᠦ ᠪᠠᠢᠳᠠᠭ᠃ ᠡᠭᠦᠷᠭᠡ᠎ᠪᠡᠨ ᠴᠠᠭ ᠲᠤᠬᠠᠢ ᠳ᠋ᠤᠨᠢ ᠪᠡᠶᠡᠯᠡᠭᠦᠯᠵᠦ᠂ ᠰᠠᠨᠠᠭᠠᠴᠢᠯᠠᠭ᠎ᠠ᠎ᠠᠴᠠ᠎ᠪᠠᠨ ᠳᠤᠲᠠᠭᠤᠳᠠᠯ᠎ᠢᠶᠠᠨ ᠪᠠᠢᠴᠠᠭᠠᠨ ᠨᠥᠬᠥᠪᠦᠷᠢᠯᠡᠵᠦ᠂ ᠢᠳᠡᠪᠬᠢᠲᠡᠢ ᠰᠤᠳᠤᠯᠤᠨ ᠰᠢᠨᠵᠢᠯᠡᠵᠦ ᠪᠠᠢᠮᠠᠡᠵᠢᠨ ᠰᠠᠶᠢ ᠳᠤᠬᠠᠢ ᠵᠢᠨ ᠬᠥᠮᠥᠨ᠎ᠦ ᠪᠡᠨ ᠦᠰᠦᠨ ᠪᠣᠢᠵᠢᠬᠤ ᠬᠦᠴᠦᠷᠬᠡᠭ ᠶᠡᠬᠡ ᠬᠦᠴᠦᠨ᠎ᠢ ᠬᠤᠷᠠᠮᠳᠤᠭᠤᠯᠵᠤ ᠴᠢᠳᠠᠨ᠎ᠠ᠃ ᠨᠢᠭᠡ ᠬᠠᠮᠲᠤ ᠨᠡᠶ᠋ᠢᠲᠡ᠎ᠳᠤ ᠠᠪᠴᠤ ᠬᠡᠯᠡᠪᠡᠯ᠎ᠠᠮᠢᠵᠢᠷᠠᠯ᠎ᠤᠨ ᠬᠦᠴᠦᠨ ᠨᠢ ᠭᠡᠰᠢᠭᠦᠨ ᠨᠢᠭᠡᠪᠦᠷᠢ᠎ᠶᠢᠨ ᠰᠢᠷᠭᠠᠭᠤ ᠬᠥᠳᠡᠯᠮᠦᠷᠢ᠎ᠡᠴᠡ ᠢᠷᠡᠯᠲᠡ᠎ᠲᠠᠢ᠃ ᠬᠡᠷᠪᠡ ᠬᠦᠮᠦᠨ ᠪᠤᠯᠭᠠᠨ ᠴᠥᠮ ᠠᠵᠢᠯᠴᠢ ᠬᠢᠴᠢᠶᠡᠩᠭᠦᠢ ᠪᠠᠢᠵᠤ᠂ ᠲᠤᠰ ᠲᠤᠰ᠎ᠤᠨ ᠡᠭᠦᠷᠭᠡ ᠲᠤᠰᠢᠶᠠᠯ᠎ᠢᠶᠠᠨ ᠭᠦᠢᠴᠡᠳᠬᠡᠨ᠂ ᠰᠠᠨᠠᠭᠠᠴᠢᠯᠠᠭ᠎ᠠ᠎ᠠᠴᠠ᠎ᠪᠠᠨ ᠬᠠᠮᠵᠢᠯᠴᠠᠨ ᠬᠦᠳᠡᠯᠦᠯᠴᠡᠪᠡᠯ ᠥᠨᠳᠥᠷ ᠪᠦᠲᠦᠮᠵᠢᠲᠡᠢ᠎ᠪᠡᠷ ᠠᠵᠢᠯᠯᠠᠬᠤ ᠠᠵᠢᠯ᠎ᠤᠨ ᠠᠭᠤᠷ ᠠᠮᠢᠰᠬᠤᠯ᠎ᠢ ᠪᠤᠢ ᠪᠣᠯᠭᠠᠵᠤ᠂ ᠪᠦᠯᠬᠦᠮ ᠨᠡᠢᠳᠡ ᠵᠢᠨ ᠲᠠᠰᠤᠷᠠᠯᠳᠠ ᠦᠭᠡᠢ ᠤᠷᠤᠭ᠍ᠰᠢ ᠬᠥᠭᠵᠢᠬᠦ᠎ᠶᠢ ᠠᠬᠢᠭᠤᠯᠵᠤ ᠴᠢᠳᠠᠨ᠎ᠠ᠃ 《ᠠᠯᠵᠠᠭᠤ ᠬᠣᠢᠷᠭᠤ᠂ ᠰᠤᠯᠠ ᠵᠠᠳᠠᠭᠠᠢ᠂ ᠬᠠᠷᠢᠯᠴᠠᠨ ᠲᠦᠯᠬᠢᠯᠴᠡᠬᠦ》 ᠵᠠᠩ ᠰᠤᠷᠲᠠᠯ ᠳᠦᠭᠦᠷᠴᠦ ᠪᠠᠢᠪᠠᠯ ᠬᠡᠳᠦᠢ ᠰᠠᠢᠨ ᠡᠬᠢ ᠪᠠᠶᠠᠯᠢᠭ᠋᠂ ᠬᠡᠳᠦᠢ ᠰᠠᠢᠬᠠᠨ ᠲᠥᠯᠦᠪᠵᠢᠭᠦᠯᠭᠡ ᠪᠠᠢᠯ᠎ᠠ ᠴᠤ᠌ ᠭᠡᠰᠡᠨ ᠦᠷ᠎ᠡ ᠪᠦᠲᠦᠮᠵᠢ᠎ᠳᠤ ᠬᠦᠷᠬᠦ᠎ᠳᠤ ᠬᠦᠴᠢᠷ᠃

ᠠᠵᠢᠯᠴᠢ ᠰᠢᠷᠭᠠᠭᠤ ᠪᠠᠢᠬᠤ ᠨᠢ ᠨᠡᠢᠭᠡᠮ᠎ᠦᠨ ᠬᠡᠪ ᠰᠤᠷᠲᠠᠯ᠎ᠤᠨ ᠬᠥᠮᠦᠵᠢᠯ ᠪᠠ ᠴᠠᠭ ᠦᠶ᠎ᠡ᠎ᠶᠢᠨ ᠬᠦᠭᠵᠢᠯᠳᠡ ᠳᠠᠪᠰᠢᠯᠲᠠ᠎ᠲᠠᠢ ᠬᠣᠯᠪᠣᠭᠳᠠᠨ᠎ᠠ᠃ ᠮᠠᠯᠴᠢᠨ ᠲᠠᠷᠢᠶᠠᠴᠢᠨ᠂ ᠪᠠᠬᠰᠢ ᠠᠵᠢᠯᠳᠠᠨ᠂ ᠡᠮᠴᠢ ᠰᠤᠪᠢᠯᠠᠬᠴᠢ᠂ ᠴᠡᠷᠢᠭ ᠴᠠᠬᠳᠠᠭ᠎ᠠ᠂ ᠰᠤᠷᠪᠤᠯᠵᠢᠯᠠᠬᠴᠢ ᠨᠠᠢᠷᠠᠭᠤᠯᠤᠬᠴᠢ ᠁ ᠭᠡᠬᠦᠴᠢᠯᠡᠨ ᠦᠷᠬᠦᠢ ᠤᠯᠠᠨ ᠬᠥᠳᠡᠯᠮᠦᠷᠢᠯᠡᠭᠴᠢᠳ᠎ᠤᠨ ᠰᠢᠷᠭᠠᠭᠤ ᠴᠢᠷᠮᠠᠢᠯᠭ᠎ᠠ ᠨᠢ ᠨᠡᠢᠭᠡᠮ᠎ᠦᠨ ᠬᠡᠪ᠎ᠦᠨ ᠠᠵᠢᠯᠯᠠᠭ᠎ᠠ᠎ᠶᠢ ᠲᠤᠯᠭᠠᠭᠤᠷᠢᠯᠠᠵᠤ᠂ ᠴᠠᠭ ᠦᠶ᠎ᠡ᠎ᠶᠢᠨ ᠯᠠᠪᠳᠠᠭᠤᠨ᠎ᠢᠶᠠᠷ ᠤᠷᠤᠭᠰᠢᠯᠠᠬᠤ᠎ᠶᠢ ᠠᠬᠢᠭᠤᠯᠵᠤ ᠪᠠᠢᠭ᠎ᠠ ᠶᠤᠮ᠃ ᠲᠡᠢᠮᠤ᠎ᠳᠡᠭᠡᠨ᠂ ᠠᠵᠢᠯᠴᠢ ᠰᠢᠷᠭᠠᠭᠤ ᠪᠡᠷ ᠲᠡᠮᠡᠴᠡᠬᠦ ᠨᠢ ᠢᠷᠠᠭᠤ ᠠᠯᠳᠠᠷ ᠲᠠᠢ᠂ ᠠᠯᠵᠠᠭᠤ ᠵᠠᠯᠬᠠᠭᠤ ᠪᠡᠷ ᠬᠤᠢᠷᠭᠤᠰᠢᠬᠤ ᠨᠢ ᠢᠴᠢᠭᠦᠷᠢ ᠭᠤᠳᠤᠮᠰᠢᠭ ᠲᠡᠢ ᠭᠡᠳᠡᠭ ᠣᠢᠯᠠᠭᠠᠭᠳᠠᠬᠤᠨ᠎ᠢ ᠨᠡᠢᠳᠡ ᠤᠯᠠᠨ᠎ᠤ ᠤᠶᠤᠨ ᠪᠤᠳᠤᠯ᠎ᠳᠤ ᠭᠦᠨ ᠬᠠᠳᠠᠩᠰᠢᠭᠤᠯᠵᠤ᠂ ᠢᠳᠡᠪᠬᠢᠲᠡᠢ ᠥᠭᠡᠳᠡᠯᠡᠨ ᠳᠠᠪᠰᠢᠬᠤ ᠨᠡᠢᠭᠡᠮ᠎ᠦᠨ ᠠᠭᠤᠷ ᠠᠮᠢᠰᠬᠤᠯ᠎ᠢ ᠪᠣᠶ ᠪᠣᠯᠭᠠᠬᠤ᠎ᠳᠤ ᠬᠦᠮᠦᠨ ᠪᠦᠬᠦᠨ ᠬᠦᠨᠵᠡᠬᠡᠢ ᠤᠷᠤᠯᠴᠠᠬᠤ ᠨᠢ ᠨᠢᠭᠡᠨ ᠶᠤᠰᠤᠨ᠎ᠤ ᠵᠦᠪ ᠠᠵᠢᠯᠯᠠᠭ᠎ᠠ ᠪᠠᠢᠵᠤ ᠲᠠᠭᠠᠷᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号