G110᠎ᠤᠨ ᠡᠨᠡ ᠬᠡᠰᠡᠭ ᠵᠠᠮ᠎ᠢ ᠤᠳᠠᠯ ᠦᠭᠡᠢ ᠡᠬᠢᠯᠡᠵᠦ ᠵᠠᠰᠠᠨ᠎ᠠ
2026-03-24 15:03:29
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

G110 ᠤᠯᠤᠰ᠎ᠤᠨ ᠵᠠᠮ᠎ᠤᠨ ᠪᠢᠴᠢᠭᠡᠴᠢ᠎ᠡᠴᠡ ᠰᠢᠷᠡᠭᠡᠴᠢ ᠬᠦᠷᠬᠦ ᠬᠡᠰᠡᠭ᠎ᠦᠨ ᠵᠠᠰᠠᠮᠠᠯ ᠵᠠᠮ᠎ᠤᠨ ᠬᠣᠶᠠᠳᠤᠭᠠᠷ ᠬᠤᠭᠤᠴᠠᠭᠠᠨ᠎ᠤ ᠪᠠᠷᠢᠯᠭ᠎ᠠ ᠵᠢ 4 ᠰᠠᠷ᠎ᠠ᠎ᠳᠤ ᠡᠬᠢᠯᠡᠭᠦᠯᠬᠦ ᠪᠡᠷ ᠪᠤᠢ᠃ ᠡᠨᠡ ᠬᠡᠰᠡᠭ ᠵᠠᠮ᠎ᠢ ᠵᠠᠰᠠᠵᠦ ᠲᠠᠭᠤᠰᠬᠠᠪᠠᠯ ᠣᠳᠣᠬᠠᠨ᠎ᠤ ᠵᠠᠮ ᠬᠠᠷᠢᠯᠴᠠᠭᠠᠨ᠎ᠤ ᠪᠣᠭᠣᠮᠢ᠎ᠶᠢᠨ ᠠᠰᠠᠭᠤᠳᠠᠯ᠎ᠢ ᠪᠦᠲᠦᠮᠵᠢᠲᠡᠶ ᠰᠢᠢᠳᠪᠦᠷᠢᠯᠡᠵᠦ ᠪᠣᠯᠬᠤ ᠪᠥᠭᠡᠳ ᠵᠠᠮ ᠳᠠᠭᠠᠤ᠎ᠶᠢᠨ ᠣᠯᠠᠨ ᠲᠦᠮᠡᠨ᠎ᠦ ᠶᠠᠪᠤᠵᠤ ᠰᠠᠭᠤᠬᠤ᠎ᠳᠤ ᠲᠤᠩ ᠶᠡᠬᠡ ᠲᠥᠬᠥᠮ ᠦᠵᠡᠭᠦᠯᠵᠦ ᠣᠷᠣᠨ ᠪᠦᠰᠡ᠎ᠶᠢᠨ ᠠᠵᠤ ᠠᠬᠤᠢ᠎ᠶᠢᠨ ᠬᠥᠭᠵᠢᠯᠲᠡ᠎ᠶᠢ ᠠᠭᠢᠭᠤᠯᠬᠤ ᠪᠣᠯᠣᠨ᠎ᠠ᠃



640 (1).png


G110 ᠪᠣᠯ ᠮᠠᠨ᠎ᠤ ᠤᠯᠤᠰ᠎ᠤᠨ ᠤᠮᠠᠷᠠᠲᠤ ᠣᠷᠣᠨ᠎ᠤ ᠴᠢᠬᠤᠯᠠ ᠵᠠᠮ ᠪᠣᠯᠣᠨ᠎ᠠ᠂ ᠥᠪᠥᠷ ᠮᠣᠩᠭᠣᠯ᠎ᠤᠨ ᠬᠢᠯᠢ ᠳᠣᠲᠣᠷᠠᠬᠢ ᠣᠷᠳᠣ᠌ ᠨᠢ ᠪᠠᠷᠤᠭ 870 ᠺᠢᠯᠣᠮᠧᠲᠷ ᠪᠠᠢᠵᠤ᠂ ᠥᠪᠥᠷ ᠮᠣᠩᠭᠣᠯ᠎ᠤᠨ ᠳᠤᠮᠳᠠ ᠪᠠᠷᠠᠭᠤᠨ ᠪᠡᠶ᠎ᠡ ᠵᠢᠨ ᠠᠢᠮᠠᠭ ᠬᠣᠲᠠ᠎ᠶᠢ ᠬᠣᠯᠪᠣᠭᠰᠠᠨ ᠴᠢᠬᠤᠯᠠ ᠵᠠᠮ ᠬᠠᠷᠢᠯᠴᠠᠭᠠᠨ᠎ᠤ ᠬᠣᠯᠪᠣᠭᠠᠰᠤ ᠪᠣᠯᠣᠨ᠎ᠠ᠂ ᠣᠳᠣᠬᠠᠨ᠎ᠳᠤ ᠥᠪᠥᠷ ᠮᠣᠩᠭᠣᠯ᠎ᠳᠡᠬᠢ ᠶᠡᠬᠡᠩᠬᠢ ᠬᠡᠰᠡᠭ ᠨᠢ ᠨᠢᠭᠡᠨᠲᠡ ᠨᠢᠭᠡᠳᠦᠭᠡᠷ ᠳᠡᠰ᠎ᠤᠨ ᠵᠠᠰᠠᠮᠠᠯ ᠵᠠᠮ ᠪᠣᠯᠵᠠᠢ᠃ ᠡᠭᠦᠨ᠎ᠳᠦ᠂ ᠬᠥᠬᠡᠬᠣᠲᠠ᠎ᠶᠢᠨ ᠪᠢᠴᠢᠭᠡᠴᠢ᠎ᠡᠴᠡ ᠰᠢᠷᠡᠭᠡᠴᠢ ᠬᠦᠷᠬᠦ ᠵᠠᠰᠠᠮᠠᠯ ᠵᠠᠮ ᠪᠣᠯ 2000 ᠣᠨ᠎ᠳᠤ ᠥᠭᠡᠷᠡᠴᠢᠯᠡᠨ ᠪᠠᠢᠭᠤᠯᠤᠭᠰᠠᠨ ᠬᠣᠶᠠᠳᠤᠭᠠᠷ ᠳᠡᠰ᠎ᠤᠨ ᠵᠠᠰᠠᠮᠠᠯ ᠵᠠᠮ ᠪᠠᠢᠵᠤ᠂ ᠵᠠᠰᠠᠭᠠᠳ ᠨᠢᠭᠡᠨᠲᠡ 20 ᠭᠠᠷᠤᠢ ᠵᠢᠯ ᠪᠤᠯᠤᠭᠰᠠᠨ ᠡᠴᠡ ᠵᠠᠮ᠎ᠤᠨ ᠨᠡᠪᠲᠡᠷᠡᠬᠦ ᠴᠢᠳᠠᠪᠤᠷᠢ ᠨᠢ ᠣᠳᠣᠬᠠᠨ᠎ᠤ ᠶᠠᠪᠤᠵᠤ ᠰᠠᠭᠤᠬᠤ ᠬᠡᠷᠡᠭᠴᠡᠭᠡ᠎ᠶᠢ ᠬᠠᠩᠭᠠᠵᠤ ᠳᠡᠶ᠋ᠢᠯᠬᠦ ᠦᠭᠡᠢ ᠪᠣᠯᠪᠡ᠃


640 (8).jpg        

G110 ᠵᠠᠮ᠎ᠤᠨ ᠪᠢᠴᠢᠭᠡᠴᠢ᠎ᠡᠴᠡ ᠰᠢᠷᠡᠭᠡᠴᠢ ᠬᠦᠷᠬᠦ ᠬᠡᠰᠡᠭ᠎ᠦᠨ ᠵᠠᠰᠠᠮᠠᠯ ᠵᠠᠮ᠎ᠤᠨ ᠲᠥᠷᠥᠯ ᠵᠦᠢᠯ᠎ᠦᠨ ᠪᠥᠬᠥ ᠣᠷᠳᠣ᠌ ᠨᠢ 50.766 ᠺᠢᠯᠣᠮᠧᠲᠷ ᠪᠠᠢᠵᠤ᠂ ᠬᠤᠭᠤᠴᠠᠭ᠎ᠠ ᠬᠤᠪᠢᠶᠠᠨ ᠬᠡᠷᠡᠭᠵᠢᠭᠦᠯᠦᠨ᠎ᠡ᠃ ᠡᠭᠦᠨ᠎ᠳᠦ᠂ ᠨᠢᠭᠡᠳᠦᠭᠡᠷ ᠬᠤᠭᠤᠴᠠᠭᠠᠨ ᠤ᠋ ᠪᠠᠷᠢᠯᠭ᠎ᠠ᠎ᠶᠢᠨ ᠣᠷᠳᠣ᠌ ᠨᠢ 4.4 ᠺᠢᠯᠣᠮᠧᠲᠷ ᠪᠠᠢᠵᠤ᠂ 2023 ᠣᠨ᠎ᠳᠤ ᠨᠢᠭᠡᠨᠲᠡ ᠠᠵᠢᠯ ᠡᠬᠢᠯᠡᠭᠦᠯᠦᠭᠰᠡᠨ ᠪᠥᠭᠡᠳ ᠵᠠᠰᠠᠵᠦ ᠲᠠᠭᠤᠰᠬᠠᠪᠠ; ᠬᠣᠶᠠᠳᠤᠭᠠᠷ ᠬᠤᠭᠤᠴᠠᠭᠠᠨ᠎ᠤ ᠪᠠᠷᠢᠯᠭ᠎ᠠ ᠵᠢᠨ ᠣᠷᠳᠣ᠌ ᠨᠢ 46.366 ᠺᠢᠯᠣᠮᠧᠲᠷ ᠪᠠᠢᠵᠤ᠂ ᠡᠭᠦᠨ᠎ᠳᠦ ᠬᠥᠬᠡᠬᠣᠲᠠ᠎ᠶᠢᠨ ᠲᠦᠮᠡᠳ ᠵᠡᠭᠦᠨ ᠬᠣᠰᠢᠭᠤᠨ᠎ᠳᠡᠬᠢ ᠨᠢ 44.606 ᠺᠢᠯᠣᠮᠧᠲᠷ᠂ ᠪᠤᠭᠤᠲᠤ ᠬᠣᠲᠠ᠎ᠶᠢᠨ ᠲᠦᠮᠡᠳ ᠪᠠᠷᠠᠭᠤᠨ ᠬᠣᠰᠢᠭᠤᠨ ᠳ᠋ᠡᠬᠢ ᠨᠢ 1.76 ᠺᠢᠯᠣᠮᠧᠲᠷ ᠪᠠᠢᠵᠤ᠂ 4 ᠰᠠᠷ᠎ᠠ᠎ᠳᠤ ᠪᠥᠬᠥ ᠲᠠᠯ᠎ᠠ᠎ᠪᠠᠷ ᠠᠵᠢᠯ ᠡᠬᠢᠯᠡᠭᠦᠯᠵᠦ᠂ ᠭᠤᠷᠪᠠᠨ ᠵᠢᠯ᠎ᠳᠦ ᠵᠠᠰᠠᠵᠦ ᠲᠠᠭᠤᠰᠬᠠᠨ᠎ᠠ᠃


640 (9).jpg


ᠢᠷᠡᠯᠲᠡ᠄ ᠬᠦᠬᠡᠬᠤᠲᠠ ᠵᠢᠨ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号