3 ᠰᠠᠷ᠎ᠠ᠎ᠶᠢᠨ 21᠎ᠦ ᠡᠳᠦᠷ ᠪᠣᠯ ᠠᠷᠪᠠᠨ ᠳᠥᠷᠪᠡᠳᠡᠬᠢ ᠤᠯᠠᠨ
ᠤᠯᠤᠰ᠎ᠤᠨ ᠤᠢ ᠰᠢᠭᠤᠢ᠎ᠶᠢᠨ ᠡᠳᠦᠷ ᠮᠦᠨ᠂ ᠭᠣᠣᠯ ᠰᠡᠳᠦᠪ ᠨᠢ 《ᠤᠢ ᠰᠢᠭᠤᠢ ᠪᠣᠯᠣᠨ ᠠᠵᠤ ᠠᠬᠤᠢ》 ᠪᠣᠯᠣᠨ᠎ᠠ᠃ ᠰᠤᠷᠪᠤᠯᠵᠢᠯᠠᠭ᠍ᠴᠢ
3 ᠰᠠᠷ᠎ᠠ᠎ᠶᠢᠨ 20᠎ᠤ ᠡᠳᠦᠷ ᠤᠯᠤᠰ᠎ᠤᠨ ᠣᠶ ᠰᠢᠭᠤᠢ ᠨᠤᠲᠤᠭ ᠪᠡᠯᠴᠢᠭᠡᠷ᠎ᠦᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠄
ᠣᠳᠣᠬᠠᠨ᠎ᠳᠤ᠂ ᠮᠠᠨ᠎ᠤ ᠤᠯᠤᠰ᠎ᠤᠨ ᠣᠶ ᠰᠢᠭᠤᠢ᠎ᠶᠢᠨ ᠲᠠᠯᠠᠪᠠᠶ 36.14 ᠳ᠋ᠦᠩᠰᠢᠭᠤᠷ ᠮᠦ᠍᠎ᠳᠦ ᠬᠦᠷᠴᠦ᠂ ᠪᠥᠬᠥ
ᠤᠯᠤᠰ᠎ᠤᠨ ᠣᠶ ᠰᠢᠭᠤᠢ᠎ᠶᠢᠨ ᠪᠦᠷᠬᠦᠴᠡ᠎ᠶᠢᠨ ᠨᠣᠷᠮ᠎ᠠ 25.09%᠎ᠳᠤ ᠬᠦᠷᠴᠦ᠂ ᠣᠶ ᠰᠢᠭᠤᠢ᠎ᠶᠢᠨ ᠬᠠᠳᠠᠭᠠᠯᠠᠭᠳᠠᠴᠠ᠎ᠶᠢᠨ
ᠬᠡᠮᠵᠢᠶ᠎ᠡ 209.88 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ᠎ᠲᠦ ᠬᠦᠷᠴᠦ᠂ ᠣᠶ ᠰᠢᠭᠤᠢ᠎ᠶᠢᠨ ᠲᠠᠯᠠᠪᠠᠶ
ᠪᠠ ᠣᠶ ᠰᠢᠭᠤᠢ᠎ᠶᠢᠨ ᠬᠠᠳᠠᠭᠠᠯᠠᠭᠳᠠᠴᠠ 40 ᠵᠢᠯ ᠳᠠᠷᠠᠭᠠᠯᠠᠨ ᠬᠣᠣᠰ ᠨᠡᠮᠡᠭᠳᠡᠯ᠎ᠢ ᠪᠡᠶᠡᠯᠡᠭᠦᠯᠵᠦ᠂ ᠳᠡᠯᠡᠬᠡᠢ
ᠳᠡᠬᠡᠷᠡᠬᠢ ᠨᠣᠭᠣᠭᠠᠷᠠᠭᠤᠯᠤᠯᠲᠠ ᠵᠢᠨ ᠬᠤᠷᠳᠤᠴᠠ ᠬᠠᠮᠤᠭ᠎ᠤᠨ ᠳᠦᠷᠬᠡᠨ ᠤᠯᠤᠰ ᠪᠣᠯᠤᠭᠰᠠᠨ ᠪᠠᠢᠨ᠎ᠠ᠃

ᠣᠢᠷ᠎ᠠ᠎ᠶᠢᠨ ᠵᠢᠯ᠎ᠡᠴᠡ ᠨᠠᠭᠠᠰᠢ᠂ ᠮᠠᠨ᠎ᠤ
ᠤᠯᠤᠰ ᠤᠢ ᠰᠢᠭᠤᠢ ᠡᠪᠡᠰᠦᠨ᠎ᠦ ᠠᠵᠤ ᠦᠢᠯᠡᠰ᠎ᠦᠨ ᠡᠷᠡᠭᠦᠯ᠎ᠢᠶᠡᠷ ᠬᠥᠭᠵᠢᠬᠦ᠎ᠶᠢ ᠦᠷᠭᠦᠯᠵᠢᠯᠡᠨ ᠠᠬᠢᠭᠤᠯᠵᠤ᠂
ᠤᠢ ᠰᠢᠭᠤᠢ ᠡᠪᠡᠰᠦ ᠪᠡᠯᠴᠢᠭᠡᠷ᠎ᠤᠨ ᠠᠵᠤ ᠦᠢᠯᠡᠰ᠎ᠦᠨ ᠵᠢᠯ᠎ᠦᠨ ᠶᠡᠷᠦᠩᠬᠡᠢ ᠪᠦᠲᠦᠭᠡᠭᠳᠡᠬᠦᠨ᠎ᠦ ᠦᠷᠳᠡᠭ ᠨᠢᠭᠡᠨᠲᠡ 11 ᠲᠦᠮᠡᠨ ᠳ᠋ᠦᠩᠰᠢᠭᠤᠷ ᠰᠢᠬᠠᠮ ᠲᠥᠭᠥᠷᠢᠭ᠎ᠲᠦ
ᠬᠦᠷᠴᠦ᠂ ᠤᠢ ᠰᠢᠭᠤᠢ᠎ᠶᠢᠨ ᠪᠦᠲᠦᠭᠡᠭᠳᠡᠬᠦᠨ᠎ᠦ ᠵᠢᠯ᠎ᠦᠨ ᠭᠠᠳᠠᠭᠠᠳᠤ ᠣᠷᠣᠭᠤᠯᠤᠯᠲᠠ ᠭᠠᠷᠭᠠᠯᠲᠠ᠎ᠶᠢᠨ ᠠᠷᠠᠯᠵᠢᠶᠠᠨ᠎ᠤ
ᠶᠡᠷᠦᠩᠬᠡᠢ ᠬᠡᠮᠵᠢᠶ᠎ᠡ 1800 ᠳ᠋ᠦᠩᠰᠢᠭᠤᠷ ᠳ᠋ᠣᠯᠯᠠᠷ᠎ᠢ ᠳᠠᠪᠠᠵᠤ᠂ ᠤᠢ ᠰᠢᠭᠤᠢ᠎ᠶᠢᠨ ᠢᠳᠡᠭᠡᠨ᠎ᠦ ᠵᠢᠯ᠎ᠦᠨ
ᠭᠠᠷᠤᠯᠲᠠ 2.4 ᠳ᠋ᠦᠩᠰᠢᠭᠤᠷ ᠲᠣᠨ᠎ᠢ ᠳᠠᠪᠠᠵᠤ᠂ ᠠᠮᠢ ᠠᠬᠤᠢ᠎ᠶᠢᠨ ᠵᠢᠭᠤᠯᠴᠢᠯᠠᠬᠴᠢᠳ ᠵᠢᠯ ᠳᠦ 30 ᠳ᠋ᠦᠩᠰᠢᠭᠤᠷ
ᠬᠥᠮᠥᠨ ᠤᠳᠠᠭ᠎ᠠ᠎ᠳᠤ ᠬᠦᠷᠴᠦ᠂ ᠰᠢᠨ᠎ᠡ ᠪᠡᠷ ᠨᠡᠮᠡᠭᠳᠡᠭᠰᠡᠨ ᠠᠵᠦ ᠠᠬᠤᠢᠯᠠᠯ 30 ᠲᠦᠮᠡ ᠰᠢᠬᠠᠮ ᠪᠤᠯᠪᠠ᠃ ᠣᠶ ᠰᠢᠭᠤᠢ ᠡᠪᠡᠰᠦ ᠪᠡᠯᠴᠢᠭᠡᠷ᠎ᠤᠨ ᠠᠵᠤ ᠦᠢᠯᠡᠰ᠎ᠢᠶᠡᠷ
6000 ᠭᠠᠷᠤᠢ ᠲᠦᠮᠡᠨ ᠬᠥᠮᠥᠨ᠎ᠳᠦ ᠰᠢᠭᠤᠳ ᠠᠵᠢᠯ ᠤᠯᠭᠤᠪᠠ᠃
ᠢᠷᠡᠯᠲᠡ᠄ ᠠᠷᠠᠳ᠎ᠤᠨ ᠡᠳᠦᠷ᠎ᠦᠨ ᠰᠣᠨᠢᠨ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号