ᠪᠠᠷᠢᠮᠳᠡᠯᠡᠯ ᠪᠤᠯ ᠢᠯᠡᠯᠳᠠ ᠵᠢᠨ ᠳᠤᠩᠬᠠᠭ ᠴᠸ᠋ ᠬᠡᠳᠡᠭ᠂ ᠪᠠᠷᠢᠮᠳᠠᠯᠠᠭᠠᠳ ᠬᠢᠪᠡᠯ ᠪᠦᠳᠦᠬᠦ ᠦᠬᠡᠢ ᠵᠦᠢᠯ ᠬᠡᠵᠤ ᠠᠯᠠᠭ᠎ᠠ᠃ ᠪᠠᠷᠢᠮᠳᠠᠯᠠᠯ ᠨᠢ ᠠᠵᠢᠯ ᠠᠮᠢᠳᠤᠷᠠᠯ ᠳᠤᠮᠳᠠᠬᠢ ᠡᠭᠡᠯ ᠶᠠᠷᠦᠮᠳᠡᠭ ᠶᠠᠭᠤᠮ᠎ᠠ ᠵᠢ ᠶᠡᠷᠦ ᠪᠤᠰᠤ ᠵᠢᠨ ᠵᠦᠢᠯ ᠪᠤᠯᠭᠠᠨ ᠬᠤᠪᠢᠷᠠᠭᠤᠯᠬᠤ ᠷᠢᠳᠢ ᠰᠢᠳᠢ ᠲᠠᠢ ᠠᠵᠢ᠃ ᠠᠮᠢᠳᠤᠷᠠᠯ ᠬᠡᠵᠤ ᠶᠡᠷᠦᠨᠢ ᠳᠤᠩᠭᠠᠯᠠᠭ ᠤᠰᠤᠨ ᠮᠠᠳᠦ ᠦᠨᠭᠭᠡ ᠦᠭᠡᠢ᠂ ᠦᠨᠦᠷ ᠠᠮᠳᠠ ᠦᠭᠡᠢ ᠬᠡᠢᠰᠪᠦᠷᠢ ᠤᠬᠠᠭᠳᠠᠬᠤᠨ ᠳᠡᠳᠦᠢ᠂ ᠠᠮᠢᠳᠤᠷᠠᠯ ᠵᠢᠨᠨ ᠳᠤᠳᠤᠮᠳᠠᠬᠤ ᠴᠢᠷᠮᠠᠢᠯᠭ᠎ᠠ᠂ ᠪᠠᠷᠢᠮᠳᠠᠯᠠᠯ ᠪᠠ ᠬᠠᠢᠷ᠎ᠠ ᠰᠡᠳᠬᠢᠯᠬᠡ ᠰᠢᠩᠬᠡᠵᠤ ᠪᠠᠢᠭ᠎ᠠ ᠬᠤᠢᠨ᠎ᠠ ᠠᠮᠢᠳᠤᠷᠠᠯ ᠰᠠᠶᠢ ᠤᠳᠬ᠎ᠠ ᠠᠭᠤᠯᠭ᠎ᠠ ᠳᠠᠢ ᠪᠤᠯᠵᠤ᠂ ᠳᠠᠪᠤᠨ ᠦᠩᠭᠡ ᠪᠠᠷ ᠰᠤᠯᠤᠩᠭᠠᠷᠠᠨ᠂ ᠬᠦᠮᠦᠨ ᠠᠷᠠᠳ ᠤᠨ ᠠᠮᠢ ᠨᠠᠰᠤ ᠵᠢ ᠳᠦᠯᠵᠢᠬᠦᠯᠵᠤ᠂ ᠠᠵᠠ ᠵᠢᠷᠭᠠᠯ ᠡᠳ᠋ᠯᠡᠬᠦᠯᠵᠤ ᠪᠠᠢᠭ᠎ᠠ ᠶᠤᠮ᠃ ᠬᠦᠮᠦᠨᠤ ᠴᠢᠳᠠᠯ ᠲᠡᠨᠭᠭᠡᠭᠡ ᠶᠡᠭᠡ ᠲᠠᠢ ᠪᠠᠭ᠎ᠠ ᠳᠠᠢ᠂ ᠬᠡᠪᠡᠴᠦ ᠴᠢᠳᠠᠯ ᠤᠨ ᠵᠢᠨᠨ ᠬᠢᠷᠢ ᠲᠤᠳᠤᠷ᠎ᠠ ᠢᠳᠡᠪᠬᠢᠳᠡᠢ ᠦᠭᠡᠳᠡᠷᠭᠡᠭ ᠤᠪᠤᠷ ᠢᠶᠡᠷ ᠠᠵᠢᠯ ᠠᠮᠢᠳᠤᠷᠠᠯ ᠳᠠᠭᠠᠨ ᠵᠢᠳᠬᠦᠨ ᠴᠢᠷᠮᠠᠢᠬᠤ ᠪᠤᠯ ᠠᠮᠢ ᠨᠠᠰᠤᠨ ᠤ ᠦᠨ᠎ᠠ ᠦᠷᠳᠡᠭ ᠪᠤᠶᠤ ᠦᠨᠭᠭᠡ ᠬᠢᠯᠪᠠᠭ᠎ᠠ ᠪᠠᠢᠵᠤ ᠳᠠᠭᠠᠷᠠᠨ᠎ᠠ᠃
ᠪᠠᠷᠢᠮᠳᠠᠯᠠᠯ ᠭᠡᠭᠴᠢ ᠵᠦᠪᠭᠡᠨ ᠠᠭᠤᠤ ᠶᠡᠭᠡ ᠦᠢᠯᠡᠰ ᠪᠦᠳᠦᠭᠡᠭᠴᠢᠳ ᠤᠨ ᠲᠦᠮᠡᠨ ᠬᠦᠴᠢᠷ ᠮᠢᠨᠭᠭᠠᠨ ᠪᠡᠷᠭᠡ ᠶᠢ ᠳᠤᠭᠤᠯᠬᠤ ᠠᠤᠭ᠎ᠠ ᠠᠵᠢᠯᠯᠠᠭ᠎ᠠᠶᠢ ᠦᠨᠡᠯᠡᠨ ᠬᠡᠷᠡᠴᠢᠯᠡᠭᠦ ᠲᠤᠰᠬᠠᠢ ᠬᠡᠯᠡᠯᠭᠡ ᠪᠢᠰᠢ᠂ ᠬᠠᠷᠢᠨ ᠠᠵᠢᠯ ᠠᠮᠢᠳᠤᠷᠠᠯ ᠤᠨ ᠡᠯ᠎ᠡ ᠬᠦᠷᠢᠶ᠎ᠡ ᠴᠠᠷᠠᠭ᠎ᠠ᠂ ᠴᠢᠨᠠᠬᠰᠢᠯᠠᠪᠠᠯ ᠡᠳᠦᠷ ᠲᠤᠳᠤᠮ ᠤᠨ ᠢᠳᠡᠵᠤ ᠤᠤᠭᠤᠬᠤ ᠶᠠᠪᠤᠵᠤ ᠰᠠᠭᠤᠬᠤᠳᠤ ᠬᠤᠯᠪᠤᠬᠳᠠᠬᠰᠠᠨ ᠵᠢᠵᠢᠭ ᠰᠠᠵᠢᠭ ᠤᠴᠢᠷ ᠶᠠᠪᠤᠳᠠᠯᠳᠤ ᠴᠸ᠋ ᠪᠠᠷᠢᠮᠳᠠᠯᠠᠯ ᠴᠢᠬᠤᠯᠠ ᠳᠠᠢ ᠪᠠᠢᠳᠠᠭ᠃ ᠵᠢᠱᠶ᠋ᠶᠡᠯᠡᠪᠡᠯ᠂ ᠡᠷᠡᠭᠦᠯ ᠰᠠᠷᠠᠭᠤᠯ ᠠᠮᠢᠳᠤᠷᠠᠯᠤᠨ ᠳᠠᠳᠬᠠᠯ᠂ ᠵᠦᠢ ᠵᠤᠬᠢᠰᠳᠠᠢ ᠢᠳᠡᠭᠡᠨ ᠤᠮᠳᠠᠭᠠᠨ ᠤ ᠵᠠᠩᠰᠢᠯ ᠵᠢᠨᠨ ᠪᠠᠷᠢᠮᠳᠠᠯᠠᠪᠠᠯ ᠰᠠᠶᠢ ᠪᠡᠶ᠎ᠡ ᠮᠠᠬᠠᠪᠤᠳᠤᠨ ᠰᠢᠮ᠎ᠠ ᠲᠡᠵᠢᠭᠡᠯ ᠢ ᠪᠠᠳᠤᠯᠠᠵᠤ᠂ ᠲᠤᠬᠢᠷᠠᠮᠵᠢᠳᠠᠢ ᠠᠵᠢᠯᠯᠠᠵᠤ ᠠᠮᠠᠷᠠᠬᠤ ᠴᠠᠭᠢ ᠪᠠᠷᠢᠮᠳᠠᠯᠠᠪᠠᠯ ᠰᠠᠶᠢ ᠬᠢᠮᠦᠷᠠᠵᠤ ᠡᠪᠡᠳᠴᠢᠯᠡᠬᠦ ᠲᠦᠭᠰᠢᠭᠦᠷᠢ ᠶᠢ ᠪᠠᠭᠤᠷᠠᠭᠤᠯᠤᠨ᠂ ᠳᠤᠭᠳᠠᠭᠰᠠᠨ ᠬᠤᠭᠤᠴᠠᠭ᠎ᠠ ᠲᠠᠢ ᠪᠡᠶ᠎ᠡ ᠵᠢᠨ ᠪᠤᠯᠪᠠᠰᠤᠷᠠᠯᠢ ᠪᠠᠷᠢᠮᠳᠠᠯᠠᠪᠠᠯ ᠰᠠᠶᠢ ᠲᠠᠷᠤᠭᠠᠰᠤᠶᠢ ᠬᠦᠨᠭᠭᠡᠷᠡᠭᠦᠯᠤᠨ ᠤᠷᠮ᠎ᠠ ᠰᠡᠳᠬᠢᠯᠭᠡᠶᠢ ᠬᠦᠭᠵᠢᠭᠡᠭᠦᠳᠤ ᠠᠰᠢᠬᠳᠠᠢ ᠪᠢᠯᠠ᠃ ᠡᠳᠡᠭᠡᠷ ᠪᠠᠷᠢᠮᠳᠠᠯᠠᠯ ᠨᠢ ᠪᠢᠳᠠᠨᠤ ᠡᠷᠡᠭᠦᠯ ᠮᠡᠨᠳᠤ ᠵᠤᠯ ᠵᠢᠷᠭᠠᠯ ᠲᠠᠢ ᠰᠢᠭᠤᠳ ᠬᠤᠯᠪᠤᠬᠳᠠᠵᠤ ᠪᠠᠢᠳᠠᠭ᠃ ᠭᠡᠪᠡᠴᠤ ᠡᠳᠡᠭᠡᠷ ᠶᠠᠯᠢᠮ ᠦᠭᠡᠢ ᠶᠠᠪᠤᠳᠠᠯᠤᠳ ᠨᠢ ᠮᠠᠨᠠᠢᠬᠢᠨ ᠤ ᠡᠷᠡᠭᠦᠯ ᠴᠢᠬᠢᠷᠠᠭ᠂ ᠵᠤᠯ ᠵᠢᠷᠭᠠᠯ ᠴᠢᠨᠠᠬᠰᠢᠯᠠᠪᠠᠯ ᠠᠮᠢ ᠨᠠᠰᠤ ᠲᠠᠢ ᠰᠢᠭᠤᠳ ᠬᠤᠯᠪᠤᠬᠳᠠᠵᠤ ᠪᠠᠢᠨ᠎ᠠ ᠭᠡᠳᠡᠭ ᠢ ᠬᠦᠮᠦᠰ ᠳᠡᠮᠡᠢ ᠶᠡᠬᠡ ᠤᠪᠠᠢᠨ ᠳ᠋ᠠᠭᠠᠨ ᠠᠪᠴᠤ ᠪᠠᠢᠬᠤ ᠦᠬᠡᠢ ᠪᠤᠯᠤᠯᠳᠠᠢ᠃ ᠠᠵᠢᠯ ᠡᠴᠨ ᠪᠠᠨ ᠪᠠᠭᠤᠵᠤ ᠭᠡᠷ ᠳᠡᠭᠡᠨ ᠬᠠᠷᠢᠪᠠᠯ ᠭᠠᠷ ᠤᠳᠠᠰᠤ ᠱᠠᠭᠠᠢᠵᠤ ᠭᠡᠷ ᠡᠴᠡ ᠪᠠᠨ ᠭᠠᠷᠬᠤ ᠦᠭᠡᠢ᠂ ᠬᠡᠪᠳᠠᠪᠡᠯ ᠬᠦᠳᠡᠯᠭᠦ ᠲᠤᠷ᠎ᠠ ᠦᠭᠡᠢ᠂ ᠬᠤᠭᠤᠯᠠ ᠪᠤᠳᠠᠭ᠎ᠠ ᠬᠢᠭᠦ ᠡᠴᠨ ᠪᠠᠨ ᠠᠯᠵᠠᠭᠤᠷᠠᠵᠤ ᠦᠯᠦᠰᠪᠡᠯ ᠲᠦᠭᠦᠮ ᠬᠤᠭᠤᠯᠠ ᠵᠠᠬᠢᠶᠠᠯᠠᠨ᠎ᠠ ᠁᠂ ᠡᠨᠡ ᠮᠡᠳᠤ ᠪᠡᠷ ᠪᠡᠶ᠎ᠡᠶᠢᠨ ᠳᠠᠭ᠎ᠠ ᠪᠠᠨ ᠪᠤᠳᠤᠵᠤ 《ᠲᠤᠷ᠎ᠠ ᠵᠤᠷᠢᠭᠤᠨ ᠦᠵᠡᠯ》ᠳ᠋ᠤ ᠠᠪᠳᠠᠵᠤ ᠪᠠᠢᠨ᠎ᠠ᠃
ᠦᠪᠡᠷ ᠪᠡᠶ᠎ᠡᠶᠢᠨ ᠤᠷᠤᠰᠢᠨ ᠠᠮᠢᠳᠤᠷᠠᠬᠤ ᠨᠠᠭᠠᠳᠤ ᠵᠠᠬ᠎ᠠ ᠵᠢᠨ ᠨᠦᠬᠦᠴᠡᠯ ᠵᠢᠨᠨ ᠴᠸ᠋ ᠬᠠᠩᠭᠠᠵᠤ ᠴᠢᠳᠠᠬᠤ ᠦᠬᠡᠢ ᠪᠠᠷ ᠠᠵᠢᠯ ᠰᠤᠷᠤᠯᠭ᠎ᠠ ᠠᠮᠢᠳᠤᠷᠠᠯ ᠦᠢᠯᠡᠰ ᠲᠡᠭᠡᠨ ᠭᠡᠷᠬᠢᠨ ᠠᠮᠵᠢᠯᠳᠠ ᠤᠯᠵᠤ ᠳᠡᠢᠯᠬᠦ ᠪᠤᠢ ⁈ ᠰᠡᠳᠬᠢᠴᠠ ᠵᠦᠢᠶᠢᠨ ᠰᠤᠳᠤᠯᠭᠠᠳᠠᠳᠤᠨ ᠢᠯᠡᠷᠡᠭᠦᠯᠦᠭᠰᠡᠨᠢᠶᠡᠷ᠂ ᠠᠮᠵᠢᠯᠳᠠ ᠳ᠋ᠤ ᠬᠦᠷᠭᠦ ᠵᠠᠨᠭᠭᠢᠯᠠᠭᠠ ᠪᠤᠯ ᠲᠦᠷᠦᠯᠬᠢᠶᠢᠨ ᠠᠪᠢᠶᠠᠰ ᠪᠢᠯᠢᠭ ᠪᠢᠰᠢ᠂ ᠬᠠᠷᠢᠨ ᠬᠠᠳᠠᠨ ᠵᠤᠷᠢᠭ ᠲᠠᠰᠪᠤᠷᠢ ᠲᠠᠪᠴᠢᠶᠠᠷᠢ᠂ ᠲᠠᠷᠤᠢ ᠬᠠᠷᠠᠯᠳᠠᠳᠠᠭᠠᠨ ᠴᠢᠭᠯᠡᠭᠰᠡᠨ ᠤᠷᠳᠤ ᠬᠤᠭᠤᠴᠠᠭᠠᠨᠤ ᠤᠷᠮ᠎ᠠ ᠰᠡᠳᠬᠢᠯᠭᠡ ᠬᠢᠭᠡᠳ ᠪᠠᠷᠢᠮᠳᠠᠯᠠᠯ ᠬᠡᠨ᠎ᠠ ᠃
ᠦᠬᠡᠷ᠎ᠠ ᠪᠤᠰᠤᠳᠤᠨ ᠬᠦᠰᠡᠯ ᠵᠤᠷᠢᠯᠳᠠ ᠪᠠᠨ ᠪᠡᠶᠡᠯᠡᠭᠦᠯᠭᠦ ᠠᠶᠠᠨ ᠵᠠᠮᠳᠤ ᠳᠤᠯᠭᠠᠷᠠᠬᠤ ᠬᠠᠷᠰᠢ ᠰᠠᠭᠠᠳ ᠂ ᠨᠤᠭᠤᠷᠠᠯ ᠪᠦᠳᠦᠷᠢᠯ᠂ ᠬᠦᠴᠢᠷ ᠪᠡᠷᠬᠡ ᠵᠢ ᠭᠡᠨ ᠬᠦᠮᠦᠨ ᠴᠸ᠋ ᠮᠡᠳᠡᠵᠤ ᠳᠡᠢᠯᠬᠦ ᠦᠬᠡᠢ ᠪᠢᠯᠠ᠃ ᠪᠠᠭ᠎ᠠ ᠪᠠᠢᠬᠤᠳᠤ ᠠᠪᠤ ᠡᠵᠢ᠄ 《ᠨᠤᠮᠢ ᠨᠢ ᠰᠤᠷᠬᠤ ᠦᠭᠡᠢ ᠴᠸ᠋ ᠨᠤᠮᠤᠬᠠᠨᠢ ᠨᠢ ᠰᠤᠷ》ᠭᠡᠵᠤ ᠰᠤᠷᠭᠠᠭᠤᠯᠢ ᠳ᠋ᠤ ᠶᠠᠪᠤᠭᠤᠯᠵᠤ ᠪᠠᠢᠵᠠᠢ᠃ ᠤᠳᠤ ᠪᠤᠳᠤᠪᠡᠯ᠂ ᠦᠭᠡ ᠳᠠᠭᠤ ᠴᠦᠭᠡᠨᠳᠠᠢ ᠨᠤᠮᠤᠬᠠᠨ ᠰᠢᠳᠤᠷᠭᠤ ᠵᠠᠩ ᠠᠷᠠᠨᠰᠢᠨ ᠲᠠᠢ ᠪᠤᠯᠭᠠᠨ ᠬᠦᠮᠦᠵᠢᠬᠦᠯᠦᠨ᠎ᠠ ᠭᠡᠳ ᠯᠡ ᠰᠤᠷᠭᠠᠭᠤᠯᠢᠳᠤ ᠰᠠᠭᠤᠯᠭᠠᠵᠤ ᠪᠠᠢᠬᠰᠠᠨ ᠳᠡᠳᠦᠢ ᠪᠢᠰᠢ᠂ ᠬᠠᠷᠢᠨ ᠭᠡᠳᠦᠨ ᠠᠷᠪᠠᠨ ᠵᠢᠯ ᠤᠨ ᠰᠤᠷᠭᠠᠭᠤᠯᠢ ᠰᠤᠶᠤᠯᠤᠨ ᠮᠦᠷ ᠢ ᠬᠦᠭᠡᠭᠡᠭᠦ ᠪᠡᠷ ᠲᠠᠮᠵᠢᠨ᠂ ᠬᠢᠴᠢᠶᠠᠯ ᠬᠦᠮᠦᠵᠢᠯᠤᠨ ᠶᠤᠰᠤ ᠲᠦᠷᠢᠮᠢ ᠪᠠᠷᠢᠮᠳᠠᠯᠠᠬᠤ᠂ ᠪᠠᠬᠰᠢ ᠪᠠᠨ ᠬᠦᠨᠳᠦᠳᠭᠡᠵᠤ ᠬᠠᠮᠳᠤ ᠰᠤᠷᠤᠬᠴᠢ ᠪᠠᠨ ᠬᠠᠢᠷᠠᠯᠠᠬᠤᠶᠢ ᠤᠬᠠᠭᠠᠷᠠᠭᠤᠯᠬᠤ᠂ ᠴᠢᠷᠮᠠᠢᠨ ᠰᠤᠷᠤᠯᠴᠠᠬᠤᠶᠢᠨ ᠬᠠᠪᠤ ᠴᠡᠩᠭᠡᠯᠢ ᠮᠡᠳᠡᠷᠡᠬᠦᠯᠬᠦ᠂ ᠬᠦᠮᠦᠨ ᠪᠤᠯᠬᠤ ᠶᠤᠰᠤ ᠤᠴᠢᠷᠢ ᠤᠢᠯᠠᠭᠠᠭᠤᠯᠵᠤ ᠪᠠᠷᠢᠮᠳᠠᠯᠠᠭᠤᠯᠬᠤ ᠬᠡᠰᠡᠨ ᠯᠡ ᠶᠤᠮ᠃
ᠪᠠᠷᠢᠮᠳᠠᠯᠠᠯ ᠭᠡᠵᠤ ᠡᠷᠡᠰ ᠬᠠᠳᠠᠭᠤ ᠵᠠᠩ ᠴᠢᠨᠠᠷᠢ ᠬᠦᠮᠦᠵᠢᠭᠦᠯᠭᠦ ᠶᠠᠪᠤᠴᠠ᠂ ᠬᠠᠷᠠᠭ᠎ᠠ ᠲᠡᠯᠡᠵᠤ ᠮᠡᠳᠡᠯᠭᠡ ᠬᠤᠷᠠᠮᠳᠤᠭᠤᠯᠬᠤ ᠦᠨᠭᠭᠡᠷᠡᠯᠳᠠ ᠮᠦᠨ᠃ ᠬᠦᠮᠦᠨᠤ ᠵᠤᠷᠢᠭ ᠰᠦᠰᠤ ᠪᠤᠯᠤᠨ ᠰᠡᠳᠬᠢᠯ ᠤᠨ ᠲᠠᠮᠢᠷ ᠨᠢ ᠪᠠᠷᠢᠮᠳᠠᠯᠡᠯᠤᠨ ᠶᠠᠪᠤᠴᠠᠳᠤ ᠴᠢᠨᠭᠭᠠᠷᠠᠨ ᠬᠠᠳᠠᠭᠤᠵᠢᠳᠠᠭ ᠤᠴᠢᠷᠳᠠᠢ᠃ ᠲᠡᠭᠡᠭᠦ ᠪᠡᠷ ᠨᠢ ᠢᠷᠡᠭᠡᠳᠦᠢᠳᠤ ᠲᠤᠯᠭᠠᠷᠠᠵᠤ ᠮᠡᠳᠡᠭᠦ ᠬᠠᠳᠠᠭᠤ ᠪᠡᠷᠭᠡ ᠤᠷᠴᠢᠨ ᠠᠬᠤᠢ᠂ ᠬᠦᠴᠢᠷ ᠪᠡᠷᠭᠡᠰᠢᠶᠠᠯᠳᠤ ᠴᠠᠭ ᠮᠦᠴᠠᠶᠢ ᠲᠤᠭᠤᠯᠤᠨ ᠳᠠᠪᠠᠬᠤ ᠢᠳᠡᠭᠡᠯ ᠵᠤᠷᠢᠭ ᠡᠳᠦᠷ ᠡᠴᠡ ᠡᠳᠦᠷ ᠡᠷᠴᠢᠯᠡᠭᠳᠡᠨᠠ᠃ ᠡᠭᠡᠯ ᠵᠢᠷᠤᠨ ᠠᠵᠢᠯᠤᠨ ᠪᠠᠢᠷᠢ ᠪᠠᠨ ᠭᠤᠯᠤᠬᠤ ᠦᠭᠡᠢ ᠪᠡᠷ ᠴᠢᠷᠮᠠᠢᠨ ᠠᠵᠢᠯᠯᠠᠬᠤ ᠭᠡᠭᠴᠢ ᠮᠦᠨ ᠯᠡ ᠨᠢᠭᠡᠨ ᠶᠤᠰᠤᠨᠤ ᠪᠠᠷᠢᠮᠳᠠᠯᠠᠯ ᠶᠤᠮ᠃ ᠪᠢᠳᠠ ᠢᠨᠭᠭᠢᠵᠤ ᠬᠢᠵᠤ ᠲᠡᠢᠯᠵᠤ ᠪᠠᠢᠨ᠎ᠠ ᠤᠤ ᠦᠬᠡᠢ ᠤᠤ?ᠤᠬᠠᠮᠰᠠᠷᠳᠤ ᠪᠠᠷᠢᠮᠳᠠᠯᠠᠯ ᠬᠢᠭᠡᠳ ᠠᠯᠪᠠᠳᠠᠯᠭᠠᠶᠢᠨ ᠪᠠᠷᠢᠮᠳᠠᠯᠠᠯ ᠭᠡᠭᠴᠢ ᠴᠸ᠋ ᠵᠤᠬᠢᠬᠤ ᠵᠦᠷᠢᠶ᠎ᠡ ᠲᠠᠢ ᠪᠠᠢᠳᠠᠭ᠃ ᠴᠢᠷᠮᠠᠢᠨ ᠠᠵᠢᠯᠯᠠᠵᠤ ᠴᠢᠷᠮᠠᠢᠨ ᠰᠤᠷᠤᠯᠴᠠᠵᠤ᠂ ᠲᠤᠷᠰᠢᠯᠭ᠎ᠠ ᠰᠤᠷᠭᠠᠮᠵᠢ ᠪᠠᠨ ᠮᠡᠳᠡᠯᠭᠡ ᠴᠢᠳᠠᠪᠤᠷᠢ ᠪᠠ ᠳᠠᠪᠠᠭᠤᠯᠢᠭ ᠪᠤᠯᠭᠠᠨ ᠬᠤᠪᠢᠷᠠᠭᠤᠯᠪᠡᠯ ᠰᠠᠶᠢ ᠤᠷᠤᠭᠰᠢ ᠳᠡᠮᠡᠦᠯᠬᠦ ᠤᠮᠤᠭ ᠵᠤᠷᠢᠭ ᠨᠡᠩ ᠳᠡᠬᠦᠯᠳᠡᠷᠵᠢᠬᠦ ᠶᠤᠮᠰᠠᠨ᠃
ᠠᠮᠵᠢᠯᠳᠠ ᠳ᠋ᠤ ᠬᠦᠷᠬᠦ ᠳ᠋ᠤ ᠳᠦᠳᠡ ᠵᠠᠮ ᠬᠡᠵᠤ ᠦᠬᠡᠢ᠂ ᠬᠠᠷᠢᠨ ᠪᠠᠷᠢᠮᠳᠠᠯᠠᠯ ᠪᠤᠯ ᠨᠠᠷᠠᠨ ᠵᠦᠭᠤᠨ ᠵᠠᠮ ᠨᠡᠬᠡᠬᠡᠬᠦ ᠨᠢᠭᠤᠴᠠ ᠵᠤᠷ ᠶᠤᠮ᠃