ᠤᠡᠭᠰᠢᠯᠭᠠᠵᠢᠨ ᠬᠦᠳᠤᠯᠤᠮᠵᠢ
ᠬᠠᠲᠤᠨ ᠭᠤᠤᠯ ᠤ᠋ᠨ ᠤᠷᠤᠰᠤᠨ ᠥᠩᠭᠡᠷᠡᠬᠦ᠌ ᠵᠠᠮ ᠵᠢᠡᠷ ᠬᠠᠮᠤᠭ ᠤ᠋ᠨ ᠣᠷᠳᠣ᠂ ᠴᠦᠯᠯᠡᠷᠭᠡᠭ᠌ᠵᠢᠭᠰᠡᠨ ᠪᠠ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢᠨ ᠲᠠᠷᠬᠠᠯᠲᠠ ᠪᠡᠷ ᠬᠠᠮᠤᠭ ᠤ᠋ᠨ ᠲᠥᠪᠯᠡᠷᠡᠭ᠌ᠰᠡᠨ ᠮᠤᠵᠢ ᠣᠷᠣᠨ ᠪᠣᠯᠤᠭ᠍ᠰᠠᠨ ᠤ᠋ ᠬᠤᠪᠢ ᠳ᠋ᠤ᠂ ᠥᠪᠥᠷ ᠮᠣᠩᠭᠣᠯ ᠬᠠᠲᠤᠨ ᠭᠤᠤᠯ ᠤ᠋ᠨ ᠶᠡᠬᠡ ᠲᠤᠬᠤᠢ ᠵᠢᠨ ᠪᠣᠭᠣᠮᠲᠠ ᠱᠢᠪᠲᠤᠯᠬᠤ ᠣᠷᠣᠨ ᠤ᠋ 83% ᠵᠢᠨ ᠡᠯᠡᠰᠦᠷᠬᠡᠭ᠌ᠵᠢᠭ᠌ᠰᠡᠨ ᠭᠠᠵᠠᠷ ᠱᠢᠷᠣᠶᠶ᠋ᠢ ᠵᠠᠰᠠᠬᠤ ᠡᠭᠦᠷᠭᠡ ᠪᠣᠯᠤᠨ 74% ᠵᠢᠨ ᠶᠡᠷᠦᠩᠬᠡᠢᠯᠡᠨ ᠵᠠᠰᠠᠬᠤ ᠡᠭᠦᠷᠭᠡᠶ᠋ᠢ ᠡᠭᠦᠷᠭᠡᠯᠡᠨ᠂ ᠡᠯᠡᠰᠦ ᠰᠢᠷᠤᠢ ᠬᠠᠲᠤᠨ ᠭᠤᠤᠯ ᠳ᠋ᠤ ᠤᠷᠤᠰᠤᠨ ᠣᠷᠣᠬᠤᠶ᠋ᠢ ᠬᠣᠷᠢᠭ᠍ᠯᠠᠵᠤ᠂ ᠬᠠᠲᠤᠨ ᠭᠤᠤᠯ ᠤ᠋ᠨ ᠠᠮᠤᠷ ᠠᠮᠤᠭᠤᠯᠠᠩ ᠢ᠋ ᠬᠠᠮᠠᠭᠠᠯᠠᠬᠤ ᠭᠤᠤᠯ ᠲᠡᠢᠯᠠᠯᠳᠤᠭᠠᠨ ᠤ᠋ ᠲᠠᠯᠠᠪᠤᠷ ᠪᠣᠯᠵᠤ ᠪᠤᠢ᠃
ᠥᠪᠥᠷ ᠮᠣᠩᠭᠣᠯ ᠤ᠋ᠨ ᠡᠯ᠎ᠡ ᠭᠠᠵᠠᠷ ᠤ᠋ᠨᠬᠢᠨ ᠨᠢᠭᠡᠨᠲᠡ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠠᠵᠢᠯ ᠵᠢᠡᠨ ᠡᠷᠴᠢᠮᠳᠠᠢ ᠡᠬᠢᠯᠡᠬᠦᠯᠤᠨ᠎ᠠ᠃ 2 ᠰᠠᠷ᠎ᠠ ᠵᠢᠨ 28 ᠤ᠋ ᠡᠳᠦᠷ᠂ ᠣᠷᠳᠣᠰ ᠬᠣᠲᠠ ᠵᠢᠨ ᠦᠦᠱᠢᠨ ᠬᠣᠱᠢᠭᠤᠨ ᠤ᠋ ᠮᠤᠤᠠᠤᠰᠤ ᠵᠢᠨ ᠡᠯᠡᠰᠦᠷᠬᠡᠭ ᠭᠠᠵᠠᠷ ᠤ᠋ᠨ ᠰᠠᠯᠬᠢᠨ ᠤ᠋ ᠠᠮᠠ ᠳ᠋ᠤ ᠪᠤᠲᠠᠯᠢᠭ ᠮᠤᠳᠤ ᠶ᠋ᠢ ᠲᠡᠭᠰᠢᠯᠡᠵᠤ ᠬᠠᠢᠴᠢᠯᠠᠬᠤ ᠮᠠᠱᠢᠨ ᠬᠦᠷᠴᠢᠭᠢᠨᠡᠵᠦ᠍᠂ ᠨᠠᠢᠯᠵᠠᠭᠤᠷ ᠬᠠᠷᠭᠠᠨ᠎ᠠ᠂ ᠡᠯᠡᠰᠦᠨ ᠪᠤᠷᠭᠠᠰᠤ ᠠᠭᠤᠯᠠ ᠰᠢᠬ ᠤᠪᠤᠭᠠᠷᠠᠨᠠ᠃ ᠲᠤᠬᠠᠢ ᠵᠢᠨ ᠭᠠᠵᠠᠷᠤᠨ ᠬᠢᠨ ᠪᠦᠬᠦ ᠰᠡᠳᠬᠢᠯ ᠪᠦᠬᠦ ᠵᠤᠷᠢᠭᠵᠢᠡᠷ ᠠᠵᠢᠯᠯᠠᠬᠤ ᠡᠷᠡᠰ ᠵᠣᠷᠢᠭ ᠡᠪᠤᠷᠯᠠᠵᠤ᠂ ᠱᠢᠨ᠎ᠡ ᠨᠢᠭᠡ ᠵᠢᠯ ᠤ᠋ᠨ ᠬᠠᠳᠤᠨ ᠭᠣᠣᠯ ᠤ᠋ᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠪᠣᠭᠣᠮᠲᠠ ᠱᠢᠪᠲᠤᠯᠬᠤ ᠳᠠᠢᠯᠠᠯᠳᠤᠭᠠᠨ ᠢ᠋ ᠡᠬᠢᠯᠡᠭᠦᠯᠤᠯ᠎ᠠ᠃
ᠬᠠᠲᠤᠨ ᠭᠤᠤᠯ ᠪᠠᠷᠠᠭᠤᠨ ᠡᠴᠡ ᠵᠡᠭᠦᠨᠰᠢ ᠤᠭᠠᠯᠵᠠᠯᠠᠨ ᠤᠷᠤᠰᠤᠭᠰᠠᠭᠠᠷ ᠥᠪᠥᠷ ᠮᠣᠩᠭᠣᠯ ᠤ᠋ᠨ 7 ᠠᠢᠮᠠᠭ ᠬᠣᠲᠠ ᠳ᠋ᠤ 843.5 ᠺᠢᠯᠣᠮᠧᠲ᠋ᠷ ᠤ᠋ᠨ ᠶᠡᠬᠡ ᠲᠤᠬᠤᠢ ᠵᠢᠨ ᠰᠦᠷᠯᠢᠭ ᠰᠠᠢᠬᠠᠨ ᠬᠣᠩᠭᠢᠯ ᠢ᠋ ᠪᠦᠷᠢᠯᠳᠦᠭᠦᠯᠵᠠᠢ᠃ ᠬᠠᠲᠤᠨ ᠭᠤᠤᠯ ᠤ᠋ᠨ ᠤᠷᠤᠰᠤᠨ ᠥᠩᠭᠡᠷᠡᠬᠦ᠌ ᠵᠠᠮ ᠵᠢᠡᠷ ᠬᠠᠮᠤᠭ ᠤ᠋ᠨ ᠣᠷᠳᠣ᠂ ᠴᠦᠯᠯᠡᠷᠭᠡᠭ᠌ᠵᠢᠭᠰᠡᠨ ᠪᠠ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢᠨ ᠲᠠᠷᠬᠠᠯᠲᠠ ᠪᠡᠷ ᠬᠠᠮᠤᠭ ᠤ᠋ᠨ ᠲᠥᠪᠯᠡᠷᠡᠭ᠌ᠰᠡᠨ ᠮᠤᠵᠢ ᠣᠷᠣᠨ ᠪᠣᠯᠤᠭ᠍ᠰᠠᠨ ᠤ᠋ ᠬᠤᠪᠢ ᠳ᠋ᠤ᠂ ᠥᠪᠥᠷ ᠮᠣᠩᠭᠣᠯ ᠳ᠋ᠤ ᠬᠥᠪᠴᠢ᠂ ᠤᠯᠠᠭᠠᠨᠪᠤᠬ᠎ᠠ᠂ ᠲᠩᠷᠢ ᠭᠤᠷᠪᠠᠨ ᠶᠡᠬᠡ ᠡᠯᠡᠰᠦᠨ ᠴᠦᠯ ᠵᠢᠴᠢ ᠮᠤᠤᠠᠤᠰᠤ ᠵᠢᠨ ᠡᠯᠡᠰᠦᠷᠬᠡᠭ ᠭᠠᠵᠠᠷ ᠤ᠋ᠨ 2.28 ᠳ᠋ᠦᠩᠱᠢᠭᠤᠷ ᠮᠥ᠍ ᠡᠯᠡᠰᠦᠷᠬᠡᠭ᠌ᠵᠢᠭ᠌ᠰᠡᠨ ᠭᠠᠵᠠᠷ ᠱᠢᠷᠣᠶ ᠲᠠᠷᠬᠠᠵᠤ᠂ ᠬᠠᠲᠤᠨ ᠭᠤᠤᠯ ᠤ᠋ᠨ ᠶᠡᠬᠡ ᠲᠤᠬᠤᠢ ᠵᠢᠨ ᠪᠣᠭᠣᠮᠲᠠ ᠱᠢᠪᠲᠤᠯᠬᠤ ᠣᠷᠣᠨ ᠤ᠋ 83% ᠵᠢᠨ ᠡᠯᠡᠰᠦᠷᠬᠡᠭ᠌ᠵᠢᠭ᠌ᠰᠡᠨ ᠭᠠᠵᠠᠷ ᠱᠢᠷᠣᠶᠶ᠋ᠢ ᠵᠠᠰᠠᠬᠤ ᠡᠭᠦᠷᠭᠡ ᠪᠣᠯᠤᠨ 74% ᠵᠢᠨ ᠶᠡᠷᠦᠩᠬᠡᠢᠯᠡᠨ ᠵᠠᠰᠠᠬᠤ ᠡᠭᠦᠷᠭᠡᠶ᠋ᠢ ᠡᠭᠦᠷᠭᠡᠯᠡᠨ᠂ ᠡᠯᠡᠰᠦ ᠰᠢᠷᠤᠢ ᠬᠠᠲᠤᠨ ᠭᠤᠤᠯ ᠳ᠋ᠤ ᠤᠷᠤᠰᠤᠨ ᠣᠷᠣᠬᠤᠶ᠋ᠢ ᠬᠣᠷᠢᠭ᠍ᠯᠠᠵᠤ᠂ ᠬᠠᠲᠤᠨ ᠭᠤᠤᠯ ᠤ᠋ᠨ ᠠᠮᠤᠷ ᠠᠮᠤᠭᠤᠯᠠᠩ ᠢ᠋ ᠬᠠᠮᠠᠭᠠᠯᠠᠬᠤ ᠭᠤᠤᠯ ᠲᠡᠢᠯᠠᠯᠳᠤᠭᠠᠨ ᠤ᠋ ᠲᠠᠯᠠᠪᠤᠷ ᠪᠣᠯᠤᠨ᠎ᠠ᠃
《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ ᠳ᠋ᠤ᠂ ᠥᠪᠥᠷ ᠮᠣᠩᠭᠣᠯ ᠨᠡᠢᠲᠡ 6688 ᠲᠦᠮᠡᠨ ᠮᠥ᠍ ᠡᠯᠡᠰᠦᠶ᠋ᠢ ᠵᠠᠰᠠᠵᠤ᠂ ᠵᠠᠰᠠᠯᠲᠠ ᠵᠢᠨ ᠬᠡᠪᠴᠢᠶ᠎ᠡ ᠪᠡᠷ ᠪᠥᠬᠥ᠌ ᠤᠯᠤᠰ ᠲᠤ᠌ ᠲᠦᠷᠦᠭᠦᠯᠡᠪᠡ᠃ ᠲᠤᠬᠠᠢᠯᠠᠪᠠᠯ᠂ ᠪᠥᠬᠥ᠌ ᠣᠷᠣᠨ ᠳ᠋ᠤ ᠡᠳᠦᠷ ᠳᠤᠮᠳᠠᠴᠢᠪᠡᠷ 3 ᠲᠦᠮᠡᠨ ᠮᠤ᠌ ᠡᠴᠡ ᠳᠡᠭᠡᠭᠰᠢᠬᠢ ᠡᠯᠡᠰᠦ ᠶ᠋ᠢ ᠵᠠᠰᠠᠵᠤ᠂ ᠡᠳᠦᠷ ᠪᠦᠷᠢ 3800 ᠱᠢᠬᠠᠮ ᠪᠠᠷᠢᠮᠵᠢᠶᠠᠲᠤ ᠬᠥᠯ ᠪᠥᠮᠪᠥᠭᠡ ᠵᠢᠨ ᠲᠠᠯᠠᠪᠠᠶ ᠶ᠋ᠢ ᠨᠤᠭᠤᠭᠠᠷᠠᠭᠤᠯᠤᠭᠰᠠᠨ ᠲᠠᠢ ᠲᠡᠩᠴᠡᠵᠤ᠂ ᠨᠡᠯᠦᠭᠡᠷ ᠡᠯᠡᠰᠦ ᠪᠤᠯᠤᠨ ᠬᠠᠲᠤᠨ ᠭᠤᠤᠯ ᠤ᠋ᠨ ᠬᠣᠭᠣᠷᠣᠨᠳᠣ ᠪᠠᠲᠤ ᠪᠠᠬᠢ ᠨᠣᠭᠣᠭᠠᠨ ᠬᠠᠯᠬᠠᠪᠴᠢ ᠵᠢ ᠪᠠᠢᠭᠤᠯᠪᠠ᠃
《ᠪᠢᠳᠡ 〈ᠤᠮᠠᠷᠠᠲᠤ ᠵᠢᠨ ᠭᠤᠷᠪᠠᠨ ᠣᠷᠣᠨ〉 ᠤ᠋ ᠵᠢᠷᠭᠤᠳᠤᠭᠠᠷ ᠬᠤᠭᠤᠴᠠᠭᠠᠨ ᠤ᠋ ᠢᠨᠵᠧᠨᠧᠷᠢᠩ ᠤ᠋ᠨ ᠶᠡᠷᠦᠩᠬᠡᠶ ᠪᠠᠢᠷᠢᠯᠠᠭᠤᠯᠤᠯᠲᠠ ᠪᠡᠷ ᠪᠠᠷᠢᠮᠵᠢᠶ᠎ᠠ ᠪᠣᠯᠭᠠᠵᠤ᠂ ᠡᠭᠦᠷᠭᠡᠶ᠋ᠢ ᠭᠠᠵᠠᠷ᠂ ᠲᠥᠷᠥᠯ ᠵᠦᠶ᠋ᠯ᠂ ᠬᠠᠷᠢᠭᠤᠴᠠᠯᠭᠠᠲᠠᠨ ᠬᠦᠷᠲᠡᠯ᠎ᠡ ᠬᠤᠪᠢᠶᠠᠷᠢᠯᠠᠪᠠ᠃ ᠦᠶ᠎ᠡ ᠵᠢᠨ ᠦᠶ᠎ᠡ ᠵᠢᠨ ᠬᠥᠮᠦᠰ ᠤ᠋ᠨ ᠴᠦᠬᠦᠷᠡᠰᠢ ᠦᠭᠡᠢ ᠴᠢᠷᠮᠠᠢᠯᠭ᠎ᠠ ᠪᠡᠷ ᠳᠡᠮᠵᠢᠨ᠂ ᠵᠠᠰᠠᠯᠲᠠ ᠵᠢᠨ ᠣᠷᠣᠨ ᠤ᠋ ᠤᠷᠭᠤᠮᠠᠯ ᠤ᠋ᠨ ᠬᠤᠴᠢᠯᠭ᠎ᠠ ᠵᠢᠨ ᠪᠦᠷᠬᠦᠴᠡ 5% ᠬᠥᠷᠬᠥ᠌ ᠥᠬᠡᠶ ᠪᠠᠢᠭ᠍ᠰᠠᠨ ᠡᠴᠡ ᠪᠡᠨ ᠨᠡᠮᠡᠭᠳᠡᠭᠡᠳ 40% ᠶ᠋ᠢ ᠳᠠᠪᠠᠵᠤ ᠂ ᠬᠠᠲᠤᠨ ᠭᠤᠤᠯ ᠳ᠋ᠤ ᠤᠷᠤᠰᠤᠨ ᠣᠷᠣᠬᠤ ᠡᠯᠡᠰᠦᠨ ᠤ᠋ ᠬᠡᠮᠵᠢᠶ᠎ᠡ 2016 ᠣᠨ ᠳ᠋ᠤ ᠵᠢᠯ ᠳ᠋ᠤ 50 ᠲᠦᠮᠡᠨ ᠲᠣᠨ ᠪᠠᠢᠭ᠍ᠰᠠᠨ ᠡᠴᠡ ᠪᠡᠨ 2025 ᠣᠨ ᠳ᠋ᠤ ᠵᠢᠯ ᠳ᠋ᠤ 30 ᠲᠦᠮᠡᠨ ᠲᠣᠨ ᠪᠤᠯᠲᠠᠯ᠎ᠠ ᠪᠠᠭᠤᠷᠠᠵᠤ᠂ ᠬᠠᠲᠤᠨ ᠭᠤᠤᠯ ᠳ᠋ᠤ ᠤᠷᠤᠰᠤᠨ ᠤᠷᠤᠬᠤ ᠡᠯᠡᠰᠤ ᠶ᠋ᠢ ᠬᠤᠷᠢᠭᠯᠠᠬᠤ ᠠᠵᠢᠯ ᠪᠤᠳᠠᠲᠤ ᠦᠷ᠎ᠡ ᠪᠦᠲᠦᠮᠵᠢ ᠤᠯᠵᠠᠢ》 ᠭᠡᠵᠤ ᠠᠯᠠᠱᠠ ᠵᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ ᠤ᠋ᠨ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠠᠯᠪᠠᠨ ᠬᠡᠷ ᠤ᠋ᠨ ᠡᠷᠬᠢᠯᠡᠭ᠌ᠴᠢ ᠲᠦᠩ ᠺᠧ ᠲᠢᠩ ᠭᠡᠯᠡᠨ᠎ᠠ᠃
2 ᠰᠠᠷ᠎ᠠ ᠵᠢᠨ 28 ᠤ᠋ ᠡᠳᠦᠷ᠂ ᠠᠯᠠᠱᠠ ᠠᠢᠮᠠᠭ ᠤ᠋ᠨ 2026 ᠣᠨ ᠤ᠋ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠢᠨᠵᠧᠨᠧᠷᠢᠩ ᠴᠦ᠍ ᠵᠢᠩᠬᠢᠨᠢ ᠪᠡᠷ ᠠᠵᠢᠯ ᠵᠢᠡᠨ ᠡᠬᠢᠯᠡᠭᠦᠯᠪᠡ ᠂ ᠡᠨᠡ ᠨᠢ ᠠᠯᠠᠱᠠ ᠠᠭᠤᠯᠠ ᠡᠴᠡ ᠮᠤᠨᠢ ᠠᠭᠤᠯᠠ ᠬᠥᠷᠬᠥ᠌ ᠬᠡᠰᠡᠭ ᠤ᠋ᠨ 180 ᠺᠢᠯᠣᠮᠧᠲ᠋ᠷ ᠤ᠋ᠨ ᠬᠠᠲᠤᠨ ᠭᠤᠤᠯ ᠤ᠋ᠨ ᠡᠷᠭᠢ ᠳᠠᠭᠠᠤ ᠵᠢᠨ ᠨᠡᠭᠦᠳᠡᠯ ᠡᠯᠡᠰᠦᠶ᠋ᠢ ᠱᠢᠰᠲ᠋ᠧᠮ ᠲᠡᠶ ᠵᠠᠰᠠᠬᠤ ᠢᠨᠵᠧᠨᠧᠷᠢᠩ ᠪᠥᠬᠥ᠌ ᠲᠠᠯ᠎ᠠ ᠪᠡᠷ ᠡᠬᠢᠯᠡᠭ᠌ᠰᠡᠨ ᠢ᠋ ᠬᠠᠷᠠᠭᠤᠯᠵᠤ ᠪᠤᠢ᠃ ᠲᠣᠰ ᠣᠷᠣᠨ ᠪᠦᠰᠡ ᠨᠢ ᠤᠯᠠᠭᠠᠨᠪᠤᠬ᠎ᠠ ᠵᠢᠨ ᠡᠯᠡᠰᠦᠨ ᠴᠥᠯ ᠤ᠋ᠨ ᠵᠡᠭᠦᠨ ᠡᠮᠦᠨ᠎ᠡ ᠵᠠᠬ᠎ᠠ ᠵᠢᠨ ᠡᠯᠡᠰᠦᠨ ᠳᠣᠪᠣᠴᠠᠭ ᠲᠦ᠍ ᠳᠠᠭᠠᠷᠢᠭᠳᠠᠵᠤ᠂ ᠨᠡᠭᠦᠳᠡᠯ ᠡᠯᠡᠰᠦ ᠵᠢᠨ ᠬᠠᠲᠤᠨ ᠭᠤᠤᠯ ᠳ᠋ᠤ ᠱᠢᠭᠤᠳ ᠣᠷᠣᠬᠤ ᠴᠢᠬᠤᠯᠠ ᠢᠷᠡᠯᠲᠡ ᠵᠢᠨ ᠤᠷᠤᠨ ᠤ᠋ ᠨᠢᠭᠡ ᠪᠤᠯᠵᠤ᠂ ᠠᠮᠢ ᠠᠬᠤᠶ ᠵᠢᠨ ᠣᠷᠣᠨ ᠪᠠᠢᠷᠢ ᠮᠠᠰᠢ ᠴᠢᠬᠤᠯᠠ ᠪᠠᠢᠳᠠᠭ᠃
ᠡᠨᠡ ᠵᠢᠯ᠂ ᠠᠯᠠᠱᠠ ᠠᠢᠮᠠᠭᠤᠨ ᠬᠢᠨ ᠬᠠᠲᠤᠨ ᠭᠤᠤᠯ ᠳᠠᠭᠠᠤ ᠡᠯᠡᠰᠦ ᠮᠠᠩᠬᠠᠶ᠋ᠢ ᠵᠠᠰᠠᠬᠤ᠂ ᠣᠷᠣᠨ ᠪᠦᠰᠡ ᠠᠯᠤᠰᠯᠠᠨ ᠬᠣᠯᠪᠣᠭᠠᠯᠠᠨ ᠰᠡᠷᠭᠡᠢᠯᠡᠵᠦ᠍ ᠬᠣᠯᠪᠣᠭᠠᠯᠠᠨ ᠵᠠᠰᠠᠬᠤ ᠵᠡᠷᠭᠡ 15 ᠭᠤᠤᠯᠳᠠᠯᠭ᠎ᠠ ᠲᠠᠶ ᠲᠥᠷᠥᠯ ᠵᠦᠶ᠋ᠯ ᠢ᠋ ᠠᠬᠢᠭᠤᠯᠵᠤ᠂ ᠪᠥᠬᠥ᠌ ᠵᠢᠯᠳᠦ 240 ᠲᠦᠮᠡᠨ ᠮᠤ᠌ ᠡᠴᠡ ᠳᠡᠭᠡᠭ᠌ᠰᠢ ᠡᠯᠡᠰᠦᠷᠬᠡᠭᠵᠢᠯ ᠢ᠋ᠰᠡᠷᠭᠡᠢᠯᠡᠨ ᠡᠯᠡᠰᠤ ᠶ᠋ᠢ ᠵᠠᠰᠠᠬᠤ ᠠᠵᠢᠯ ᠢ᠋ ᠪᠡᠶᠡᠯᠡᠭᠦᠯᠬᠦ᠌ ᠪᠡᠷ ᠲᠥᠯᠥᠪᠯᠡᠨ᠂ ᠭᠤᠷᠪᠠᠨ ᠶᠡᠬᠡ ᠡᠯᠡᠰᠦᠨ ᠴᠥᠯ ᠤ᠋ᠨ ᠬᠥᠪᠡᠭᠡ ᠵᠠᠬᠠᠶ᠋ᠢ ᠡᠮᠵᠢᠶᠡᠷᠢᠯᠡᠭᠦ ᠣᠶ ᠱᠢᠭᠤᠶ ᠪᠠ ᠨᠤᠲᠤᠭ ᠪᠡᠯᠴᠢᠭᠡᠷ ᠤ᠋ᠨ ᠪᠦᠰᠡᠶ᠋ᠢ ᠦᠷᠭᠦᠯᠵᠢᠯᠡᠨ ᠨᠢᠭ᠍ᠲᠠ ᠰᠦᠯᠵᠢᠵᠦ᠍᠂ ᠡᠯᠡᠰᠦᠨ ᠴᠥᠯ ᠤ᠋ᠨ ᠨᠡᠢᠯᠡᠬᠦ ᠬᠠᠨᠳᠤᠰᠢ ᠵᠢᠴᠢ ᠡᠮᠦᠨᠡᠰᠢ ᠲᠦᠷᠢᠵᠦ᠍ ᠵᠡᠭᠦᠨᠰᠢ ᠨᠡᠬᠦᠬᠦ ᠬᠠᠨᠳᠤᠰᠢ ᠶ᠋ᠢ ᠡᠷᠡᠰ ᠬᠣᠷᠢᠭ᠍ᠯᠠᠬᠤ ᠪᠡᠷ ᠡᠷᠡᠮᠡᠭᠡᠢᠯᠡᠨ ᠠᠵᠢᠯᠯᠠᠵᠤ ᠪᠤᠢ᠃
ᠬᠠᠲᠤᠨ ᠭᠤᠤᠯ ᠤ᠋ᠨ ᠡᠯᠡᠰᠦ ᠱᠢᠪᠠᠷ ᠢ᠋ ᠵᠠᠰᠠᠬᠤ ᠭᠤᠤᠯ ᠲᠡᠢᠯᠠᠯᠳᠤᠭᠠᠨ ᠤ᠋ ᠲᠠᠯᠠᠪᠤᠷ ᠪᠣᠯᠤᠭ᠍ᠰᠠᠨ ᠤ᠋ ᠬᠤᠪᠢ ᠳ᠋ᠤ᠂ ᠣᠷᠳᠣᠰ ᠬᠣᠲᠠᠵᠢᠨ ᠬᠢᠨ ᠱᠢᠰᠲ᠋ᠧᠮ ᠲᠡᠶ ᠵᠠᠰᠠᠬᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠢᠡᠷ ᠡᠯᠡᠰᠦᠶ᠋ᠢ ᠵᠠᠰᠠᠵᠤ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌ᠶ᠋ᠢ ᠠᠬᠢᠭᠤᠯᠵᠤ ᠪᠠᠢᠨ᠎ᠠ᠃ ᠡᠨᠡ ᠵᠢᠯ᠂ ᠲᠤᠬᠠᠶ ᠵᠢᠨ ᠭᠠᠵᠠᠷ ᠤ᠋ᠨᠬᠢᠨ 《ᠤᠮᠠᠷᠠᠲᠤ ᠵᠢᠨ ᠭᠤᠷᠪᠠᠨ ᠣᠷᠣᠨ》 ᠤ᠋ ᠢᠨᠵᠧᠨᠧᠷᠢᠩ ᠤ᠋ᠨ ᠪᠥᠲᠥᠭᠡᠨ ᠪᠠᠢᠭᠤᠯᠤᠯᠲᠠ ᠵᠢᠨ ᠡᠭᠦᠷᠭᠡᠶ᠋ᠢ 1400 ᠲᠦᠮᠡᠨ ᠮᠤ᠌ ᠡᠴᠡ ᠳᠡᠭᠡᠭ᠌ᠰᠢ ᠪᠡᠶᠡᠯᠡᠭᠦᠯᠬᠦ᠌ ᠪᠡᠷ ᠴᠢᠷᠮᠠᠢᠵᠤ᠂ ᠡᠭᠦᠨᠳᠦ 600 ᠲᠦᠮᠡᠨ ᠮᠥ᠍ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠵᠤ᠂ ᠬᠥᠪᠴᠢ ᠵᠢᠨ ᠡᠯᠡᠰᠦᠨ ᠤ᠋ 《ᠬᠡᠷᠡᠯᠴᠢ ᠴᠡᠨᠡᠭ ᠤ᠋ᠨ ᠣᠷᠳᠣ ᠴᠠᠭᠠᠨ ᠬᠡᠷᠡᠮ》 ᠪᠣᠯᠤᠨ 740 ᠺᠢᠯᠣᠮᠧᠲ᠋ᠷ ᠤ᠋ᠨ 《 ᠵᠠᠮ ᠵᠢᠡᠷ ᠡᠯᠡᠰᠦᠶ᠋ᠢ ᠵᠠᠰᠠᠬᠤ》 ᠲᠥᠷᠥᠯ ᠵᠦᠶ᠋ᠯ ᠢ᠋ ᠵᠡᠷᠭᠡ ᠪᠡᠷ ᠠᠬᠢᠭᠤᠯᠤᠨ᠂ ᠭᠤᠤᠯᠳᠠᠯᠭ᠎ᠠ ᠲᠠᠶ ᠢᠨᠵᠧᠨᠧᠷᠢᠩ ᠵᠢᠡᠷ ᠪᠥᠬᠥ᠌ ᠣᠷᠣᠨ ᠪᠦᠰᠡ ᠵᠢᠨ ᠵᠠᠰᠠᠯᠲᠠᠶ᠋ᠢ ᠳᠠᠢᠴᠢᠯᠠᠬᠤ ᠪᠤᠯᠤᠨ᠎ᠠ᠃
ᠥᠨᠥᠳᠦᠷ ᠤ᠋ᠨ ᠣᠷᠳᠣᠰ ᠬᠣᠲᠠ ᠡᠪᠡᠰᠦ ᠮᠣᠳᠣ ᠳᠠᠷᠢᠬᠤ ᠲᠠᠩ ᠴᠤᠯᠭᠤᠢ ᠨᠤᠭᠤᠭᠠᠷᠠᠭᠤᠯᠬᠤ ᠵᠠᠭ᠍ᠪᠤᠷ ᠡᠴᠡ ᠠᠯᠢ ᠡᠷᠲᠡ ᠠᠶᠠᠷᠯᠠᠪᠠ᠂ ᠬᠥᠪᠴᠢ ᠵᠢᠨ ᠡᠯᠡᠰᠦ ᠵᠢᠨ《ᠬᠠᠪᠲᠠᠰᠤᠨ ᠳᠡᠭᠡᠷ᠎ᠡ ᠴᠠᠬᠢᠯᠭᠠᠨ ᠭᠠᠷᠭᠠᠬᠤ᠂ ᠬᠠᠪᠲᠠᠰᠤᠨ ᠳᠤᠤᠷ᠎ᠠ ᠵᠠᠰᠠᠨ ᠰᠡᠷᠭᠦᠭᠡᠬᠦ᠂ ᠬᠠᠪᠲᠠᠰᠤᠨ ᠤ᠋ ᠬᠣᠭᠣᠷᠣᠨᠳᠣ ᠲᠡᠵᠢᠭᠡᠨ ᠦᠷᠡᠵᠢᠭᠦᠯᠬᠦ᠌》 《 ᠬᠡᠷᠡᠯᠴᠢ ᠴᠡᠨᠡᠭ + 》 ᠪᠣᠰᠣᠭ᠎ᠠ ᠴᠣᠭ᠍ᠴᠠᠲᠤ ᠵᠠᠭ᠍ᠪᠤᠷ ᠵᠡᠷᠭᠡ ᠨᠢ ᠡᠯᠡᠰᠦᠶ᠋ᠢ ᠵᠠᠰᠠᠭ᠍ᠰᠠᠨ ᠦᠷ᠎ᠡ ᠪᠦᠲᠦᠮᠵᠢᠶ᠋ᠢ 3 ᠳᠠᠬᠢᠨ ᠨᠡᠮᠡᠭᠳᠡᠭᠦᠯᠵᠠᠢ; ᠵᠢᠯᠣᠭᠣᠴᠢ ᠥᠬᠡᠶ ᠨᠢᠰᠭᠡᠯ ᠵᠢᠡᠷ ᠳᠠᠷᠢᠬᠤ᠂ ᠣᠶᠤᠨᠴᠢ ᠪᠡᠷ ᠳᠤᠰᠤᠯᠭᠠᠨ ᠤᠰᠤᠯᠠᠬᠤᠶ᠋ᠢ ᠪᠥᠬᠥ᠌ ᠲᠠᠯ᠎ᠠ ᠪᠡᠷ ᠠᠰᠢᠭᠯᠠᠵᠤ᠂ ᠦᠷ᠎ᠡ ᠵᠢᠨ ᠡᠳᠡᠭᠡᠷᠡᠯᠲᠡ ᠵᠢᠨ ᠨᠣᠷᠮ᠎ᠠ 30% ᠪᠠᠢᠭ᠍ᠰᠠᠨ ᠡᠴᠡ ᠪᠡᠨ ᠳᠡᠭᠡᠭᠰᠢᠯᠡᠭᠡᠳ 85% ᠪᠣᠯᠵᠣ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠨᠢᠭᠡᠨᠲᠡ ᠡᠯᠡᠰᠦᠶ᠋ᠢ ᠵᠠᠰᠠᠵᠤ ᠡᠯᠡᠰᠦᠶ᠋ᠢ ᠪᠠᠭᠠᠰᠭᠠᠬᠤ ᠭᠤᠤᠯ ᠬᠥᠳᠡᠯᠭᠡᠭ᠌ᠴᠢ ᠬᠦᠴᠦᠨ ᠪᠤᠯᠪᠠ ᠃
《ᠪᠥᠬᠥ᠌ ᠬᠣᠲᠠ ᠵᠢᠨ ᠨᠥᠭᠡᠴᠡᠯᠡᠵᠦ᠍ ᠪᠠᠢᠭ᠎ᠠ ᠴᠢᠬᠢ ᠮᠣᠳᠣ 15.5 ᠳ᠋ᠦᠩᠱᠢᠭᠤᠷ ᠰᠠᠭᠤᠷᠢ᠂ ᠦᠷ᠎ᠡ 26.95 ᠲᠦᠮᠡᠨ ᠺᠢᠯᠣᠭ᠌ᠷᠠᠮ᠂ ᠡᠯᠡᠰᠦᠨ ᠬᠠᠯᠬᠠᠪᠴᠢ ᠵᠢᠨ ᠲᠦᠭᠦᠬᠡᠶ ᠮᠠᠲ᠋ᠧᠷᠢᠶᠠᠯ 89.8 ᠲᠦᠮᠡᠨ ᠲᠣᠨ ᠪᠠᠢᠵᠤ᠂ 2026 ᠣᠨ ᠤ᠋ 〈ᠤᠮᠠᠷᠠᠲᠤ ᠵᠢᠨ ᠭᠤᠷᠪᠠᠨ ᠤᠷᠤᠨ〉 ᠤ᠋ ᠢᠨᠵᠧᠨᠧᠷᠢᠩ ᠤ᠋ᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠪᠥᠲᠥᠭᠡᠨ ᠪᠠᠢᠭᠤᠯᠤᠯᠲᠠ ᠪᠠ ᠢᠨᠵᠧᠨᠧᠷᠢᠩ ᠤ᠋ᠨ ᠡᠯᠡᠰᠦᠶ᠋ᠢ ᠲᠣᠭ᠍ᠲᠠᠪᠤᠷᠢᠵᠢᠭᠤᠯᠬᠤ ᠡᠭᠦᠷᠭᠡ ᠵᠢᠨ ᠬᠡᠷᠡᠭ᠌ᠴᠡᠭᠡᠶ᠋ᠢ ᠭᠦᠶ᠋ᠴᠡᠳ ᠬᠠᠩᠭᠠᠵᠤ ᠴᠢᠳᠠᠨ᠎ᠠ》 ᠭᠡᠵᠤ ᠣᠷᠳᠣᠰ ᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠡᠯᠡᠰᠦᠶ᠋ᠢ ᠵᠠᠰᠠᠵᠤ ᠣᠢᠵᠢᠭᠤᠯᠬᠤ ᠰᠠᠯᠠᠭᠠᠨ ᠤ᠋ ᠳᠠᠷᠤᠭ᠎ᠠ ᠬᠡᠱᠢᠭ᠌ᠲᠦ ᠲᠠᠨᠢᠯᠴᠠᠭᠤᠯᠤᠨ᠎ᠠ ᠃
ᠡᠯᠡᠰᠦ ᠮᠠᠩᠬᠠᠶ᠋ᠢ ᠨᠣᠭᠣᠭᠠᠷᠠᠭᠤᠯᠬᠤ ᠪᠦᠰᠡ᠂ ᠨᠦᠯᠦᠮᠡᠯ ᠭᠠᠵᠠᠷ ᠤ᠋ᠨ ᠬᠠᠱᠢᠯᠭᠠ᠂ ᠬᠡᠷᠡᠯᠴᠢ ᠴᠡᠨᠡᠭ ᠵᠢᠡᠷ ᠡᠯᠡᠰᠦᠶ᠋ᠢ ᠵᠠᠰᠠᠬᠤ ᠪᠦᠰᠡ᠂ ᠡᠯᠡᠰᠦ ᠮᠠᠩᠬ᠎ᠠ ᠵᠢᠨ ᠬᠥᠪᠡᠭᠡ ᠵᠠᠬᠠᠶ᠋ᠢ ᠡᠮᠵᠢᠶᠡᠷᠢᠯᠡᠭᠦ ᠣᠶ ᠱᠢᠭᠤᠶ ᠵᠢᠨ ᠬᠠᠯᠬᠠᠪᠴᠢ 《ᠳᠥᠷᠪᠡᠨ ᠰᠡᠷᠭᠡᠢᠯᠡᠯᠲᠡ ᠵᠢᠨ ᠱᠤᠭᠤᠮ》 ᠢ᠋ ᠪᠠᠢᠭᠤᠯᠬᠤ ᠪᠡᠷ ᠳᠡᠮᠵᠢᠨ᠂ ᠣᠷᠳᠣᠰ ᠬᠣᠲᠠ ᠪᠥᠬᠥ᠌ ᠰᠠᠪᠠ ᠭᠠᠵᠠᠷ ᠤ᠋ᠨ ᠪᠣᠰᠣᠭ᠎ᠠ ᠴᠣᠭ᠍ᠴᠠᠲᠤ ᠰᠡᠷᠭᠡᠢᠯᠡᠯᠲᠡ ᠵᠢᠨ ᠱᠢᠰᠲ᠋ᠧᠮ ᠢ᠋ ᠪᠦᠷᠢᠯᠳᠦᠭᠦᠯᠵᠦ᠍᠂ ᠠᠷᠪᠠᠨ ᠶᠡᠬᠡ ᠬᠦᠨᠳᠡᠢ ᠵᠢᠨ ᠵᠢᠯ ᠤ᠋ᠨ ᠡᠯᠡᠰᠦ ᠳᠠᠮᠵᠢᠭᠤᠯᠬᠤ ᠳᠤᠮᠳᠠᠴᠢ ᠬᠡᠮᠵᠢᠶ᠎ᠡ 2700 ᠲᠦᠮᠡᠨ ᠲᠣᠨ ᠪᠠᠢᠭ᠍ᠰᠠᠨ ᠡᠴᠡ ᠪᠡᠨ 460 ᠲᠦᠮᠡᠨ ᠲᠣᠨ ᠬᠦᠷᠲᠡᠯ᠎ᠡ ᠪᠠᠭᠤᠷᠠᠵᠤ᠂ ᠬᠥᠷᠥᠰᠥ᠍ ᠱᠢᠷᠣᠶ ᠵᠢᠨ ᠢᠳᠡᠭ᠌ᠳᠡᠯ ᠢ᠋ ᠵᠠᠰᠠᠭ᠍ᠰᠠᠨ ᠲᠠᠯᠠᠪᠠᠶ 4000 ᠭᠠᠷᠤᠶ ᠲᠡᠭ᠌ᠰᠢ ᠳᠥᠷᠪᠡᠯᠵᠢᠨ ᠺᠢᠯᠣᠮᠧᠲ᠋ᠷ ᠲᠦ᠍ ᠬᠦᠷᠴᠦ᠍᠂ ᠬᠥᠷᠥᠰᠥ᠍ ᠱᠢᠷᠣᠶᠶ᠋ᠢᠨ ᠬᠠᠮᠠᠭᠠᠯᠠᠯᠳᠠᠵᠢᠨ ᠨᠣᠷᠮ᠎ᠠ 59.7% ᠪᠤᠯᠲᠠᠯ᠎ᠠ ᠳᠡᠭᠡᠭ᠌ᠰᠢᠯᠡᠨ᠂ ᠥᠩᠭᠡᠷᠡᠭ᠌ᠰᠡᠨ ᠤ᠋ ᠱᠢᠷᠠ ᠡᠯᠡᠰᠦ ᠨᠡᠯᠦᠢᠭ᠌ᠰᠡᠨ ᠭᠠᠵᠠᠷ ᠲᠤ᠌ ᠨᠢᠭᠡᠨᠲᠡ ᠨᠤᠮᠢᠨ ᠳᠤᠯᠭᠢᠶ᠎ᠠ ᠬᠠᠶᠠᠯᠠᠵᠤ᠂ ᠭᠤᠤᠯ ᠨᠢ ᠲᠤᠩᠭᠠᠯᠠᠭ᠂ ᠡᠷᠭᠢ ᠨᠢ ᠨᠤᠭᠤᠭᠠᠨ ᠠᠮᠢ ᠠᠬᠤᠢ ᠵᠢᠨ ᠵᠢᠷᠤᠭ ᠢ᠋ ᠵᠢᠷᠤᠭᠯᠠᠵᠠᠢ᠃
ᠡᠯᠡᠰᠦᠶ᠋ᠢ ᠵᠠᠰᠠᠬᠤ ᠨᠢ ᠨᠣᠭᠣᠭᠠᠷᠠᠭᠤᠯᠤᠯᠲᠠᠶ᠋ᠢ ᠪᠠᠬᠢᠵᠢᠬᠦᠯᠵᠤ᠂ ᠨᠠᠩ ᠴᠤ᠌ ᠠᠷᠠᠳ ᠲᠦ᠍ ᠠᠱᠢᠭ ᠬᠦᠷᠲᠡᠭᠡᠵᠦ᠍ ᠦᠶ᠋ᠯᠡᠳᠪᠦᠷᠢᠯᠡᠯ ᠢ᠋ ᠬᠥᠭ᠌ᠵᠢᠭᠦᠯᠬᠦ ᠪᠤᠯᠤᠨ᠎ᠠ᠃ ᠣᠷᠳᠣᠰ ᠬᠣᠲᠠᠵᠢᠨ ᠬᠢᠨ ᠣᠶ ᠱᠢᠭᠤᠶ ᠪᠠ ᠡᠪᠡᠰᠤᠨ ᠤ᠋ ᠠᠵᠤ ᠦᠶ᠋ᠯᠡᠰ ᠤ᠋ᠨ ᠬᠥᠭ᠌ᠵᠢᠯᠲᠡ ᠵᠢᠨ ᠠᠷᠪᠠᠨ ᠵᠦᠶ᠋ᠯ ᠤ᠋ᠨ ᠠᠷᠭ᠎ᠠ ᠬᠡᠮᠵᠢᠶᠡᠶ᠋ᠢ ᠨᠡᠢᠲᠡᠯᠡᠵᠦ᠍᠂ ᠭᠤᠷᠪᠠᠨ ᠵᠢᠯᠳᠦ ᠡᠳ᠋ ᠤ᠋ᠨ ᠵᠠᠰᠠᠭ ᠤ᠋ᠨ ᠪᠠᠯᠠ ᠮᠥᠩᠭᠥᠶ᠋ᠢ 2.1 ᠳ᠋ᠦᠩᠱᠢᠭᠤᠷ ᠲᠥᠭᠥᠷᠢᠭ ᠴᠢᠷᠮᠠᠢᠨ ᠤᠯᠵᠤ᠂ ᠣᠶ ᠱᠢᠭᠤᠶ ᠡᠪᠡᠰᠤᠨ ᠤ᠋ ᠠᠵᠤ ᠦᠶ᠋ᠯᠡᠰ ᠤ᠋ᠨ ᠶᠡᠷᠦᠩᠬᠡᠶ ᠦᠶ᠋ᠯᠡᠳᠬᠦᠨ ᠤ᠋ ᠥᠷᠲᠡᠭ 85 ᠳ᠋ᠦᠩᠱᠢᠭᠤᠷ ᠲᠥᠭᠥᠷᠢᠭ ᠢ᠋ ᠳᠠᠪᠠᠵᠤ᠂ ᠠᠵᠢᠯ ᠣᠯᠭᠣᠯᠲᠠ ᠪᠡᠷ ᠲᠡᠳᠬᠦᠮᠵᠢᠶ᠋ᠢ ᠣᠷᠣᠯᠠᠭᠤᠯᠬᠤ ᠪᠡᠷ ᠳᠠᠮᠵᠢᠨ ᠮᠠᠯᠵᠢᠬᠤ ᠲᠠᠷᠢᠶᠠᠯᠠᠬᠤ ᠡᠷᠦᠬᠡ ᠵᠢᠨ ᠣᠷᠣᠯᠭᠠᠶ᠋ᠢ ᠳᠤᠮᠳᠠᠴᠢ ᠪᠡᠷ 3 ᠲᠦᠮᠡᠨ ᠲᠥᠭᠥᠷᠢᠭ ᠡᠴᠡ ᠳᠡᠭᠡᠭ᠌ᠰᠢ ᠨᠡᠮᠡᠭ᠌ᠳᠡᠭᠦᠯᠤᠨ᠂ ᠨᠡᠭᠦᠷᠡᠰᠦᠲᠥ᠋ᠷᠥᠭ᠌ᠴᠢ ᠵᠢᠨ ᠪᠢᠯᠧᠲ᠂ ᠡᠪᠡᠰᠦᠨ ᠪᠢᠯᠧᠲ ᠤ᠋ᠨ ᠲᠤᠷᠱᠢᠯᠲᠠ ᠵᠢᠨ ᠴᠡᠭ ᠵᠢᠡᠷᠠᠮᠢ ᠠᠬᠤᠶ ᠵᠢᠨ ᠥᠷᠲᠡᠭ ᠢ᠋ ᠬᠤᠪᠢᠷᠠᠭᠤᠯᠬᠤ ᠱᠢᠨ᠎ᠡ ᠠᠷᠭ᠎ᠠ ᠵᠠᠮ ᠵᠢᠡᠷ ᠵᠠᠮᠨᠠᠪᠠ᠃
ᠬᠠᠲᠤᠨ ᠭᠤᠤᠯ ᠤ᠋ᠨ ᠶᠡᠬᠡ ᠲᠤᠬᠤᠢ ᠶ᠋ᠢᠨ ᠤᠷᠤᠨᠢ ᠪᠠᠷᠠᠯᠠᠬᠤᠶ᠎ᠠ᠂ ᠡᠯᠡᠰᠦᠶ᠋ᠢ ᠵᠠᠰᠠᠬᠤ ᠢᠨᠵᠧᠨᠧᠷᠢᠩ 《ᠪᠣᠭᠣᠮᠲᠠ ᠵᠢᠨ ᠭᠠᠳᠠᠨᠠᠬᠢ ᠠᠮᠤ ᠵᠢᠨ ᠰᠠᠩ》 ᠪᠤᠯᠬᠤ ᠪᠣᠷᠣᠲᠣᠬᠣᠶ ᠵᠢᠨ ᠲᠠᠯ᠎ᠠ ᠭᠠᠵᠠᠷ ᠢ᠋ ᠰᠠᠬᠢᠨ ᠬᠠᠮᠠᠭᠠᠯᠠᠵᠤ᠂ ᠬᠡᠷᠡᠯᠴᠢ ᠴᠡᠨᠡᠭ᠂ ᠬᠢᠲᠠᠳ ᠡᠮ ᠤ᠋ᠨ ᠮᠠᠲ᠋ᠧᠷᠢᠶᠠᠯ᠂ ᠡᠯᠡᠰᠦᠨ ᠴᠥᠯ ᠤ᠋ᠨ ᠵᠢᠭᠤᠯᠴᠢᠯᠠᠯ ᠵᠡᠷᠭᠡ ᠪᠣᠬᠢᠷᠲᠤᠯ ᠥᠬᠡᠶ ᠠᠵᠤ ᠦᠶ᠋ᠯᠡᠰ ᠢ᠋ ᠬᠦᠭᠵᠢᠬᠦᠯᠵᠤ᠂ 2024 ᠣᠨ ᠳ᠋ᠤ ᠬᠠᠲᠤᠨ ᠭᠤᠤᠯ ᠳᠠᠭᠠᠤ ᠵᠢᠨ 7 ᠠᠢᠮᠠᠭ ᠬᠣᠲᠠ ᠵᠢᠨ ᠦᠶ᠋ᠯᠡᠳᠪᠦᠷᠢᠯᠡᠯ ᠤ᠋ᠨ ᠶᠡᠷᠦᠩᠬᠡᠶ ᠥᠷᠲᠡᠭ 18510 ᠳ᠋ᠦᠩᠱᠢᠭᠤᠷ ᠲᠥᠭᠥᠷᠢᠭ ᠲᠦ᠍ ᠬᠦᠷᠴᠦ᠍᠂ 2020 ᠣᠨ ᠤ᠋ᠬᠢ ᠡᠴᠡ 58.8% ᠪᠡᠷ ᠨᠡᠮᠡᠭ᠌ᠳᠡᠪᠡ᠃
ᠲᠦᠮᠡᠨ ᠭᠠᠵᠠᠷ ᠤ᠋ᠨ ᠠᠶᠠᠨ ᠳ᠋ᠤ ᠵᠣᠷᠢᠭ ᠵᠢᠡᠨ ᠬᠥᠪᠴᠢᠯᠡᠵᠦ᠍᠂ ᠬᠦᠨᠳᠦ ᠡᠭᠦᠷᠭᠡᠶ᠋ᠢ ᠳᠠᠬᠢᠨᠲᠠ ᠡᠭᠦᠷᠭᠡᠯᠡᠨ᠎ᠡ᠃ ᠥᠪᠥᠷ ᠮᠣᠩᠭᠣᠯ 2030 ᠣᠨ ᠪᠣᠯᠬᠤ ᠳ᠋ᠤ᠂ 9700 ᠲᠦᠮᠡᠨ ᠮᠥ᠍ ᠡᠯᠡᠰᠦᠷᠬᠡᠭᠵᠢᠯ ᠢ᠋ ᠰᠡᠷᠭᠡᠢᠯᠡᠨ ᠡᠯᠡᠰᠤ ᠶ᠋ᠢ ᠵᠠᠰᠠᠬᠤ ᠵᠢᠨ ᠬᠠᠮᠲᠤ 《ᠡᠯᠡᠰᠦᠨ ᠴᠦᠯᠳᠦ ᠬᠦᠰᠡᠯ ᠵᠡᠭᠦᠳᠦ᠍ ᠪᠡᠨ ᠲᠡᠷᠭᠡᠯᠱᠢᠭᠦᠯᠬᠦ᠌》ᠠᠮᠢ ᠠᠬᠤᠶᠶ᠋ᠢ ᠬᠠᠮᠠᠭᠠᠯᠠᠬᠤ ᠲᠥᠯᠥᠪᠯᠡᠭᠡᠶ᠋ᠢ ᠡᠬᠢᠯᠡᠭᠦᠯᠵᠦ᠍᠂ ᠬᠡᠷᠡᠯᠴᠢ ᠴᠡᠨᠡᠭ ᠵᠢᠡᠷ ᠡᠯᠡᠰᠦᠶ᠋ᠢ ᠵᠠᠰᠠᠬᠤ᠂ ᠬᠥᠪᠡᠭᠡ ᠵᠠᠬᠠᠶ᠋ᠢ ᠡᠮᠵᠢᠶᠡᠷᠢᠯᠡᠬᠦ ᠣᠶ ᠱᠢᠭᠤᠶ ᠪᠠ ᠨᠤᠲᠤᠭ ᠪᠡᠯᠴᠢᠭᠡᠷ ᠤ᠋ᠨ ᠪᠦᠰᠡ ᠵᠡᠷᠭᠡ ᠵᠠᠭ᠍ᠪᠤᠷ ᠢ᠋ ᠪᠥᠬᠥ᠌ ᠣᠷᠣᠨ ᠪᠦᠰᠡᠳᠦ ᠪᠦᠷᠬᠦᠭᠦᠯᠬᠦ᠌ᠶ᠋ᠢ ᠠᠬᠢᠭᠤᠯᠤᠨ᠎ᠠ᠃ ᠤᠳᠤ ᠥᠪᠥᠷ ᠮᠣᠩᠭᠣᠯ ᠯᠠᠪᠳᠠᠭᠤᠨ ᠪᠠᠳᠤᠳᠠᠢ ᠠᠵᠢᠯᠯᠠᠵᠤ᠂ ᠡᠬᠡ ᠤᠯᠤᠰ ᠤ᠋ᠨ ᠤᠮᠠᠷᠠᠲᠤ ᠬᠢᠯᠢᠳᠦ ᠠᠮᠢ ᠠᠬᠤᠢ ᠵᠢᠨ ᠤᠷᠳᠤ ᠴᠠᠭᠠᠨ ᠬᠡᠷᠡᠮ ᠢ᠋ ᠪᠠᠲᠤ ᠴᠣᠭ᠍ᠴᠠᠯᠠᠵᠤ᠂ ᠬᠠᠳᠤᠨ ᠭᠣᠣᠯ ᠤ᠋ᠨ ᠠᠮᠤᠷ ᠠᠮᠤᠭᠤᠯᠠᠩ ᠢ᠋ ᠤᠯᠠᠮ ᠰᠠᠢᠲᠤᠷ ᠬᠠᠮᠠᠭᠠᠯᠠᠬᠤ ᠪᠠᠷ ᠡᠷᠡᠮᠡᠭᠡᠢᠯᠡᠨ ᠠᠵᠢᠯᠯᠠᠵᠤ ᠪᠠᠢᠨ᠎ᠠ᠃