ᠪᠠᠢᠭᠠᠯᠢ ᠡᠭᠡ ᠵᠢᠨ ᠰᠤᠶᠤᠷᠬᠠᠯ
2026-03-23 10:44:45
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠦᠪᠦᠷ ᠮᠣᠩᠭᠣᠯ ᠤ᠋ᠨ ᠨᠣᠮᠢᠨ ᠨᠣᠭᠣᠭᠠᠨ᠂ ᠴᠡᠩᠭᠡᠷ ᠬᠦᠭᠡ᠂ ᠴᠡᠪᠡᠷ ᠲᠣᠩᠭᠠᠯᠠᠬ ᠭᠡᠬᠦ ᠦᠨᠳᠦᠰᠦᠨ ᠲᠡᠪᠢᠰᠭᠡᠷ ᠦᠩᠭᠡ ᠵᠢ ᠦᠨᠢᠳᠡ ᠪᠠᠷᠢᠮᠳᠠᠯᠠᠶ᠎ᠠ


ᠦᠷᠯᠦᠭᠡ ᠪᠣᠰᠣᠭᠠᠳ ᠡᠳᠦᠷ ᠤ᠋ᠨ ᠪᠠᠢᠲᠠᠯ᠂ ᠴᠠᠬ ᠠᠭᠣᠷ ᠢ᠋ ᠰᠢᠨᠵᠢᠬᠦ ᠨᠢ ᠡᠩ ᠤ᠋ᠨ ᠬᠦᠮᠦᠰ ᠤ᠋ᠨ ᠨᠡᠢᠲᠡᠮ ᠵᠣᠷᠰᠢᠯ᠃ ᠨᠠᠭᠠᠲᠣ ᠵᠠᠬ᠎ᠠ ᠳ᠋ᠠᠭᠠᠨ ᠴᠠᠬ ᠠᠭᠣᠷ ᠢ᠋ ᠠᠵᠢᠵᠦ᠂ ᠬᠦᠢᠲᠡᠨ ᠬᠠᠯᠠᠭᠣᠨ ᠳ᠋ᠦ ᠵᠣᠬᠢᠴᠠᠭᠣᠯᠣᠨ ᠬᠣᠪᠴᠠᠰᠣ ᠬᠣᠨᠠᠷ ᠶ᠋ᠢᠡᠨ ᠨᠢᠮᠭᠡᠯᠡᠵᠦ ᠵᠣᠵᠠᠭᠠᠯᠠᠲᠠᠬ᠃ ᠲᠡᠭᠡᠬᠦ ᠳ᠋ᠡᠭᠡᠨ ᠨᠠᠷᠠ ᠲᠣᠯᠠᠢᠵᠦ᠂ ᠲᠡᠭᠷᠢ ᠴᠡᠯᠮᠡᠭᠰᠡᠨ ᠲᠣᠩᠭᠠᠯᠠᠬ ᠡᠳᠦᠷ ᠪᠣᠯ ᠪᠣᠲᠣᠯ ᠰᠡᠳᠬᠢᠯ ᠴᠦ᠍ ᠰᠡᠷᠪᠡᠯᠵᠡᠵᠦ᠂ ᠰᠠᠢᠨ ᠡᠬᠢᠯᠡᠯᠲᠡ ᠠᠮᠵᠢᠯᠲᠠ ᠵᠢᠨ ᠬᠠᠭᠠᠰ ᠲᠠᠢ ᠲᠡᠩᠴᠡᠨ᠎ᠡ ᠭᠡᠵᠦ ᠰᠡᠮ ᠪᠠᠶᠠᠰᠲᠠᠬ᠃ ᠪᠣᠷᠣᠭᠠᠨ ᠰᠠᠯᠬᠢ ᠲᠠᠢ ᠡᠳᠦᠷ ᠪᠣᠯ ᠡᠮᠦᠰᠭᠡᠯ ᠵᠡᠬᠦᠭᠡᠯ ᠶ᠋ᠢᠡᠨ ᠵᠣᠵᠠᠭᠠᠯᠠᠬᠣ ᠵᠢᠨ ᠲᠠᠭᠠᠣ ᠦᠯᠦ ᠮᠡᠳᠡᠭ ᠪᠣᠬᠢᠨᠢᠲᠣᠯ ᠲᠦᠷᠦᠭᠲᠡᠵᠦ᠂ ᠠᠷᠭ᠎ᠠ ᠪᠠᠷᠠᠬᠲᠠᠭᠣᠯᠬᠣ ᠶᠣᠮ ᠃

ᠲᠡᠷᠡ ᠲᠠᠢ ᠲᠡᠷᠡ ᠦᠭᠡᠢ ᠪᠢᠳᠡ ᠣᠷᠴᠢᠨ ᠨᠦᠬᠦᠴᠡᠯ ᠭᠡᠬᠦ ᠬᠦᠷᠢᠶ᠎ᠡ ᠴᠠᠷᠠᠭ᠎ᠠ ᠳ᠋ᠦ ᠣᠷᠣᠰᠢᠵᠦ ᠣᠷᠣᠩᠨᠠᠲᠠᠬ᠃ ᠶᠠᠬ ᠡᠢᠮᠦ ᠡᠴᠡ ᠣᠷᠴᠢᠨ ᠲᠣᠭᠣᠷᠢᠨ ᠪᠣᠯᠣᠨ ᠴᠠᠭ ᠠᠭᠠᠷ ᠤ᠋ᠨ ᠰᠠᠢᠨ ᠮᠠᠭᠣ᠂ ᠪᠦᠷᠬᠦᠭ ᠲᠣᠩᠭᠠᠯᠠᠬ᠂ ᠪᠣᠬᠢᠷᠲᠣᠯ ᠲᠠᠢ ᠪᠣᠶᠣ ᠴᠡᠯᠮᠡᠭ ᠡᠰᠡᠬᠦ ᠨᠢ ᠬᠦᠮᠦᠨ ᠪᠣᠯᠭᠠᠨ ᠢ᠋ ᠨᠦᠯᠦᠭᠡᠯᠡᠵᠦ ᠪᠠᠢᠲᠠᠬ ᠭᠡᠯᠲᠡᠢ᠃ ᠴᠠᠪᠠᠷ ᠰᠠᠢᠬᠠᠨ ᠣᠷᠴᠢᠨ᠂ ᠴᠡᠯᠮᠡᠭ ᠲᠣᠩᠭᠠᠯᠠᠬ ᠠᠭᠠᠷ ᠲᠦ᠍ ᠬᠦᠮᠦᠨ ᠪᠣᠯᠭᠠᠨ ᠲᠣᠷᠠᠲᠠᠢ ᠭᠡᠬᠦ ᠳ᠋ᠦ ᠡᠰᠡᠷᠬᠦ ᠪᠡᠷ ᠦᠮᠡᠬᠡᠢ ᠦᠨᠦᠷ ᠰᠡᠩᠬᠢᠨᠡᠵᠦ᠂ ᠣᠲᠣᠭ᠎ᠠ ᠲᠣᠭᠣᠰᠣ ᠲᠡᠭᠲᠡᠵᠦ᠂ ᠡᠮᠬᠢ ᠵᠠᠮᠪᠠᠷᠠᠭ᠎ᠠ ᠪᠠᠨ ᠠᠯᠲᠠᠬᠰᠠᠨ ᠣᠷᠴᠢᠨ ᠳ᠋ᠦ ᠨᠢᠭᠡ ᠮᠢᠨᠦᠢ᠍ᠲ ᠢᠯᠡᠬᠦᠦ ᠰᠠᠭᠣᠬᠣ ᠨᠢ ᠴᠦ᠍ ᠬᠠᠲᠠᠭᠣ ᠬᠠᠯᠠ ᠮᠡᠲᠦ ᠰᠠᠨᠠᠬᠲᠠᠲᠠᠬ᠃ ᠰᠠᠢᠬᠠᠨ ᠬᠢᠭᠡᠳ ᠮᠠᠭᠣᠬᠠᠢ ᠵᠢᠨ ᠲᠣᠬᠠᠢ ᠬᠦᠮᠦᠰ ᠤ᠋ᠨ ᠮᠡᠲᠡᠷᠡᠮᠵᠢ ᠢᠩᠬᠢᠵᠦ ᠢᠯᠠ ᠲᠣᠲᠣ ᠪᠠᠢᠲᠠᠬ᠃ ᠡᠢᠨ᠎ᠬᠦ ᠴᠡᠩᠭᠡᠭ ᠠᠭᠠᠷ᠂ ᠴᠡᠪᠡᠷ ᠣᠷᠴᠢᠨ ᠨᠢ ᠠᠮᠢ ᠠᠬᠣᠢ ᠣᠷᠴᠢᠨ ᠲᠣᠭᠣᠷᠢᠨ ᠤ᠋ ᠢᠯᠡᠳᠭᠡᠮᠵᠢ ᠪᠣᠯᠬᠣ ᠪᠡᠷ ᠪᠠᠷᠠᠬᠣ ᠦᠭᠡᠢ ᠪᠠᠰᠠ ᠴᠦ᠍ ᠠᠮᠢᠲᠣᠷᠠᠯ ᠤ᠋ᠨ ᠬᠡᠪ ᠴᠢᠨᠠᠷ ᠤ᠋ᠨ ᠪᠣᠲᠠᠲᠠᠢ ᠢᠯᠡᠷᠡᠯ ᠪᠠᠢᠵᠦ ᠲᠠᠭᠠᠷᠠᠬᠣ ᠶᠣᠮ᠃

ᠰᠠᠢᠨ ᠰᠠᠢᠬᠠᠨ ᠣᠷᠴᠢᠨ ᠨᠦᠬᠦᠴᠡᠯ ᠪᠣᠯ ᠪᠠᠢᠭᠠᠯᠢ ᠡᠴᠡ ᠰᠣᠶᠣᠷᠬᠠᠬᠰᠠᠨ ᠬᠡᠰᠢᠭ ᠪᠣᠯᠬᠣ ᠮᠦᠷᠲᠡᠭᠡᠨ ᠪᠠᠰᠠ ᠴᠦ᠍ ᠪᠢᠳᠡ ᠪᠦᠬᠦᠨ ᠤ᠋ ᠵᠢᠳᠬᠦᠨ ᠲᠡᠮᠡᠦᠯᠵᠦ ᠬᠠᠮᠠᠭᠠᠯᠠᠬᠰᠠᠨ ᠤ᠋ ᠦᠷ᠎ᠡ ᠳ᠋ᠦᠩ ᠪᠣᠯᠬᠣ ᠶᠣᠮ᠃ 《ᠠᠷᠪᠠᠨ ᠲᠦᠷᠪᠡᠲᠦᠭᠡᠷ ᠲᠠᠪᠣᠨ ᠵᠢᠯ》 ᠳ᠋ᠦ᠂ ᠦᠪᠦᠷ ᠮᠣᠩᠭᠣᠯ 《ᠨᠣᠮᠢᠨ ᠣᠰᠣ ᠬᠦᠭᠡᠮᠲᠦᠭ ᠠᠭᠣᠯᠠ ᠪᠣᠯ ᠠᠯᠲᠠᠨ ᠠᠭᠣᠯᠠ ᠮᠦᠩᠬᠦᠨ ᠬᠠᠢᠷᠬᠠᠨ ᠮᠦᠨ》 ᠭᠡᠬᠦ ᠣᠢᠯᠠᠭᠠᠬᠲᠠᠬᠣᠨ ᠢ᠋ ᠲᠣᠭᠣᠰᠢᠯᠠᠭᠣᠯᠣᠨ ᠨᠠᠢᠲᠠᠪᠣᠷᠢᠵᠢᠭᠣᠯᠵᠦ᠂ ᠠᠮᠢ ᠠᠬᠣᠢ ᠵᠢᠨ ᠪᠦᠲᠦᠭᠡᠨ ᠪᠠᠢᠭᠣᠯᠣᠯᠲᠠ ᠳ᠋ᠦ ᠠᠰᠣᠷᠣ ᠠᠮᠵᠢᠯᠲᠠ ᠣᠯᠵᠦ᠂  ᠠᠮᠢ ᠠᠬᠣᠢ ᠵᠢ ᠣᠷᠢᠳ ᠶ᠋ᠢᠡᠷ ᠪᠣᠲᠣᠯᠬᠢᠯᠠᠬᠤ ᠪᠣᠬᠢᠷᠲᠣᠯ ᠦᠭᠡᠢ ᠪᠡᠷ ᠬᠦᠭᠵᠢᠬᠦᠯᠬᠦ ᠵᠢ ᠪᠠᠷᠢᠮᠲᠠᠯᠠᠨ᠂ ᠮᠠᠨ ᠤ᠋ ᠣᠯᠣᠰ ᠤ᠋ᠨ ᠣᠮᠠᠷᠠᠲᠣ ᠵᠢᠨ ᠴᠢᠬᠣᠯᠠ ᠠᠮᠢ ᠠᠬᠣᠢ ᠵᠢᠨ ᠠᠮᠣᠷ ᠲᠦᠪᠰᠢᠨ ᠤ᠋ ᠬᠠᠯᠬᠠᠪᠴᠢ ᠵᠢ ᠪᠡᠳᠤ ᠴᠤᠭᠴᠠᠯᠠᠵᠤ᠂ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠣ ᠵᠢ 6688 ᠲᠦᠮᠡᠨ ᠮᠦ᠍ ᠪᠡᠶᠡᠯᠡᠬᠦᠯᠵᠦ᠂ ᠣᠢ ᠰᠢᠭᠣᠢ ᠵᠢᠨ ᠪᠦᠷᠬᠦᠴᠡ 22% ᠲᠦ᠍ ᠬᠦᠷᠴᠦ᠂ ᠨᠣᠲᠣᠬ ᠪᠡᠯᠴᠢᠭᠡᠷ ᠤ᠋ᠨ ᠶᠡᠷᠦᠩᠬᠡᠢᠯᠡᠭᠰᠡᠨ ᠣᠷᠭᠣᠮᠠᠯ ᠤ᠋ᠨ ᠬᠣᠴᠢᠯᠭ᠎ᠠ ᠵᠢᠨ ᠪᠦᠷᠬᠦᠴᠡ 45% ᠡᠴᠡ ᠲᠡᠭᠡᠭᠰᠢ ᠳ᠋ᠦ ᠲᠣᠬᠲᠠᠪᠣᠷᠢᠵᠢᠵᠠᠢ᠃ ᠬᠦᠬᠡ ᠣᠬᠲᠠᠷᠭᠣᠢ᠂ ᠬᠦᠭᠡᠮᠳᠦᠭ ᠣᠰᠣ᠂ ᠴᠡᠪᠡᠷ ᠬᠦᠷᠦᠰᠦ ᠵᠢ ᠬᠠᠮᠠᠭᠠᠯᠠᠬᠤ ᠲᠠᠢᠯᠠᠯᠲᠣᠭᠠᠨ ᠴᠢᠬᠣᠯᠠ ᠶᠡᠬᠡ ᠦᠷ᠎ᠡ ᠪᠦᠲᠦᠭᠡᠯ ᠣᠯᠵᠦ᠂ ᠴᠡᠪᠡᠷ ᠰᠠᠢᠨ ᠠᠭᠠᠷ ᠲᠠᠢ ᠡᠳᠦᠷ ᠤ᠋ᠨ ᠲᠣᠭᠠᠨ ᠤ᠋ ᠬᠠᠷᠢᠴᠠᠯ ᠢ᠋ 90% ᠡᠴᠡ ᠲᠡᠭᠡᠭᠰᠢ ᠪᠠᠢᠬᠣ ᠵᠢ ᠪᠠᠲᠣᠯᠠᠬᠰᠠᠨ ᠪᠠᠢᠨ᠎ᠠ᠃ ᠨᠢᠲᠦ ᠬᠢᠯᠠᠰᠣᠮ᠎ᠠ ᠡᠳᠡᠭᠡᠷ ᠠᠮᠵᠢᠯᠲᠠ ᠵᠢᠨ ᠬᠠᠭᠣᠲᠠᠰᠣ ᠵᠢ ᠬᠠᠷᠠᠬᠣ ᠪᠣᠯᠭᠠᠨ ᠦᠵᠡᠰᠬᠦᠯᠡᠩᠲᠦ ᠰᠠᠢᠬᠠᠨ ᠦᠪᠦᠷ ᠮᠣᠩᠭᠣᠯ ᠤ᠋ᠨ ᠦᠨᠢᠷ ᠠᠮᠵᠢᠯᠲᠠ ᠳ᠋ᠦ ᠪᠠᠶᠠᠰᠴᠣ᠂ ᠡᠷᠬᠡ ᠦᠭᠡᠢ ᠣᠷᠮᠠᠰᠢᠨ ᠵᠣᠷᠢᠬᠵᠢᠬᠣ ᠶᠣᠮ ᠃

ᠮᠠᠨ ᠤ᠋ ᠣᠯᠣᠰ ᠤ᠋ᠨ ᠣᠮᠠᠷᠠᠲᠣ ᠵᠢᠨ ᠴᠢᠬᠣᠯᠠ ᠠᠮᠢ ᠠᠬᠣᠢ ᠵᠢᠨ ᠠᠮᠣᠷ ᠲᠦᠪᠰᠢᠨ ᠤ᠋ ᠬᠠᠯᠬᠠᠪᠴᠢ ᠵᠢ ᠪᠠᠳᠤ ᠴᠤᠭᠴᠠᠯᠠᠬᠤ ᠪᠣᠯ ᠦᠪᠦᠷ ᠮᠣᠩᠭᠣᠯ ᠤ᠋ᠨ ᠡᠷᠬᠡᠪᠰᠢ ᠪᠠᠲᠣ ᠴᠡᠭᠡᠵᠢᠯᠡᠬᠦ 《ᠣᠯᠣᠰ ᠤ᠋ᠨ ᠶᠡᠬᠡ ᠶᠠᠪᠣᠲᠠᠯ》 ᠮᠦᠨ᠃ ᠡᠨᠡ ᠪᠣᠯ ᠪᠢᠳᠡᠨ ᠤ᠋ ᠵᠠᠢᠯᠠᠭᠣᠯᠵᠦ ᠪᠣᠯᠣᠰᠢ ᠦᠭᠡᠢ ᠬᠠᠷᠢᠭᠣᠴᠠᠯᠭ᠎ᠠ ᠪᠣᠯᠬᠣ ᠮᠦᠷᠲᠡᠭᠡᠨ ᠵᠠᠪᠠᠯ ᠬᠦᠢᠴᠡᠳᠭᠡᠬᠦ ᠡᠬᠦᠷᠭᠡ ᠪᠣᠯᠣᠨ᠎ᠠ᠃ ᠠᠮᠵᠢᠯᠲᠠ ᠪᠦᠲᠦᠭᠡᠯ ᠵᠦᠪᠬᠡᠨ ᠦᠩᠭᠡᠷᠡᠭᠰᠡᠨ ᠢ᠋ ᠲᠡᠮᠲᠡᠭᠯᠡᠲᠡᠭ ᠭᠡᠲᠡᠭ ᠪᠣᠯᠪᠠᠴᠣ ᠠᠬᠢᠨ ᠲᠠᠪᠰᠢᠬᠣ ᠵᠢᠨ ᠨᠡᠩ ᠦᠨᠳᠦᠷ ᠭᠠᠷᠣᠭ᠎ᠠ ᠪᠠᠢᠵᠦ ᠲᠠᠭᠠᠷᠠᠨ᠎ᠠ᠃ ᠪᠢᠳᠡ ᠢᠮᠠᠬᠲᠠ ᠠᠮᠢ ᠠᠬᠣᠢ ᠣᠷᠴᠢᠨ ᠲᠣᠭᠣᠷᠢᠨ ᠤ᠋ ᠬᠠᠮᠠᠭᠠᠯᠠᠯᠲᠠ ᠵᠢ ᠤᠷᠢᠳ ᠵᠢᠡᠷ ᠪᠤᠳᠤᠯᠬᠢᠯᠠᠵᠤ᠂ ᠦᠪᠦᠷ ᠮᠣᠩᠭᠣᠯ ᠤ᠋ᠨ ᠨᠣᠮᠢᠨ ᠨᠣᠭᠣᠭᠠᠨ᠂ ᠴᠡᠩᠭᠡᠷ ᠬᠦᠭᠡ᠂ ᠴᠡᠪᠡᠷ ᠲᠣᠩᠭᠠᠯᠠᠬ ᠭᠡᠬᠦ ᠦᠨᠳᠦᠰᠦᠨ ᠲᠡᠪᠢᠰᠭᠡᠷ ᠦᠩᠭᠡ ᠵᠢ ᠬᠢᠯᠠᠯᠵᠠᠲᠠᠯ᠎ᠠ ᠭᠡᠭᠡ ᠰᠠᠴᠣᠷᠠᠭᠣᠯᠵᠦ᠂ ᠠᠮᠢ ᠠᠬᠣᠢ ᠵᠢᠨ ᠬᠠᠯᠬᠠᠪᠴᠢ ᠵᠢ ᠡᠷᠡᠰ ᠰᠠᠬᠢᠨ ᠬᠠᠮᠠᠭᠠᠯᠠᠬᠣ ᠬᠡᠷᠡᠭᠲᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号