ᠠᠮᠧᠷᠢᠺᠠ᠎ᠶᠢᠨ ᠶᠡᠷᠦᠩᠬᠡᠢᠯᠡᠭᠴᠢ ᠲᠸᠷᠠᠮᠫᠦ᠋ ᠵᠢᠨ
23᠎ᠤ ᠡᠳᠦᠷ ᠢᠷᠠᠨ᠎ᠤ ᠳᠠᠶ᠋ᠢᠨ᠎ᠦ ᠲᠤᠬᠠᠢ ᠭᠡᠯᠡᠭᠰᠡᠨ ᠶᠠᠷᠢᠶ᠎ᠠ ᠨᠢ ᠳᠤᠮᠳᠠᠳᠤ ᠳᠣᠷᠣᠨᠠᠲᠤ᠎ᠶᠢᠨ ᠴᠡᠷᠢᠭ᠎ᠦᠨ
ᠶᠠᠪᠤᠳᠠᠯ᠎ᠤᠨ ᠮᠥᠷᠭᠥᠯᠳᠦᠭᠡᠨ ᠰᠢᠷᠦᠭᠦᠰᠬᠦ ᠵᠠᠬ᠎ᠠ ᠳᠡᠯᠭᠡᠭᠦᠷ᠎ᠦᠨ ᠰᠠᠨᠠᠭᠠᠰᠢᠷᠠᠯ᠎ᠢ ᠨᠠᠮᠳᠠᠭᠤᠯᠵᠦ᠂ ᠣᠯᠠᠨ
ᠤᠯᠤᠰ᠎ᠤᠨ ᠲᠣᠰᠣᠨ᠎ᠤ ᠦᠨ᠎ᠡ ᠲᠤᠬᠠᠢ᠎ᠶᠢᠨ ᠡᠳᠦᠷ ᠶᠡᠬᠡᠪᠡᠷ ᠪᠠᠭᠤᠷᠠᠵᠤ᠂ ᠠᠯᠲᠠᠨ᠎ᠤ ᠦᠨ᠎ᠡ ᠬᠠᠷᠢᠨ ᠲᠠᠬᠢᠨ
ᠶᠡᠬᠡ ᠪᠡᠷ ᠥᠰᠴᠡᠢ᠃
ᠲᠤᠰ ᠡᠳᠦᠷ᠎ᠦᠨ ᠠᠷᠠᠯᠵᠢᠶ᠎ᠠ ᠳᠠᠭᠤᠰᠬᠤ ᠪᠣᠯᠲᠠᠯ᠎ᠠ
ᠨᠢᠦ᠋ ᠶᠣᠷᠺ᠎ᠤᠨ ᠲᠠᠸᠠᠷ᠎ᠤᠨ ᠠᠷᠠᠯᠵᠢᠶᠠᠨ᠎ᠤ ᠭᠠᠵᠠᠷ᠎ᠤᠨ 5 ᠰᠠᠷ᠎ᠠ᠎ᠳᠤ ᠪᠠᠷᠠᠭ᠎ᠠ ᠲᠤᠰᠢᠶᠠᠬᠤ ᠬᠥᠩᠭᠡᠨ ᠴᠢᠨᠠᠷ᠎ᠤᠨ
ᠲᠦᠭᠦᠬᠡᠢ ᠲᠣᠰᠣᠨ᠎ᠤ ᠬᠤᠭᠤᠴᠠᠭᠠᠲᠤ ᠪᠠᠷᠠᠭ᠎ᠠ ᠵᠢᠨ ᠦᠨ᠎ᠡ 10.10 ᠳ᠋ᠣᠯᠯᠠᠷ ᠪᠠᠭᠤᠷᠠᠵᠤ᠂ ᠰᠠᠪᠠ ᠪᠦᠷᠢ᠎ᠶᠢ
88.13 ᠳ᠋ᠣᠯᠯᠠᠷ᠎ᠢᠶᠠᠷ ᠬᠤᠷᠢᠶᠠᠵᠤ᠂ 10.28% ᠪᠡᠷ ᠪᠠᠭᠤᠷᠠᠪᠠ; 5 ᠰᠠᠷ᠎ᠠ᠎ᠳᠤ ᠪᠠᠷᠠᠭ᠎ᠠ ᠲᠤᠰᠢᠶᠠᠬᠤ
ᠯᠣᠨᠳᠣᠨᠤ ᠪᠷᠸᠨ᠋ᠲ ᠲᠦᠭᠦᠬᠡᠢ ᠲᠣᠰᠣᠨ᠎ᠤ ᠬᠤᠭᠤᠴᠠᠭᠠᠲᠤ ᠪᠠᠷᠠᠭ᠎ᠠ᠎ᠶᠢᠨ ᠦᠨ᠎ᠡ 12.25 ᠳ᠋ᠣᠯᠯᠠᠷ ᠪᠠᠭᠤᠷᠠᠵᠤ᠂
ᠰᠠᠪᠠ ᠪᠦᠷᠢ᠎ᠶᠢ 99.94 ᠳ᠋ᠣᠯᠯᠠᠷ᠎ᠢᠶᠠᠷ ᠬᠤᠷᠢᠶᠠᠵᠤ᠂ 10.92% ᠵᠢᠡᠷ ᠪᠠᠭᠤᠷᠠᠪᠠ᠃
ᠲᠤᠰ ᠡᠳᠦᠷ᠂ ᠨᠢᠦ᠋ ᠶᠣᠷᠺ᠎ᠤᠨ ᠲᠠᠸᠠᠷ᠎ᠤᠨ ᠠᠷᠠᠯᠵᠢᠶᠠᠨ᠎ᠤ
ᠭᠠᠵᠠᠷ᠎ᠤᠨ ᠠᠯᠲᠠᠨ᠎ᠤ ᠬᠤᠭᠤᠴᠠᠭᠠᠲᠤ ᠪᠠᠷᠠᠭ᠎ᠠ ᠵᠢᠨ ᠵᠠᠬ᠎ᠠ ᠳᠡᠯᠭᠡᠭᠦᠷ᠎ᠤᠨ 4 ᠰᠠᠷ᠎ᠠ᠎ᠶᠢᠨ ᠦᠨ᠎ᠡ ᠨᠢ ᠨᠢᠭᠡ
ᠰᠥᠨᠢ ᠵᠢᠨ ᠬᠤᠭᠤᠷᠤᠨᠳᠦ ᠲᠤᠰ ᠰᠠᠷ᠎ᠠ ᠵᠢᠨ ᠬᠠᠮᠤᠭ᠎ᠤᠨ ᠳᠣᠣᠷ᠎ᠠ ᠴᠡᠭ᠎ᠲᠦ ᠬᠦᠷᠦᠭᠰᠡᠨ᠎ᠦ ᠳᠠᠷᠠᠭ᠎ᠠ ᠲᠠᠬᠢᠨ
ᠶᠡᠬᠡᠪᠡᠷ ᠥᠰᠴᠡᠢ᠃ ᠪᠡᠯᠡᠨ ᠪᠠᠷᠠᠭᠠᠨ᠎ᠤ ᠠᠯᠲᠠᠨ᠎ᠤ ᠦᠨ᠎ᠡ ᠨᠢᠭᠡ ᠦᠶ᠎ᠡ ᠤᠨᠰ ᠪᠦᠷᠢ᠎ᠳᠡᠭᠡᠨ 4462 ᠳ᠋ᠣᠯᠯᠠᠷ
ᠬᠦᠷᠴᠡᠢ᠃
ᠠᠮᠧᠷᠢᠺᠠ᠎ᠶᠢᠨ ᠶᠡᠷᠦᠩᠬᠡᠢᠯᠡᠭᠴᠢ ᠲᠸᠷᠠᠮᠫᠦ᠋ 23᠎ᠤ
ᠡᠳᠦᠷ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ ᠳᠡᠭᠡᠷ᠎ᠡ᠂ ᠠᠮᠧᠷᠢᠺᠠ ᠪᠣᠯᠣᠨ ᠢᠷᠠᠨ ᠥᠩᠭᠡᠷᠡᠭᠰᠡᠨ ᠬᠣᠶᠠᠷ
ᠡᠳᠦᠷ ᠬᠣᠶᠠᠷ ᠤᠯᠤᠰ᠎ᠤᠨ ᠳᠤᠮᠳᠠᠳᠤ ᠳᠣᠷᠣᠨᠠᠲᠤ᠎ᠳᠠᠬᠢ ᠳᠠᠢᠰᠤᠩᠨᠠᠬᠤ ᠠᠵᠢᠯᠯᠠᠭ᠎ᠠ᠎ᠶᠢ ᠲᠤᠢᠯᠪᠤᠷᠢᠲᠠᠢ ᠰᠢᠢᠳᠪᠦᠷᠢᠯᠡᠬᠦ
ᠲᠤᠬᠠᠢ ᠮᠠᠰᠢ ᠰᠠᠢᠨ ᠪᠥᠭᠡᠳ ᠦᠷ᠎ᠡ ᠪᠦᠲᠦᠮᠵᠢᠲᠡᠢ ᠶᠠᠷᠢᠯᠴᠠᠭ᠎ᠠ ᠬᠢᠵᠡᠢ᠂ ᠲᠡᠷᠡ ᠨᠢᠭᠡᠨᠲᠡ ᠠᠮᠧᠷᠢᠺᠠ᠎ᠶᠢᠨ
ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠶᠠᠮᠤᠨ᠎ᠢ ᠢᠷᠠᠨ᠎ᠤ ᠴᠠᠬᠢᠯᠭᠠᠨ ᠭᠠᠷᠭᠠᠬᠤ ᠦᠷᠳᠡᠭᠡ ᠵᠢᠴᠢ ᠡᠨᠧᠷᠭᠢ᠎ᠶᠢᠨ
ᠰᠠᠭᠤᠷᠢ ᠲᠥᠬᠦᠭᠡᠷᠦᠮᠵᠢ᠎ᠳᠦ ᠴᠢᠭᠯᠡᠭᠦᠯᠦᠭᠰᠡᠨ ᠠᠭᠠᠷ᠎ᠤᠨ ᠳᠠᠭᠠᠷᠢᠯᠲᠠ᠎ᠶᠢ 5 ᠡᠳᠦᠷ ᠬᠣᠢᠰᠢᠯᠠᠭᠤᠯᠬᠤ ᠵᠢ
ᠵᠢᠭᠠᠪᠤᠷᠢᠯᠠᠪᠠ᠃ ᠭᠡᠪᠡᠴᠦ ᠢᠷᠠᠨ᠎ᠤ ᠲᠠᠯ᠎ᠠ ᠵᠢᠨ ᠬᠢᠨ ᠠᠮᠧᠷᠢᠺᠠ᠎ᠲᠠᠢ ᠶᠠᠮᠠᠷ ᠴᠤ᠌ ᠶᠠᠷᠢᠯᠴᠠᠭ᠎ᠠ ᠬᠢᠭᠰᠡᠨ
ᠦᠭᠡᠢ ᠭᠡᠵᠡᠢ᠃
ᠢᠷᠡᠯᠲᠡ᠄ ᠲᠦᠪ ᠲᠸᠯᠸᠢᠰ᠎ᠤᠨ ᠰᠤᠨᠢᠨ ᠮᠡᠳᠡᠭᠡ