ᠤᠯᠤᠰ ᠤᠨ ᠭᠠᠢᠯᠢ ᠶᠢᠨ ᠶᠠᠪᠤᠳᠠᠯ᠎ᠤᠨ
ᠶᠡᠷᠦᠩᠬᠡᠢ ᠲᠣᠪᠴᠢᠶ᠎ᠠ᠎ᠶᠢᠨ ᠰᠦᠯᠵᠢᠶ᠎ᠡ᠎ᠶᠢᠨ ᠮᠡᠳᠡᠭᠡ᠎ᠶᠢ ᠦᠨᠳᠦᠰᠦᠯᠡᠪᠡᠯ᠂ 2025 ᠣᠨ᠎ᠤ ᠬᠤᠪᠢ ᠬᠥᠮᠥᠨ᠎ᠦ
ᠠᠰᠢᠭ᠋ ᠣᠷᠣᠯᠭ᠎ᠠ᠎ᠶᠢᠨ ᠭᠠᠢᠯᠢ᠎ᠶᠢ ᠬᠤᠷᠢᠶᠠᠩᠭᠤᠢᠯᠠᠨ ᠪᠤᠳᠤᠵᠤ ᠢᠯᠭᠠᠷᠠᠭᠤᠯᠤᠨ ᠲᠤᠰᠢᠶᠠᠬᠤ ᠠᠵᠢᠯ᠎ᠢ
2026 ᠣᠨ᠎ᠤ 3 ᠰᠠᠷ᠎ᠠ᠎ᠶᠢᠨ 1 ᠦ ᠡᠳᠦᠷ᠎ᠡᠴᠡ 6 ᠰᠠᠷ᠎ᠠ᠎ᠶᠢᠨ 30᠎ᠤ ᠡᠳᠦᠷ ᠪᠣᠯᠲᠠᠯ᠎ᠠ ᠭᠦᠢᠴᠡᠳᠬᠡᠨ᠎ᠡ᠃ 3 ᠰᠠᠷ᠎ᠠ᠎ᠶᠢᠨ 21᠎ᠦ ᠡᠳᠦᠷ᠎ᠡᠴᠡ 6 ᠰᠠᠷ᠎ᠠ᠎ᠶᠢᠨ
30 ᠤ ᠡᠳᠦᠷ ᠪᠣᠯᠲᠠᠯᠠᠬᠢ ᠬᠤᠭᠤᠴᠠᠭᠠᠨ᠎ᠳᠤ᠂ ᠭᠠᠢᠯᠢ ᠲᠤᠰᠢᠶᠠᠭ᠍ᠴᠢ ᠤᠷᠢᠳᠴᠢᠯᠠᠨ ᠪᠣᠯᠵᠣᠬᠤ ᠴᠢᠬᠤᠯᠠ ᠦᠭᠡᠢ᠂ ᠰᠢᠭᠤᠳ ᠭᠦᠢᠴᠡᠳᠬᠡᠵᠦ ᠪᠣᠯᠣᠨ᠎ᠠ᠃
ᠶᠠᠮᠠᠷ ᠬᠥᠮᠥᠨ ᠤᠨ᠎ᠤ ᠬᠤᠷᠢᠶᠠᠩᠭᠤᠢᠯᠠᠨ ᠪᠤᠳᠤᠯᠲᠠ ᠬᠢᠬᠦ ᠴᠢᠬᠤᠯᠠᠲᠠᠢ ᠪᠣᠶ? ᠭᠠᠢᠯᠢ ᠲᠤᠰᠢᠶᠠᠭ᠍ᠴᠢ ᠭᠠᠢᠯᠢ
ᠲᠤᠰᠢᠶᠠᠬᠤ ᠣᠨ᠎ᠤ ᠬᠤᠭᠤᠴᠠᠭᠠᠨ᠎ᠳᠦ ᠨᠢᠭᠡᠨᠲᠡ ᠬᠠᠤᠯᠢ ᠶᠣᠰᠣᠭᠠᠷ ᠬᠤᠪᠢ ᠬᠥᠮᠥᠨ᠎ᠦ ᠠᠰᠢᠭ᠋ ᠣᠷᠣᠯᠭ᠎ᠠ᠎ᠶᠢᠨ
ᠭᠠᠢᠯᠢ᠎ᠶᠢ ᠤᠷᠢᠳᠴᠢᠯᠠᠨ ᠲᠤᠰᠢᠶᠠᠭᠰᠠᠨ ᠮᠥᠷᠲᠡᠭᠡᠨ ᠳᠣᠣᠷ᠎ᠠ ᠵᠢᠭ᠍ᠰᠠᠭᠠᠭᠰᠠᠨ ᠪᠠᠢᠳᠠᠯ᠎ᠤᠨ ᠨᠢᠭᠡ ᠳ᠋ᠦ᠍ᠨᠢ
ᠨᠡᠢᠴᠡᠭᠰᠡᠨ ᠪᠠᠢᠪᠠᠯ᠂ ᠣᠨ᠎ᠤ ᠬᠤᠷᠢᠶᠠᠩᠭᠤᠢᠯᠠᠨ ᠪᠣᠳᠣᠯᠲᠠ ᠬᠢᠬᠦ ᠬᠡᠷᠡᠭᠲᠡᠢ᠄
· ᠨᠢᠭᠡᠨᠲᠡ ᠤᠷᠢᠳᠴᠢᠯᠠᠨ ᠲᠤᠰᠢᠶᠠᠭᠰᠠᠨ
ᠭᠠᠢᠯᠢ᠎ᠶᠢᠨ ᠲᠣᠭ᠎ᠠ ᠨᠢ ᠣᠨ᠎ᠤ ᠬᠤᠷᠢᠶᠠᠩᠭᠤᠢᠯᠠᠨ ᠪᠤᠳᠤᠭᠰᠠᠨ ᠲᠤᠰᠢᠶᠠᠬᠤ ᠶᠣᠰᠣᠲᠠᠢ ᠭᠠᠢᠯᠢ᠎ᠶᠢᠨ ᠲᠣᠭ᠎ᠠ᠎ᠠᠴᠠ
ᠠᠷᠪᠢᠨ ᠮᠥᠷᠲᠡᠭᠡᠨ ᠭᠠᠢᠯᠢ ᠪᠤᠴᠠᠭᠠᠬᠤ᠎ᠪᠠᠷ ᠭᠤᠶᠤᠴᠢᠯᠠᠭᠰᠠᠨ ᠪᠠᠢᠳᠠᠯ᠃
· ᠭᠠᠢᠯᠢ ᠲᠤᠰᠢᠶᠠᠬᠤ ᠣᠨ᠎ᠤ
ᠬᠤᠭᠤᠴᠠᠭᠠᠨ᠎ᠳᠦ ᠣᠯᠣᠭᠰᠠᠨ ᠶᠡᠷᠦᠩᠬᠡᠢ ᠠᠰᠢᠭ᠋ ᠣᠷᠣᠯᠭ᠎ᠠ ᠨᠢ 12 ᠲᠦᠮᠡᠨ ᠲᠥᠭᠥᠷᠢᠭ᠎ᠢ ᠳᠠᠪᠠᠭᠰᠠᠨ ᠪᠥᠭᠡᠳ
ᠨᠥᠬᠥᠵᠦ ᠲᠤᠰᠢᠶᠠᠬᠤ ᠴᠢᠬᠤᠯᠠᠲᠠᠢ ᠭᠠᠢᠯᠢ ᠵᠢᠨ ᠵᠣᠭᠣᠰ᠎ᠤᠨ ᠲᠣᠭ᠎ᠠ ᠨᠢ 400 ᠲᠥᠭᠥᠷᠢᠭ᠎ᠢ ᠳᠠᠪᠠᠭᠰᠠᠨ
ᠪᠠᠢᠳᠠᠯ᠃
ᠳᠣᠣᠷᠠᠬᠢ ᠪᠠᠢᠳᠠᠯ᠎ᠤᠨ ᠨᠢᠭᠡ ᠳ᠋ᠦ᠍ᠨᠢ ᠨᠡᠢᠴᠡᠪᠡᠯ᠂ ᠣᠨ᠎ᠤ ᠬᠤᠷᠢᠶᠠᠩᠭᠤᠢᠯᠠᠨ ᠪᠣᠳᠣᠯᠲᠠ
ᠬᠢᠬᠦ ᠴᠢᠬᠤᠯᠠ ᠦᠭᠡᠢ᠄
· ᠣᠨ᠎ᠤ ᠬᠤᠷᠢᠶᠠᠩᠭᠤᠢᠯᠠᠨ ᠪᠣᠳᠣᠯᠲᠠ᠎ᠳᠤ
ᠭᠠᠢᠯᠢ ᠨᠦᠬᠦᠵᠦ ᠲᠤᠰᠢᠶᠠᠬᠤ ᠴᠢᠬᠤᠯᠠᠲᠠᠢ ᠪᠣᠯᠪᠠᠴᠤ ᠶᠡᠷᠦᠩᠬᠡᠢ ᠠᠰᠢᠬ ᠣᠷᠣᠯᠭ᠎ᠠ ᠨᠢ ᠪᠦᠬᠦ ᠵᠢᠯ᠎ᠳᠦ 12
ᠲᠦᠮᠡᠨ ᠲᠥᠭᠥᠷᠢᠭ᠎ᠢ ᠳᠠᠪᠠᠭᠰᠠᠨ ᠦᠭᠡᠢ ᠪᠠᠢᠳᠠᠯ᠃
· ᠣᠨ᠎ᠤ ᠬᠤᠷᠢᠶᠠᠩᠭᠤᠢᠯᠠᠨ ᠪᠤᠳᠤᠬᠤ᠎ᠳᠤ
ᠨᠥᠬᠥᠵᠤ ᠲᠤᠰᠢᠶᠠᠬᠤ ᠭᠠᠢᠯᠢ᠎ᠶᠢᠨ ᠵᠣᠭᠣᠰ᠎ᠤᠨ ᠲᠣᠭ᠎ᠠ ᠨᠢ 400 ᠲᠥᠭᠥᠷᠢᠭ᠎ᠡᠴᠡ ᠬᠡᠲᠦᠷᠡᠬᠦ ᠦᠭᠡᠢ
ᠪᠠᠢᠳᠠᠯ᠃
· ᠨᠢᠭᠡᠨᠲᠡ ᠤᠷᠢᠳᠴᠢᠯᠠᠨ ᠲᠤᠰᠢᠶᠠᠭᠰᠠᠨ
ᠭᠠᠢᠯᠢ᠎ᠶᠢᠨ ᠲᠣᠭ᠎ᠠ ᠨᠢ ᠣᠨ᠎ᠤ ᠬᠤᠷᠢᠶᠠᠩᠭᠤᠢᠯᠠᠨ ᠪᠤᠳᠤᠭᠰᠠᠨ ᠲᠤᠰᠢᠶᠠᠬᠤ ᠶᠣᠰᠣᠲᠠᠢ ᠭᠠᠢᠯᠢ᠎ᠶᠢᠨ ᠲᠣᠭ᠎ᠠ᠎ᠲᠠᠢ
ᠠᠳᠠᠯᠢ ᠪᠠᠢᠬᠤ ᠪᠠᠢᠳᠠᠯ᠃
· ᠣᠨ᠎ᠤ ᠬᠤᠷᠢᠶᠠᠩᠭᠤᠢᠯᠠᠨ ᠪᠣᠳᠣᠯᠲᠠ
ᠳ᠋ᠤ ᠭᠠᠢᠯᠢ ᠪᠤᠴᠠᠭᠠᠬᠤ ᠨᠥᠬᠥᠴᠡᠯ᠎ᠳᠦ ᠨᠡᠢᠴᠡᠭᠰᠡᠨ ᠪᠣᠯᠪᠠᠴᠤ ᠭᠠᠢᠯᠢ ᠪᠤᠴᠠᠭᠠᠬᠤ᠎ᠪᠠᠷ ᠭᠤᠶᠤᠴᠢᠯᠠᠭᠰᠠᠨ
ᠦᠭᠡᠢ ᠪᠠᠢᠳᠠᠯ᠃
ᠢᠷᠡᠯᠲᠡ᠄ ᠠᠷᠠᠳ᠎ᠤᠨ ᠰᠦᠯᠵᠢᠶ᠎ᠡ