ᠲᠤᠬᠠᠢ ᠵᠢᠨ ᠲᠠᠯᠠᠪᠠᠢ ᠳ᠋ᠤ ᠨᠡᠢᠲᠡ 3260 ᠬᠤᠪᠢ ᠵᠦᠪᠯᠡᠯᠴᠡᠭᠡᠷ ᠲᠤᠬᠢᠷᠠᠯᠴᠠᠵᠤ 9.3 ᠳ᠋ᠦᠡᠭᠰᠢᠭᠤᠷ ᠲᠦᠭᠦᠷᠢᠭ ᠤ᠋ᠨ ᠠᠷᠠᠯᠵᠢᠶ᠎ᠠ ᠪᠦᠲᠦᠵᠠᠢ
3 ᠰᠠᠷ᠎ᠠ ᠶ᠋ᠢᠨ 28 ᠤ᠋ ᠡᠳᠦᠷ᠂ 3 ᠡᠳᠦᠷ ᠶᠠᠪᠤᠭᠳᠠᠭᠰᠠᠨ ᠭᠤᠴᠢᠨ ᠨᠠᠢ᠍ᠮᠠᠳᠤᠭᠠᠷ ᠬᠤᠭᠤᠴᠠᠭᠠᠨ ᠤ᠋ ᠦᠪᠦᠷ ᠮᠤᠡᠭᠭᠤᠯ ᠤ᠋ᠨ ᠲᠠᠷᠢᠶᠠᠯᠠᠡᠭ ᠤ᠋ᠨ ᠦᠵᠡᠰᠭᠦᠯᠡᠡᠭ ᠤ᠋ᠨ ᠴᠤᠭᠯᠠᠭᠠᠨ ᠵᠢᠴᠢ ᠠᠷᠪᠠᠨ ᠲᠠᠪᠤᠳᠤᠭᠠᠷ ᠬᠤᠭᠤᠴᠠᠭᠠᠨ ᠤ᠋ ᠦᠪᠦᠷ ᠮᠤᠡᠭᠭᠤᠯ (ᠬᠠᠪᠤᠷ ᠤ᠋ᠨ ᠤᠯᠠᠷᠢᠯ) ᠤ᠋ᠨ ᠲᠠᠷᠢᠶᠠᠯᠠᠡᠭ ᠤ᠋ᠨ ᠮᠠᠰᠢᠨ ᠲᠦᠬᠦᠭᠡᠷᠦᠮᠵᠢ ᠶ᠋ᠢᠨ ᠦᠵᠡᠰᠭᠦᠯᠡᠡᠭ ᠤ᠋ᠨ ᠴᠤᠭᠯᠠᠭᠠᠨ ᠬᠦᠬᠡᠬᠤᠲᠠ ᠳ᠋ᠦ ᠠᠮᠵᠢᠯᠲᠠ ᠲᠠᠢ ᠦᠨᠳᠦᠷᠯᠡᠪᠡ᠃ ᠲᠤᠰ ᠬᠤᠭᠤᠴᠠᠭᠠᠨ ᠤ᠋ ᠦᠵᠡᠰᠭᠦᠯᠡᠡᠭ ᠤ᠋ᠨ ᠴᠤᠭᠯᠠᠭᠠᠨ ᠨᠢ ᠬᠦᠷᠢᠶ᠎ᠡ ᠬᠡᠪᠴᠢᠶ᠎ᠡ ᠪᠡᠷ ᠲᠡᠤᠭᠡ ᠶ᠋ᠢᠨ ᠰᠢᠨ᠎ᠡ ᠲᠡᠮᠲᠡᠭᠯᠡᠯ ᠢ᠋ ᠡᠭᠦᠳᠴᠦ᠂ ᠮᠠᠨ ᠤ᠋ ᠤᠷᠤᠨ ᠤ᠋ ᠬᠠᠪᠤᠷ ᠤ᠋ᠨ ᠲᠠᠷᠢᠶᠠᠯᠠᠭ᠎ᠠ ᠶ᠋ᠢᠨ ᠪᠡᠯᠡᠳᠭᠡᠯ ᠠᠵᠢᠯ ᠵᠢᠴᠢ ᠠᠮᠤ ᠪᠤᠳᠠᠭᠠᠨ ᠤ᠋ ᠤᠨᠠᠯᠲᠠ ᠵᠢ ᠳᠡᠭᠡᠭᠰᠢᠯᠡᠭᠦᠯᠬᠦ ᠢᠨᠵᠸᠨ᠋ᠸᠷᠢᠩ ᠳ᠋ᠦ ᠬᠦᠴᠦᠷᠬᠡᠭ ᠶᠡᠬᠡ ᠬᠦᠳᠡᠯᠭᠡᠬᠦ ᠡᠨ᠋ᠸᠷᠬᠢ ᠨᠡᠮᠡᠷᠢᠯᠡᠪᠡ᠃
ᠲᠣᠰ ᠬᠤᠭᠤᠴᠠᠭᠠᠨ ᠤ᠋ ᠦᠵᠡᠰᠭᠦᠯᠡᠩ ᠤ᠋ᠨ ᠴᠤᠭᠯᠠᠭᠠᠨ ᠳ᠋ᠦ ᠪᠦᠬᠦ᠌ ᠤᠯᠤᠰ ᠤ᠋ᠨ 28 ᠮᠤᠵᠢ ᠬᠤᠳᠠ ᠶ᠋ᠢᠨ ᠮᠠᠯ ᠠᠵᠤ ᠠᠬᠤᠢ ᠲᠠᠷᠢᠶᠠᠯᠠᠩ ᠳ᠋ᠤ ᠬᠣᠯᠪᠣᠭ᠍ᠳᠠᠬᠤ 900 ᠭᠠᠷᠤᠢ ᠠᠵᠤ ᠠᠬᠤᠢᠯᠠᠯ ᠪᠣᠯᠤᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠪᠠᠢᠭᠤᠯᠤᠮᠵᠢ ᠤᠷᠤᠯᠴᠠᠵᠤ᠂ 7 ᠭᠣᠣᠯ ᠰᠡᠳᠦᠪᠲᠦ ᠦᠵᠡᠭᠦᠯᠭᠡ ᠶ᠋ᠢᠨ ᠲᠣᠭᠣᠷᠢᠭ ᠲᠦ᠍ 1500 ᠭᠠᠷᠤᠢ ᠦᠵᠡᠭᠦᠯᠭᠡ ᠶ᠋ᠢᠨ ᠪᠠᠢᠷᠢ ᠲᠤᠬᠢᠷᠠᠭᠤᠯᠵᠠᠢ᠃ ᠠᠯᠪᠠᠨ ᠤ᠋ ᠲᠠᠯ᠎ᠠ ᠶ᠋ᠢᠨ ᠪᠦᠷᠢᠳᠭᠡᠯ ᠢ᠋ ᠦᠨᠳᠦᠰᠦᠯᠡᠪᠡᠯ᠂ ᠦᠵᠡᠰᠭᠦᠯᠡᠩ ᠳ᠋ᠤ ᠣᠷᠣᠯᠴᠠᠭ᠍ᠰᠠᠨ ᠬᠦᠮᠦᠨ 3 ᠡᠳᠦᠷ ᠲᠦ᠍ ᠨᠡᠢ᠌ᠲᠡ 7.1 ᠲᠦᠮᠡᠨ ᠬᠥᠮᠦᠨ ᠤᠳᠠᠭ᠎ᠠ ᠳ᠋ᠤ ᠬᠦᠷᠴᠦ᠍᠂ ᠲᠤᠬᠠᠢ ᠶ᠋ᠢᠨ ᠲᠠᠯᠠᠪᠠᠢ ᠳ᠋ᠤ 3260 ᠬᠤᠪᠢ ᠵᠦᠪᠯᠡᠯᠴᠡᠭᠡᠷ ᠲᠤᠬᠢᠷᠠᠯᠴᠠᠨ᠂ ᠰᠠᠨᠠᠮᠵᠢ ᠶ᠋ᠢᠨ ᠭᠡᠷ᠎ᠡ ᠲᠤᠭᠲᠠᠭᠰᠠᠨ ᠵᠤᠭᠤᠰ ᠤ᠋ᠨ ᠬᠡᠮᠵᠢᠶ᠎ᠠ 28.6 ᠳ᠋ᠦᠩᠱᠢᠭᠤᠷ ᠲᠥᠭᠥᠷᠢᠭ ᠢ᠋ ᠳᠠᠪᠠᠵᠤ᠂ ᠨᠡᠢᠳᠡ 9.3 ᠳ᠋ᠦᠩᠱᠢᠭᠤᠷ ᠲᠥᠭᠥᠷᠢᠭ ᠤ᠋ᠨ ᠠᠷᠠᠯᠵᠢᠶ᠎ᠡ ᠪᠦᠲᠦᠵᠦ᠂ ᠬᠦᠴᠦᠷᠬᠡᠭ ᠶᠡᠬᠡ ᠵᠠᠬ᠎ᠠ ᠳᠡᠯᠭᠡᠭᠦᠷ ᠤ᠋ᠨ ᠠᠮᠢᠵᠢᠷᠠᠯ ᠤ᠋ᠨ ᠬᠦᠴᠦᠨ ᠪᠤᠯᠤᠨ ᠠᠷᠠᠯᠵᠢᠶᠠᠨ ᠤ᠋ ᠲᠠᠯᠲᠠ ᠬᠦᠴᠦᠨ ᠢ᠋ ᠢᠯᠡᠷᠡᠭᠦᠯᠪᠡ᠃
ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠵᠢᠡᠷ ᠡᠨᠧᠷᠭᠢ ᠣᠯᠭᠣᠬᠤ ᠪᠣᠯ ᠲᠤᠰ ᠬᠤᠭᠤᠴᠠᠭᠠᠨ ᠤ᠋ ᠦᠵᠡᠰᠭᠦᠯᠡᠩ ᠤ᠋ᠨ ᠴᠤᠭ᠍ᠯᠠᠭᠠᠨ ᠤ᠋ ᠬᠠᠮᠤᠭ ᠤ᠋ᠨ ᠲᠤᠪᠤᠢ᠌ᠮ᠎ᠠ ᠬᠢᠯᠠᠰ ᠴᠡᠭ ᠪᠣᠯᠤᠨ᠎ᠠ᠃ ᠵᠢᠯᠣᠭᠣᠴᠢ ᠦᠭᠡᠢ ᠲᠷᠠᠺᠲ᠋ᠣᠷ᠂ ᠵᠢᠯᠣᠭᠣᠴᠢ ᠦᠭᠡᠢ ᠨᠢᠰᠭᠡᠯ ᠵᠢᠴᠢ ᠤᠰᠤ ᠪᠤᠷᠳᠤᠭᠤᠷ ᠢ᠋ ᠨᠢᠭᠡ ᠴᠤᠬ᠍ᠴᠠᠵᠢᠭᠤᠯᠬᠤ ᠤᠶᠤᠨᠴᠢ ᠮᠠᠱᠢᠨ ᠵᠡᠷᠭᠡ 300 ᠭᠠᠷᠤᠢ ᠵᠦᠢᠯ ᠤ᠋ᠨ ᠤᠶᠤᠨᠴᠢ ᠲᠠᠷᠢᠶᠠᠯᠠᠩ ᠤ᠋ᠨ ᠮᠠᠰᠢᠨ ᠲᠥᠬᠥᠭᠡᠷᠦᠮᠵᠢ ᠵᠢ ᠳᠡᠯᠭᠡᠨ ᠪᠤᠷᠤᠯᠠᠭᠤᠯᠪᠠ᠃ ᠦᠵᠡᠰᠭᠦᠯᠡᠩ ᠤ᠋ᠨ ᠴᠤᠭ᠍ᠯᠠᠭᠠᠨ ᠳ᠋ᠤ ᠤᠶᠤᠨᠴᠢ ᠲᠠᠷᠢᠶᠠᠯᠠᠩ ᠤ᠋ᠨ ᠮᠠᠱᠢᠨ ᠲᠦᠬᠦᠭᠡᠷᠦᠮᠵᠢ ᠶ᠋ᠢᠨ ᠲᠠᠯ᠎ᠠ ᠪᠡᠷ ᠰᠠᠨᠠᠮᠵᠢ ᠶ᠋ᠢᠨ ᠭᠡᠷ᠎ᠡ ᠲᠤᠭᠲᠠᠭᠰᠠᠨ ᠵᠤᠭᠤᠰ ᠤ᠋ᠨ ᠬᠡᠮᠵᠢᠶ᠎ᠠ 18.5 ᠳ᠋ᠦᠩᠱᠢᠭᠤᠷ ᠲᠥᠭᠥᠷᠢᠭ ᠲᠦ᠍ ᠬᠦᠷᠴᠦ᠍᠂ ᠰᠠᠨᠠᠮᠵᠢ ᠶ᠋ᠢᠨ ᠭᠡᠷ᠎ᠡ ᠲᠤᠭᠲᠠᠭᠰᠠᠨ ᠪᠦᠬᠦ ᠵᠤᠭᠤᠰ ᠤ᠋ᠨ ᠬᠡᠮᠵᠢᠶ᠎ᠠ ᠵᠢᠨ 60% ᠭᠠᠷᠤᠢ ᠵᠢ ᠡᠵᠡᠯᠡᠪᠠ᠃ ᠡᠨᠡ ᠨᠢ ᠮᠠᠨ ᠤ᠋ ᠤᠷᠤᠨ ᠤ᠋ ᠮᠠᠯ ᠠᠵᠤ ᠠᠬᠤᠶ ᠲᠠᠷᠢᠶᠠᠯᠠᠡᠭ ᠤᠶᠤᠨᠴᠢᠯᠠᠯᠲᠠ ᠲᠡᠢᠰᠢ ᠲᠦᠷᠭᠡᠨ ᠶ᠋ᠢᠡᠷ ᠳᠡᠰ ᠳᠡᠪᠰᠢᠵᠦ ᠪᠠᠢᠭ᠎ᠠ ᠵᠢ ᠭᠦᠢᠴᠡᠳ ᠬᠠᠷᠠᠭᠤᠯᠵᠤ ᠪᠠᠢᠨ᠎ᠠ᠃
ᠲᠤᠰ ᠬᠤᠭᠤᠴᠠᠭᠠᠨ ᠤ᠋ ᠦᠵᠡᠰᠭᠦᠯᠡᠩ ᠤ᠋ᠨ ᠴᠤᠭᠯᠠᠭᠠᠨ ᠨᠢ ᠮᠠᠯ ᠠᠵᠤ ᠠᠬᠤᠢ ᠲᠠᠷᠢᠶᠠᠯᠠᠩ ᠤ᠋ᠨ ᠬᠡᠷᠡᠭᠰᠡᠯ ᠤ᠋ᠨ ᠪᠥᠬᠥ᠌ ᠬᠡᠯᠬᠢᠶ᠎ᠡ ᠶ᠋ᠢᠨ ᠨᠢᠭᠡ ᠦᠷᠲᠡᠭᠡᠴᠢᠯᠡᠭᠰᠡᠨ ᠮᠠᠶᠢᠭ ᠤ᠋ᠨ ᠬᠤᠳᠠᠯᠳᠤᠨ ᠠᠪᠬᠤ ᠵᠢ ᠪᠡᠶᠡᠯᠡᠭᠦᠯᠦᠭᠰᠡᠨ ᠶ᠋ᠢᠡᠷ ᠪᠠᠷᠠᠬᠤ ᠦᠭᠡᠢ ᠥᠪᠥᠷ ᠮᠣᠩᠭᠣᠯ ᠤ᠋ᠨ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠵᠡᠷᠭᠡ ᠪᠠᠢᠭᠤᠯᠤᠮᠵᠢ ᠶ᠋ᠢᠨ ᠳᠡᠯᠭᠡᠨ ᠦᠵᠡᠭᠦᠯᠦᠭ᠌ᠰᠡᠨ 18 ᠱᠢᠨ᠎ᠡ ᠡᠭᠦᠯᠳᠡᠷ ᠵᠢᠴᠢ 108 ᠵᠦᠶ᠋ᠯ ᠤ᠋ᠨ ᠤᠨᠴᠠᠯᠢᠭ᠍ᠲᠤ ᠪᠦᠲᠦᠭᠡᠭ᠌ᠳᠡᠬᠦᠨ ᠨᠢ 《ᠰᠠᠢᠨ ᠲᠠᠷᠢᠶ᠎ᠠ᠂ ᠰᠠᠢᠨ ᠡᠭᠦᠯᠳᠡᠷ᠂ ᠰᠠᠢᠨ ᠮᠠᠰᠢᠨ᠂ ᠰᠠᠢᠨ ᠠᠷᠭ᠎ᠠ》ᠶ᠋ᠢᠨ ᠵᠤᠯᠭᠠᠯᠴᠠᠭ᠎ᠠ ᠵᠢ ᠪᠡᠶᠡᠯᠡᠭᠦᠯᠪᠡ᠃ ᠡᠭᠦᠨ ᠤ᠋ ᠬᠠᠮᠲᠤ ᠪᠠᠰᠠ 《ᠡᠭᠦᠯᠡᠨ ᠦᠵᠦᠭᠦᠷᠯᠢᠭ ᠤ᠋ᠨ ᠦᠵᠡᠭᠦᠯᠭᠡ ᠶ᠋ᠢᠨ ᠲᠠᠪᠴᠠᠩ》 ᠪᠣᠯᠤᠨ ᠱᠢᠭᠤᠳ ᠨᠡᠪᠲᠡᠷᠡᠭᠦᠯᠭᠡ ᠪᠡᠷ ᠳᠠᠮᠵᠢᠨ ᠪᠠᠷᠠᠭ᠎ᠠ ᠪᠤᠷᠤᠯᠠᠭᠤᠯᠵᠤ᠂ ᠦᠵᠡᠭᠰᠡᠨ ᠬᠦᠮᠦᠨ ᠤ᠋ ᠲᠤᠭ᠎ᠠ 86 ᠲᠦᠮᠡᠨ ᠬᠥᠮᠦᠨ ᠤᠳᠠᠭ᠎ᠠ ᠳ᠋ᠤ ᠬᠦᠷᠴᠦ᠍᠂ ᠱᠢᠭᠤᠳ ᠨᠡᠪᠲᠡᠷᠡᠭᠦᠯᠭᠡ ᠶ᠋ᠢᠨ ᠪᠣᠷᠣᠯᠠᠭᠤᠯᠭ᠎ᠠ ᠶ᠋ᠢᠨ ᠬᠡᠮᠵᠢᠶ᠎ᠡ 1.2 ᠳ᠋ᠦᠩᠱᠢᠭᠤᠷ ᠲᠥᠭᠥᠷᠢᠭ ᠢ᠋ ᠳᠠᠪᠠᠨ᠂ ᠮᠠᠯᠴᠢᠨ ᠲᠠᠷᠢᠶᠠᠴᠢᠨ ᠳ᠋ᠤ ᠦᠶ᠋ᠯᠡᠴᠢᠯᠡᠬᠦ᠌ 《ᠡᠴᠦᠰ ᠤ᠋ᠨ ᠨᠢᠭᠡ ᠺᠢᠯᠣᠮᠧᠲ᠋ᠷ 》 ᠢ᠋ ᠪᠦᠲᠦᠮᠵᠢᠲᠡᠶ ᠨᠡᠪᠲᠡᠷᠡᠭᠦᠯᠵᠠᠢ᠃