ᠠᠵᠢᠯ ᠤᠯᠭᠤᠵᠤ ᠤᠷᠤᠯᠭ᠎ᠠ ᠢ᠋ᠢ ᠨᠡᠮᠡᠭᠳᠡᠭᠦᠯᠬᠦ ᠵᠢ ᠲᠡᠰ ᠲᠡᠪᠰᠢᠬᠦᠯᠬᠦ ᠠᠵᠢᠯᠯᠠᠭ᠎ᠠ —ᠬᠦᠳᠡᠬᠡ ᠲᠤᠰᠬᠤᠨ ᠤ᠋ ᠵᠠᠰᠠᠮᠠᠯ ᠵᠠᠮ ᠵᠢᠡᠷ ᠤᠷᠤᠯᠭ᠎ᠠ ᠵᠢᠨ ᠨᠡᠮᠡᠭᠳᠡᠯ ᠢ᠋ ᠠᠬᠢᠭᠤᠯᠤᠨ᠎ᠠ
2026-03-31 09:46:43
ᠵᠣᠬᠢᠶᠠᠭ᠍ᠴᠢ᠄
​ ᠦᠨᠢᠷ
ᠣᠩᠱᠢᠭ᠍ᠰᠠᠨ ᠣᠳᠠᠭ᠎ᠠ᠄
★★★☆☆

— ᠦᠪᠤᠷ ᠮᠤᠩᠭᠤᠯ ᠤ᠋ᠨ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠤ᠋ᠨ ᠪᠦᠳᠦᠬᠡᠨ ᠪᠠᠢᠭᠤᠯᠤᠯᠳᠠ ᠵᠢᠨ ᠲᠤᠬᠠᠢ ᠪᠠᠷᠠᠯᠠᠯ⑧


ᠦᠪᠦᠷ ᠮᠤᠡᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠠᠬᠡᠬᠡᠪᠤᠷᠢ ᠵᠢᠨ ᠲᠢᠩᠬᠢᠮ᠂ ᠡᠳ᠋ ᠤ᠋ᠨ ᠵᠠᠰᠠᠭ ᠤ᠋ᠨ ᠲᠢᠩᠬᠢᠮ ᠪᠤᠯᠤᠨ ᠪᠠᠢᠭᠠᠯᠢ ᠵᠢᠨ ᠡᠬᠢ ᠪᠠᠶᠠᠯᠢᠭ ᠤ᠋ᠨ ᠲᠢᠩᠬᠢᠮ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠲᠡᠰ ᠲᠡᠪᠰᠢᠬᠦᠯᠬᠦ ᠠᠵᠢᠯᠯᠠᠭᠠᠨ ᠤ᠋ ᠬᠡᠷᠡᠭ᠌ᠵᠢᠭᠦᠯᠬᠦ᠌ ᠲᠥᠰᠦᠯ》 ᠢ᠋ ᠳᠠᠷᠤᠮᠠᠯᠯᠠᠨ ᠲᠠᠷᠬᠠᠭᠠᠵᠤ᠂ ᠡᠨᠡ ᠵᠢᠯ ᠡᠴᠡ ᠡᠬᠢᠯᠡᠨ ᠪᠦᠬᠦ ᠤᠷᠤᠨ ᠳ᠋ᠤ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠢ᠋ᠢ ᠬᠡᠷᠡᠭᠵᠢᠬᠦᠯᠵᠤ᠂ 2035 ᠤᠨ ᠪᠤᠯᠬᠤ ᠳ᠋ᠤ 《ᠳᠥᠷᠪᠡᠨ ᠰᠠᠢᠨ ᠬᠥᠳᠡᠭᠡ ᠲᠣᠰᠭᠣᠨ ᠤ᠋ ᠵᠠᠰᠠᠮᠠᠯ ᠵᠠᠮ》 ᠤ᠋ᠨ ᠴᠢᠨᠠᠷ ᠰᠠᠢᠲᠠᠶ ᠬᠥᠭ᠌ᠵᠢᠯᠲᠡ ᠢ᠋ᠢᠨ ᠪᠠᠢᠷᠢᠱᠢᠯ ᠢ᠋ ᠦᠨᠳᠦᠰᠦᠨ ᠳ᠋ᠡᠭᠡᠨ ᠪᠦᠷᠢᠯᠳᠦᠭᠦᠯᠵᠦ᠍᠂ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠤ᠋ ᠣᠳᠣᠬᠢᠴᠢᠯᠠᠯᠳᠠ ᠵᠢᠨ ᠬᠡᠷᠡᠭ᠌ᠴᠡᠭᠡ ᠢ᠋ᠢ ᠦᠨᠳᠦᠰᠦᠨ ᠳ᠋ᠡᠭᠡᠨ ᠬᠠᠩᠭᠠᠬᠤ ᠪᠡᠷ ᠪᠤᠢ᠃

ᠠᠵᠢᠯ ᠤᠯᠭᠤᠵᠤ ᠤᠷᠤᠯᠭ᠎ᠠ ᠢ᠋ᠢ ᠨᠡᠮᠡᠭᠳᠡᠭᠦᠯᠬᠦ ᠵᠢ ᠲᠡᠰ ᠲᠡᠪᠰᠢᠬᠦᠯᠬᠦ ᠠᠵᠢᠯᠯᠠᠭ᠎ᠠ ᠪᠤᠯ ᠮᠠᠨ ᠤ᠋ ᠤᠷᠤᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠵᠢᠨ ᠨᠢᠬᠡ ᠪᠠᠢᠵᠤ᠂ ᠠᠵᠢᠯ ᠣᠯᠭᠣᠬᠤ ᠪᠠᠷ ᠲᠡᠳᠬᠦᠮᠵᠢ ᠢ᠋ᠢ ᠣᠷᠣᠯᠠᠭᠤᠯᠬᠤ᠂ ᠨᠡᠢᠲᠡ ᠢ᠋ᠢᠨ ᠠᠰᠠᠷᠠᠮᠵᠢ ᠢ᠋ᠢᠨ ᠴᠢᠨᠠᠷᠲᠠᠶ ᠠᠵᠢᠯ ᠤ᠋ᠨ ᠪᠠᠢᠷᠢ ᠭᠠᠷᠭᠠᠬᠤ᠂ ᠣᠯᠠᠨ ᠲᠦᠮᠡᠨ ᠳ᠋ᠤ ᠳᠠᠭᠠᠭᠠᠴᠢᠯᠠᠭᠤᠯᠬᠤ ᠵᠡᠷᠭᠡ ᠠᠷᠭ᠎ᠠ ᠬᠡᠯᠪᠡᠷᠢ ᠪᠡᠷ ᠳᠠᠮᠵᠢᠨ ᠵᠠᠰᠠᠮᠠᠯ ᠵᠠᠮ ᠢ᠋ ᠬᠠᠢᠷᠠᠯᠠᠨ ᠬᠠᠮᠠᠭᠠᠯᠠᠬᠤ᠂ ᠠᠵᠢᠯ ᠣᠯᠭᠣᠯᠲᠠ ᠢ᠋ᠢ ᠲᠣᠭ᠍ᠲᠠᠪᠤᠷᠢᠵᠢᠭᠤᠯᠤᠨ ᠣᠷᠣᠯᠭ᠎ᠠ ᠢ᠋ᠢ ᠨᠡᠮᠡᠭ᠌ᠳᠡᠭᠦᠯᠬᠦ᠌᠂ ᠬᠠᠮᠲᠤ ᠪᠠᠷ ᠪᠠᠢᠭᠤᠯᠵᠤ ᠬᠠᠮᠲᠤ ᠪᠠᠷ ᠵᠠᠰᠠᠬᠤ ᠢ᠋ᠢ ᠠᠬᠢᠭᠤᠯᠬᠤ ᠪᠣᠯᠤᠨ᠎ᠠ᠃

ᠤᠯᠠᠭᠠᠨᠬᠠᠳᠠ ᠬᠣᠲᠠ ᠢ᠋ᠢᠨ ᠨᠢᠩᠴᠧᠩ ᠱᠢᠶᠠᠨ ᠤ᠋ ᠱᠢᠶᠤᠤ ᠴᠧᠩ ᠽᠢ ᠪᠠᠯᠭᠠᠰᠤ ᠡᠨᠡ ᠵᠢᠯ ᠤ᠋ᠨ 4 ᠰᠠᠷ᠎ᠠ ᠡᠴᠡ ᠠᠵᠢᠯ ᠣᠯᠭᠣᠬᠤ ᠪᠠᠷ ᠲᠡᠳᠬᠦᠮᠵᠢ ᠢ᠋ᠢ ᠣᠷᠣᠯᠠᠭᠤᠯᠬᠤ ᠲᠥᠷᠥᠯ ᠵᠦᠶ᠋ᠯ ᠢ᠋ ᠡᠬᠢᠯᠡᠭᠦᠯᠤᠨ᠂ ᠲᠤᠬᠠᠶ ᠢ᠋ᠢᠨ ᠭᠠᠵᠠᠷ ᠤ᠋ᠨ 75 ᠮᠠᠯᠴᠢᠨ ᠲᠠᠷᠢᠶᠠᠴᠢᠨ ᠢ᠋ ᠵᠤᠬᠢᠶᠠᠨ ᠪᠠᠢᠭᠤᠯᠤᠨ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠯᠲᠠ ᠳ᠋ᠤ ᠤᠷᠤᠯᠴᠠᠭᠤᠯᠵᠤ᠂ ᠬᠥᠳᠡᠯᠮᠦᠷᠢ ᠦᠶ᠋ᠯᠡᠴᠢᠯᠡᠭᠡᠨ ᠤ᠋ ᠬᠥᠯᠥᠰᠥ᠍ ᠣᠯᠭᠣᠮᠵᠢ ᠢ᠋ᠢ 106 ᠲᠦᠮᠡᠨ ᠲᠥᠭᠥᠷᠢᠭ ᠲᠤ᠌ ᠬᠦᠷᠭᠡᠬᠦ ᠪᠡᠷ ᠲᠦᠯᠦᠪᠯᠡᠵᠤ ᠪᠠᠢᠨ᠎ᠠ; ᠬᠦᠬᠡᠬᠤᠳᠠ ᠵᠢᠨ ᠴᠢᠩ ᠱᠦᠶ ᠾᠧ ᠱᠢᠶᠠᠨ ᠤ᠋ ᠤᠯᠢᠶᠠᠰᠤᠲᠠᠢ ᠱᠢᠶᠠᠩ ᠴᠤ᠌ ᠡᠨᠡ ᠵᠢᠯ ᠤ᠋ᠨ 4 ᠰᠠᠷ᠎ᠠ ᠡᠴᠡ ᠬᠥᠳᠡᠭᠡ ᠲᠣᠰᠭᠣᠨ ᠤ᠋ ᠵᠠᠰᠠᠮᠠᠯ ᠵᠠᠮ ᠤ᠋ᠨ ᠪᠦᠲᠦᠭᠡᠨ ᠪᠠᠢᠭᠤᠯᠤᠯᠲᠠ ᠢ᠋ᠢᠨ ᠲᠥᠷᠥᠯ ᠵᠦᠶ᠋ᠯ ᠢ᠋ ᠡᠬᠢᠯᠡᠭᠦᠯᠵᠤ᠂ 130 ᠬᠥᠮᠦᠨ ᠢ᠋ ᠤᠷᠤᠯᠴᠠᠭᠤᠯᠤᠨ᠂ ᠬᠥᠳᠡᠯᠮᠦᠷᠢ ᠦᠶ᠋ᠯᠡᠴᠢᠯᠡᠭᠡᠨ ᠤ᠋ ᠬᠥᠯᠥᠰᠥ᠍ ᠣᠯᠭᠣᠮᠵᠢ ᠢ᠋ᠢ 215.22 ᠲᠦᠮᠡᠨ ᠲᠥᠭᠥᠷᠢᠭ ᠲᠤ᠌ ᠬᠦᠷᠭᠡᠬᠦ ᠪᠡᠷ ᠲᠦᠯᠦᠪᠯᠡᠵᠤ᠂ ᠪᠠᠢᠭᠤᠯᠵᠤ ᠳᠠᠭᠤᠰᠤᠭ᠍ᠰᠠᠨ ᠤ᠋ ᠳᠠᠷᠠᠭ᠎ᠠ ᠪᠠᠰᠠ ᠵᠤᠬᠢᠬᠤ ᠬᠡᠮᠵᠢᠶᠡᠨ ᠤ᠋ ᠨᠡᠢᠲᠡ ᠢ᠋ᠢᠨ ᠠᠰᠠᠷᠠᠮᠵᠢ ᠢ᠋ᠢᠨ ᠴᠢᠨᠠᠷᠲᠠᠢ ᠬᠠᠮᠢᠶᠠᠷᠴᠤ ᠬᠠᠮᠠᠭᠠᠯᠠᠬᠤ ᠠᠵᠢᠯ ᠤ᠋ᠨ ᠪᠠᠢᠷᠢ ᠭᠠᠷᠭᠠᠬᠤ ᠪᠡᠷ ᠪᠤᠢ᠁

ᠮᠠᠨ ᠤ᠋ ᠤᠷᠤᠨ ᠠᠵᠢᠯ ᠣᠯᠭᠣᠬᠤ ᠪᠠᠷ ᠲᠡᠳᠬᠦᠮᠵᠢ ᠢ᠋ᠢ ᠣᠷᠣᠯᠠᠭᠤᠯᠬᠤ ᠢ᠋ᠢ ᠢᠳᠡᠪᠬᠢᠲᠡᠶ ᠳᠡᠯᠭᠡᠷᠡᠭᠦᠯᠵᠤ᠂ ᠣᠢᠷ᠎ᠠ ᠬᠠᠪᠢ ᠳ᠋ᠠᠭᠠᠨ ᠠᠵᠢᠯ ᠬᠢᠬᠦ ᠢ᠋ᠢ ᠠᠬᠢᠭᠤᠯᠬᠤ᠂ ᠠᠵᠢᠯ ᠤᠯᠭᠤᠯᠲᠠ ᠢ᠋ᠢ ᠲᠤᠭᠲᠠᠪᠤᠷᠢᠵᠢᠭᠤᠯᠬᠤ ᠪᠡᠷ ᠵᠤᠷᠢᠯᠲᠠ ᠪᠣᠯᠭᠠᠨ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠪᠦᠲᠦᠭᠡᠨ ᠪᠠᠢᠭᠤᠯᠤᠯᠲᠠ ᠪᠣᠯᠤᠨ ᠬᠠᠮᠢᠶᠠᠷᠴᠤ᠌ ᠬᠠᠮᠠᠭᠠᠯᠠᠬᠤ ᠬᠦᠷᠢᠶᠡᠨ ᠳ᠋ᠤ ᠨᠢᠭᠡ ᠪᠦᠯᠦᠭ ᠪᠡᠯᠡ ᠤᠷᠤᠭᠤᠯᠤᠯᠲᠠ ᠢ᠋ᠢᠨ ᠬᠡᠪᠴᠢᠶ᠎ᠡ ᠪᠡᠷ ᠪᠠᠭ᠎ᠠ᠂ ᠮᠡᠷᠭᠡᠵᠢᠯ ᠤ᠋ᠨ ᠪᠠᠷᠢᠮᠵᠢᠶ᠎ᠠ ᠪᠠᠷ ᠳᠣᠣᠷ᠎ᠠ᠂ ᠡᠮᠦᠨᠡᠬᠢ ᠬᠤᠭᠤᠴᠠᠭᠠᠨ ᠤ᠋ ᠠᠵᠢᠯ ᠨᠢ ᠳᠥᠭᠥᠮ᠂ ᠮᠡᠷᠭᠡᠵᠢᠯ ᠤ᠋ᠨ ᠴᠢᠳᠠᠪᠤᠷᠢ ᠢ᠋ᠢᠨ ᠱᠠᠭᠠᠷᠳᠠᠯᠭ᠎ᠠ ᠪᠠᠷ ᠥᠨᠳᠥᠷ ᠪᠢᠰᠢ ᠲᠥᠷᠥᠯ ᠵᠦᠢᠯ ᠪᠣᠯᠤᠨ ᠠᠵᠢᠯ ᠤ᠋ᠨ ᠭᠣᠭ᠍ᠴᠣᠭ᠎ᠠ ᠢ᠋ᠢ ᠰᠣᠩᠭᠣᠨ᠂ ᠠᠵᠢᠯ ᠣᠯᠭᠣᠬᠤ ᠪᠠᠷ ᠲᠡᠳᠬᠦᠮᠵᠢ ᠢ᠋ᠢ ᠣᠷᠣᠯᠠᠭᠤᠯᠬᠤ ᠢ᠋ᠢ ᠳᠡᠯᠭᠡᠷᠡᠭᠦᠯᠬᠦ᠌ ᠡᠷᠴᠢᠮ ᠢ᠋ ᠴᠢᠩᠭᠠᠷᠠᠭᠤᠯᠵᠤ᠂ ᠬᠡᠷᠡᠭ᠌ᠵᠢᠭᠦᠯᠬᠦ᠌ ᠬᠡᠪᠴᠢᠶ᠎ᠡ ᠪᠣᠯᠤᠨ ᠠᠱᠢᠭ ᠬᠦᠷᠲᠡᠬᠦ᠌ ᠡᠲᠡᠭᠡᠳ ᠢ᠋ ᠤᠯᠠᠮ ᠨᠢᠭᠡ ᠠᠯᠬᠤᠮ ᠥᠷᠭᠡᠳᠭᠡᠨ᠎ᠠ᠃ ᠬᠥᠯᠥᠰᠥᠨ ᠠᠵᠢᠯ ᠬᠢᠬᠦ᠌ ᠠᠮᠤᠷ ᠲᠦᠪᠱᠢᠨ ᠤ᠋ ᠪᠠᠲᠤᠯᠠᠭ᠎ᠠ ᠢ᠋ᠢ ᠴᠢᠩᠭᠠᠳᠭᠠᠨ᠂ ᠬᠠᠤᠯᠢ ᠲᠣᠭ᠍ᠲᠠᠭᠠᠯ ᠶᠣᠰᠣᠭᠠᠷ ᠪᠡᠶ᠎ᠡ ᠮᠠᠬᠠᠪᠤᠳ ᠤ᠋ᠨ ᠳᠠᠭᠠᠳᠭᠠᠯ ᠬᠤᠳᠠᠯᠳᠤᠨ ᠠᠪᠴᠤ᠌᠂ ᠮᠠᠯᠴᠢᠨ ᠲᠠᠷᠢᠶᠠᠴᠢᠳ ᠤ᠋ᠨ ᠲᠤᠬᠠᠶ ᠢ᠋ᠢᠨ ᠭᠠᠵᠠᠷ ᠣᠢᠷ᠎ᠠ ᠬᠠᠪᠢ ᠳ᠋ᠠᠭᠠᠨ ᠠᠮᠤᠷ ᠲᠦᠪᠱᠢᠨ ᠲᠣᠭ᠍ᠲᠠᠭᠤᠨ ᠢ᠋ᠢᠡᠷ ᠠᠵᠢᠯ ᠣᠯᠵᠤ ᠣᠷᠣᠯᠭ᠎ᠠ ᠪᠠᠨ ᠨᠡᠮᠡᠭ᠌ᠳᠡᠭᠦᠯᠬᠦ᠌ ᠢ᠋ᠢ ᠠᠬᠢᠭᠤᠯᠬᠤ ᠪᠤᠯᠤᠨ᠎ᠠ᠃

ᠲᠦᠩᠯᠢᠶᠣᠤ ᠬᠣᠲᠠ ᠢ᠋ᠢᠨ ᠵᠠᠷᠤᠳ ᠬᠣᠱᠢᠭᠤ ᠡᠨᠡ ᠵᠢᠯ ᠤ᠋ᠨ 3 ᠰᠠᠷ᠎ᠠ ᠳ᠋ᠤ ᠬᠦᠳᠡᠭᠡ ᠲᠣᠰᠭᠣᠨ ᠤ᠋ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠯᠲᠠ ᠢ᠋ᠢ ᠬᠡᠰᠡᠭ ᠬᠤᠪᠢᠶᠠᠨ ᠳᠠᠭᠠᠭᠠᠴᠢᠯᠠᠬᠤ ᠲᠥᠷᠥᠯ ᠵᠦᠶ᠋ᠯ ᠢ᠋ ᠡᠬᠢᠯᠡᠭᠦᠯᠵᠦ᠍᠂ 126 ᠺᠢᠯᠣᠮᠧᠲ᠋ᠷ ᠬᠦᠳᠡᠭᠡ ᠲᠣᠰᠭᠣᠨ ᠤ᠋ ᠵᠠᠰᠠᠮᠠᠯ ᠵᠠᠮ ᠢ᠋ 42 ᠬᠡᠰᠡᠭ ᠬᠤᠪᠢᠶᠠᠨ᠂ ᠵᠠᠮ ᠳᠠᠭᠠᠤ ᠢ᠋ᠢᠨ ᠶᠠᠳᠠᠭᠤ ᠡᠴᠡ ᠠᠩᠭᠢᠵᠢᠷᠠᠭ᠍ᠰᠠᠨ ᠡᠷᠦᠬᠡ ᠳ᠋ᠤ ᠨᠣᠷᠮ᠎ᠠ ᠲᠣᠭ᠍ᠲᠠᠭᠠᠨ ᠳᠠᠭᠠᠭᠠᠴᠢᠯᠠᠭᠤᠯᠤᠨ ᠠᠷᠠᠴᠢᠯᠠᠭᠤᠯᠵᠤ᠂ ᠬᠥᠮᠦᠨ ᠳᠤᠮᠳᠠᠴᠢ ᠢ᠋ᠢᠨ ᠰᠠᠷ᠎ᠠ ᠢ᠋ᠢᠨ ᠣᠷᠣᠯᠭ᠎ᠠ ᠢ᠋ᠢ 1800 ᠲᠥᠭᠥᠷᠢᠭ ᠨᠡᠮᠡᠭ᠌ᠳᠡᠭᠦᠯᠪᠠ; ᠱᠢᠯᠢ ᠢ᠋ᠢᠨ ᠭᠤᠤᠯ ᠠᠢᠮᠠᠭ ᠤ᠋ᠨ ᠱᠢᠯᠤᠭᠤᠨ ᠬᠥᠪᠡᠭᠡᠲᠦ ᠴᠠᠭᠠᠨ ᠬᠣᠱᠢᠭᠤ ᠵᠠᠰᠠᠮᠠᠯ ᠵᠠᠮ ᠤ᠋ᠨ ᠬᠠᠮᠢᠶᠠᠷᠴᠤ᠌ ᠬᠠᠮᠠᠭᠠᠯᠠᠬᠤ ᠨᠡᠢᠲᠡ ᠢ᠋ᠢᠨ ᠠᠰᠠᠷᠠᠮᠵᠢ ᠢ᠋ᠢᠨ ᠴᠢᠨᠠᠷᠲᠠᠢ ᠠᠵᠢᠯ ᠤ᠋ᠨ ᠪᠠᠢᠷᠢ ᠢ᠋ᠢ 320 ᠭᠠᠷᠭᠠᠵᠤ᠂ ᠣᠷᠣᠯᠭ᠎ᠠ ᠪᠠᠭᠠᠲᠠᠶ ᠮᠠᠯᠴᠢᠨ ᠲᠠᠷᠢᠶᠠᠴᠢᠨ ᠢ᠋ ᠤᠷᠢᠳ ᠢ᠋ᠢᠡᠷ ᠲᠥᠪᠬᠢᠨᠡᠭᠦᠯᠦᠨ᠂ ᠵᠠᠮ ᠤ᠋ᠨ ᠭᠠᠳᠠᠷᠭᠤ ᠢ᠋ᠢ ᠴᠡᠪᠡᠷᠯᠡᠬᠦ᠌᠂ ᠭᠤᠤ ᠰᠤᠪᠠᠭ ᠢ᠋ ᠴᠡᠪᠡᠷᠯᠡᠬᠦ᠌ ᠵᠡᠷᠭᠡ ᠠᠵᠢᠯ ᠳ᠋ᠤ ᠤᠷᠤᠯᠴᠠᠭᠤᠯᠵᠤ᠂ ᠬᠥᠮᠦᠨ ᠳᠤᠮᠳᠠᠴᠢ ᠢ᠋ᠢᠨ ᠵᠢᠯ ᠤ᠋ᠨ ᠣᠷᠣᠯᠭ᠎ᠠ ᠢ᠋ᠢ 1.5 ᠲᠦᠮᠡᠨ ᠲᠥᠭᠥᠷᠢᠭ ᠨᠡᠮᠡᠭᠳᠡᠬᠦᠯᠵᠤ ᠪᠠᠢᠨ᠎ᠠ ᠁

ᠤᠢᠯᠠᠭᠠᠭᠰᠠᠨ ᠢ᠋ᠢᠡᠷ᠂ ᠮᠠᠨ ᠤ᠋ ᠤᠷᠤᠨ ᠠᠵᠢᠯ ᠣᠯᠭᠣᠵᠤ ᠣᠷᠣᠯᠭ᠎ᠠ ᠢ᠋ᠢ ᠨᠡᠮᠡᠭ᠌ᠳᠡᠭᠦᠯᠬᠦ᠌ ᠠᠷᠭ᠎ᠠ ᠵᠠᠮ ᠢ᠋ ᠥᠷᠭᠡᠳᠬᠡᠨ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠬᠠᠮᠢᠶᠠᠷᠴᠤ᠌ ᠬᠠᠮᠠᠭᠠᠯᠠᠬᠤ ᠬᠦᠷᠢᠶᠠᠨ ᠳ᠋ᠤ ᠨᠡᠢᠲᠡ ᠢ᠋ᠢᠨ ᠠᠰᠠᠷᠠᠮᠵᠢ ᠢ᠋ᠢᠨ ᠴᠢᠨᠠᠷᠲᠠᠶ ᠠᠵᠢᠯ ᠤ᠋ᠨ ᠪᠠᠢᠷᠢ ᠭᠠᠷᠭᠠᠬᠤ ᠢ᠋ᠢ ᠳᠡᠮᠵᠢᠵᠦ᠍᠂ ᠶᠠᠳᠠᠭᠤ ᠡᠴᠡ ᠠᠩᠭᠢᠵᠢᠷᠠᠭ᠍ᠰᠠᠨ ᠬᠥᠮᠦᠨ ᠠᠮᠠ ᠵᠡᠷᠭᠡ ᠬᠥᠳᠡᠭᠡ ᠲᠣᠰᠭᠣᠨ ᠤ᠋ ᠣᠷᠣᠯᠭ᠎ᠠ ᠪᠠᠭᠠᠲᠠᠶ ᠬᠥᠮᠦᠨ ᠠᠮᠠ ᠢ᠋ᠢ ᠤᠷᠢᠳ ᠵᠢᠡᠷ ᠲᠥᠪᠬᠢᠨᠡᠭᠦᠯᠦᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠪᠥᠲᠥᠭᠡᠨ ᠪᠠᠢᠭᠤᠯᠤᠯᠲᠠ ᠵᠢᠴᠢ ᠪᠠᠢᠭᠤᠯᠵᠤ ᠳᠠᠭᠤᠰᠤᠭ᠍ᠰᠠᠨ ᠤ᠋ ᠳᠠᠷᠠᠭᠠᠬᠢ ᠰᠡᠯᠪᠢᠨ ᠵᠠᠰᠠᠵᠤ ᠠᠷᠠᠴᠢᠯᠠᠨ ᠬᠠᠮᠠᠭᠠᠯᠠᠬᠤ ᠠᠵᠢᠯ ᠳ᠋ᠤ ᠣᠷᠣᠯᠴᠠᠭᠤᠯᠵᠤ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠬᠠᠮᠢᠶᠠᠷᠴᠤ᠌ ᠬᠠᠮᠠᠭᠠᠯᠠᠬᠤ ᠬᠦᠷᠢᠶ᠎ᠡ ᠴᠠᠷᠠᠭ᠎ᠠ ᠳ᠋ᠤ ᠠᠵᠢᠯ ᠣᠯᠭᠣᠬᠤ ᠠᠵᠢᠯ ᠤ᠋ᠨ ᠪᠠᠢᠷᠢ ᠢ᠋ᠢ 2 ᠲᠦᠮᠡ ᠳ᠋ᠤ ᠲᠣᠭ᠍ᠲᠠᠪᠤᠷᠢᠵᠢᠭᠤᠯᠤᠨ᠎ᠠ᠃ ᠭᠠᠴᠠᠭ᠎ᠠ ᠲᠣᠰᠭᠣᠨ ᠤ᠋ ᠵᠠᠰᠠᠮᠠᠯ ᠵᠠᠮ ᠪᠤᠯᠤᠨ ᠠᠢᠯ ᠲᠣᠰᠭᠣᠨ(ᠳᠤᠭᠤᠢᠯᠠᠩ)ᠳ᠋ᠤ ᠨᠡᠪᠲᠡᠷᠡᠬᠦ᠌ ᠵᠠᠰᠠᠮᠠᠯ ᠵᠠᠮ ᠤ᠋ᠨ ᠡᠳᠦᠷ ᠲᠤᠲᠤᠮ ᠤ᠋ᠨ ᠠᠷᠠᠴᠢᠯᠠᠨ ᠬᠠᠮᠠᠭᠠᠯᠠᠯᠲᠠ ᠢ᠋ᠢ ᠬᠡᠰᠡᠭ ᠬᠤᠪᠢᠶᠠᠨ ᠳᠠᠭᠠᠭᠠᠴᠢᠯᠠᠭᠤᠯᠬᠤ᠂ ᠨᠣᠷᠮ᠎ᠠ ᠲᠣᠭ᠍ᠲᠠᠭᠠᠨ ᠳᠠᠭᠠᠭᠠᠴᠢᠯᠠᠭᠤᠯᠬᠤ ᠵᠡᠷᠭᠡ ᠠᠷᠭ᠎ᠠ ᠬᠡᠯᠪᠡᠷᠢ ᠪᠡᠷ ᠲᠠᠮᠵᠢᠨ ᠵᠠᠰᠠᠮᠠᠯ ᠵᠠᠮ ᠳᠠᠭᠠᠤ ᠢ᠋ᠢᠨ ᠮᠠᠯᠴᠢᠨ ᠲᠠᠷᠢᠶᠠᠴᠢᠨ ᠳ᠋ᠤ ᠳᠠᠭᠠᠭᠠᠴᠢᠯᠠᠭᠤᠯᠤᠨ ᠠᠷᠠᠴᠢᠯᠠᠵᠤ ᠬᠠᠮᠠᠭᠠᠯᠠᠬᠤ ᠢ᠋ᠢ ᠵᠣᠷᠢᠭ᠍ᠵᠢᠭᠤᠯᠤᠨ᠎ᠠ᠃ ᠬᠦᠯᠦᠰᠤᠨ ᠮᠠᠯᠴᠢᠨ ᠲᠠᠷᠢᠶᠠᠴᠢᠨ ᠤ᠋ ᠬᠠᠤᠯᠢ ᠶᠣᠰᠣᠨ ᠤ᠋ ᠡᠷᠬᠡ ᠠᠱᠢᠭ ᠢ᠋ ᠦᠨᠡᠨ ᠬᠦ᠌ ᠪᠠᠲᠤᠯᠠᠵᠤ᠂ ᠮᠡᠷᠭᠡᠵᠢᠯ ᠪᠣᠯᠤᠨ ᠠᠶᠤᠯᠭᠦᠢ ᠢ᠋ᠢᠨ ᠪᠣᠯᠪᠠᠰᠤᠷᠠᠯ ᠢ᠋ ᠴᠢᠩᠭᠠᠳᠭᠠᠨ᠂ ᠴᠠᠯᠢᠩ ᠬᠦᠯᠦᠰᠤ ᠪᠠ ᠬᠥᠳᠡᠯᠮᠦᠷᠢ ᠵᠢᠨ ᠬᠠᠷᠠᠮᠵᠢ ᠢ᠋ᠢ ᠴᠠᠭ ᠲᠤᠬᠠᠶ ᠳ᠋ᠤᠨᠢ ᠭᠦᠢᠴᠡᠳ ᠲᠣᠭ᠎ᠠ ᠪᠠᠷ ᠣᠯᠭᠣᠬᠤ ᠪᠤᠯᠤᠨ᠎ᠠ᠃

ᠣᠷᠳᠣᠰ ᠬᠤᠲᠠ ᠢ᠋ᠢᠨ ᠦᠦᠱᠢᠨ ᠬᠣᠱᠢᠭᠤ ᠡᠨᠡ ᠵᠢᠯ 61 ᠭᠠᠴᠠᠭ᠎ᠠ ᠲᠣᠰᠭᠣᠨ ᠤ᠋ ᠠᠷᠠᠳ ᠢ᠋ ᠵᠤᠬᠢᠶᠠᠨ ᠪᠠᠢᠭᠤᠯᠤᠨ ᠬᠦᠳᠡᠭᠡ ᠲᠣᠰᠭᠣᠨ ᠤ᠋ ᠵᠠᠰᠠᠮᠠᠯ ᠵᠠᠮ ᠢ᠋ ᠲᠣᠭᠣᠷᠢᠨ ᠪᠠᠢᠴᠠᠭᠠᠵᠤ ᠴᠡᠪᠡᠷᠯᠡᠨ᠂ ᠮᠣᠩᠭᠣᠯ ᠬᠢᠲᠠᠳ ᠬᠤᠤᠰ ᠬᠡᠯᠡᠨ ᠤ᠋ ᠤᠬᠠᠭᠤᠯᠭ᠎ᠠ ᠪᠤᠯᠤᠨ ᠵᠠᠮ ᠤ᠋ᠨ ᠳᠠᠷᠤᠭ᠎ᠠ ᠢ᠋ᠢᠨ ᠲᠦᠷᠢᠮ ᠤ᠋ᠨ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ ᠥᠷᠨᠢᠭᠦᠯᠵᠦ᠍᠂ 2000 ᠭᠠᠷᠤᠶ ᠬᠤᠪᠢ ᠤᠬᠠᠭᠤᠯᠭ᠎ᠠ ᠢ᠋ᠢᠨ ᠬᠠᠭᠤᠳᠠᠰᠤ ᠲᠠᠷᠬᠠᠭᠠᠵᠠᠢ;ᠬᠢᠩᠭᠠᠨ ᠠᠢᠮᠠᠭ ᠤ᠋ᠨ ᠵᠠᠯᠠᠢᠳ ᠬᠣᠱᠢᠭᠤ ᠬᠦᠳᠡᠭᠡ ᠲᠣᠰᠭᠣᠨ ᠤ᠋ ᠵᠠᠰᠠᠮᠠᠯ ᠵᠠᠮ ᠤ᠋ᠨ 《ᠡᠭᠦᠳᠡᠨ ᠡᠮᠦᠨᠡᠬᠢ ᠭᠤᠷᠪᠠ ᠢ᠋ᠢ ᠳᠠᠭᠠᠭᠠᠴᠢᠯᠠᠬᠤ》 ᠠᠷᠭ᠎ᠠ ᠢ᠋ᠢ ᠬᠡᠷᠡᠭ᠌ᠵᠢᠭᠦᠯᠵᠦ᠍᠂ ᠭᠠᠴᠠᠭ᠎ᠠ ᠲᠤᠰᠬᠤᠨ ᠤ᠋ ᠠᠷᠠᠳ ᠢ᠋ ᠵᠠᠰᠠᠮᠠᠯ ᠵᠠᠮ ᠢ᠋ ᠴᠡᠪᠡᠷᠯᠡᠬᠦ᠌᠂ ᠭᠤᠤ ᠰᠤᠪᠠᠭ ᠢ᠋ ᠴᠡᠪᠡᠷᠯᠡᠬᠦ᠌᠂ ᠵᠠᠮ ᠡᠵᠡᠯᠡᠬᠦ᠌ ᠠᠵᠢᠯᠯᠠᠭ᠎ᠠ ᠢ᠋ᠢ ᠬᠣᠷᠢᠭ᠍ᠯᠠᠨ ᠵᠣᠭ᠍ᠰᠣᠭᠠᠬᠤ ᠵᠡᠷᠭᠡ ᠠᠵᠢᠯ ᠳ᠋ᠤ ᠤᠷᠤᠯᠴᠠᠭᠤᠯᠵᠤ᠂ ᠨᠢᠬᠡᠨᠳᠡ 120 ᠬᠥᠮᠦᠨ ᠵᠢᠡᠷ ᠪᠦᠷᠢᠯᠳᠦᠭᠰᠡᠨ ᠵᠠᠰᠠᠮᠠᠯ ᠵᠠᠮ ᠢ᠋ ᠬᠠᠮᠠᠭᠠᠯᠠᠬᠤ ᠰᠠᠢᠨ ᠳᠤᠷ᠎ᠠ ᠢ᠋ᠢᠨ ᠠᠩᠭᠢ ᠢ᠋ᠢ ᠪᠠᠢᠭᠤᠯᠪᠠ᠁

ᠣᠯᠠᠨ ᠲᠦᠮᠡᠨ ᠤ᠋ ᠣᠷᠣᠯᠴᠠᠬᠤ ᠤᠬᠠᠮᠰᠠᠷ ᠢ᠋ ᠬᠥᠭ᠌ᠵᠢᠭᠡᠬᠦ ᠪᠤᠯ ᠠᠵᠢᠯ ᠤᠯᠭᠤᠵᠤ ᠤᠷᠤᠯᠭ᠎ᠠ ᠢ᠋ᠢ ᠨᠡᠮᠡᠭᠳᠡᠭᠦᠯᠬᠦ ᠵᠢ ᠲᠡᠰ ᠲᠡᠪᠰᠢᠬᠦᠯᠬᠦ ᠠᠵᠢᠯᠯᠠᠭ᠎ᠠ ᠢ᠋ᠢᠨ ᠭᠤᠤᠯᠳᠠᠯᠭ᠎ᠠ ᠪᠤᠯᠤᠨ᠎ᠠ᠃ ᠮᠠᠨ ᠤ᠋ ᠤᠷᠤᠨ ᠠᠵᠢᠯ ᠤᠯᠭᠤᠵᠤ ᠤᠷᠤᠯᠭ᠎ᠠ ᠢ᠋ᠢ ᠨᠡᠮᠡᠭᠳᠡᠭᠦᠯᠬᠦ ᠵᠢ ᠲᠡᠰ ᠲᠡᠪᠰᠢᠬᠦᠯᠬᠦ ᠠᠵᠢᠯᠯᠠᠭ᠎ᠠ ᠪᠡᠷ ᠳᠠᠮᠵᠢᠨ ᠪᠠᠶᠠᠯᠢᠭ ᠰᠠᠢᠬᠠᠨ ᠠᠷᠭ᠎ᠠ ᠬᠡᠯᠪᠡᠷᠢ ᠪᠡᠷ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠬᠠᠮᠢᠶᠠᠷᠤᠯᠲᠠ ᠪᠠ ᠠᠷᠠᠴᠢᠯᠠᠨ ᠬᠠᠮᠠᠭᠠᠯᠠᠬᠤ ᠤᠬᠠᠭᠤᠯᠭ᠎ᠠ ᠢ᠋ᠢ ᠴᠢᠩᠭᠠᠳᠭᠠᠵᠤ᠂ ᠥᠷᠭᠡᠨ ᠣᠯᠠᠨ ᠲᠦᠮᠡᠨ ᠳ᠋ᠤ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠪᠣᠯ ᠠᠷᠠᠳ ᠣᠯᠠᠨ ᠤ᠋ ᠭᠡᠷ ᠪᠦᠯᠢ ᠢ᠋ᠢᠨ ᠪᠠᠶᠠᠵᠢᠯ ᠤ᠋ᠨ ᠵᠠᠮ᠂ ᠵᠣᠯ ᠵᠢᠷᠭᠠᠯ ᠤ᠋ᠨ ᠵᠠᠮ᠂ ᠰᠡᠳᠭᠢᠯ ᠤ᠋ᠨ ᠬᠣᠯᠪᠣᠭᠠᠨ ᠤ᠋ ᠵᠠᠮ᠂ ᠬᠥᠭ᠌ᠵᠢᠯ ᠮᠠᠨᠳᠤᠯ ᠤ᠋ᠨ ᠵᠠᠮ ᠪᠣᠯᠬᠤ ᠢ᠋ᠢ ᠭᠦᠢᠴᠡᠳ ᠲᠠᠨᠢᠭᠤᠯᠵᠤ᠂ ᠵᠠᠰᠠᠮᠠᠯ ᠵᠠᠮ ᠢ᠋ ᠬᠠᠮᠢᠶᠠᠷᠬᠤ ᠬᠠᠮᠠᠭᠠᠯᠠᠬᠤ ᠬᠠᠢᠷᠠᠯᠠᠬᠤ ᠤᠬᠠᠮᠰᠠᠷ ᠢ᠋ ᠦᠨᠡᠨ ᠬᠦ᠌ ᠳᠡᠭᠡᠭ᠌ᠰᠢᠯᠡᠭᠦᠯᠦᠨ᠎ᠡ᠃ ᠭᠠᠴᠠᠭ᠎ᠠ ᠲᠣᠰᠭᠣᠨ ᠤ᠋ ᠱᠠᠲᠤᠨ ᠤ᠋ ᠵᠣᠬᠢᠶᠠᠨ ᠪᠠᠢᠭᠤᠯᠤᠯᠲᠠ᠂ ᠭᠠᠴᠠᠭ᠎ᠠ ᠲᠣᠰᠭᠣᠨ ᠳ᠋ᠤ ᠰᠠᠭᠤᠭ᠎ᠠ ᠺᠠᠳ᠋ᠷ ᠤ᠋ᠨ ᠦᠢᠯᠡᠳᠦᠯ ᠢ᠋ ᠰᠠᠢᠲᠤᠷ ᠪᠠᠳᠠᠷᠠᠭᠤᠯᠵᠤ᠂ ᠭᠠᠴᠠᠭ᠎ᠠ ᠲᠣᠰᠭᠣᠨ ᠤ᠋ ᠠᠷᠠᠳ ᠢ᠋ ᠵᠣᠬᠢᠶᠠᠨ ᠪᠠᠢᠭᠤᠯᠤᠨ ᠳᠠᠢᠴᠢᠯᠠᠵᠤ ᠪᠠᠢᠭᠠᠳ ᠭᠠᠴᠠᠭ᠎ᠠ ᠲᠣᠰᠭᠣᠨ ᠤ᠋ ᠵᠠᠰᠠᠮᠠᠯ ᠵᠠᠮ ᠤ᠋ᠨ ᠬᠠᠮᠢᠶᠠᠷᠤᠯᠲᠠ ᠪᠠ ᠠᠷᠠᠴᠢᠯᠠᠨ ᠬᠠᠮᠠᠭᠠᠯᠠᠯᠲᠠ ᠳ᠋ᠤ ᠢᠳᠡᠪᠬᠢᠲᠡᠶ ᠣᠷᠣᠯᠴᠠᠭᠤᠯᠵᠤ᠂ ᠭᠠᠴᠠᠭ᠎ᠠ ᠲᠣᠰᠭᠣᠨ ᠤ᠋ ᠠᠷᠠᠳ ᠤ᠋ᠨ 《ᠡᠭᠦᠳᠡᠨ ᠡᠮᠦᠨᠡᠬᠢ ᠭᠤᠷᠪᠠ ᠢ᠋ᠢ ᠳᠠᠭᠠᠭᠠᠴᠢᠯᠠᠬᠤ》 ᠵᠡᠷᠭᠡ ᠠᠷᠭ᠎ᠠ ᠢ᠋ᠢ ᠰᠦᠪᠡᠭ᠌ᠴᠢᠯᠡᠨ ᠬᠡᠷᠡᠭ᠌ᠵᠢᠭᠦᠯᠵᠦ᠍᠂ ᠭᠠᠴᠠᠭ᠎ᠠ ᠲᠣᠰᠭᠣᠨ ᠤ᠋ ᠠᠷᠠᠳ ᠢ᠋ ᠬᠥᠲᠥᠯᠥᠨ ᠵᠢᠯᠣᠭᠣᠳᠴᠤ᠌ ᠪᠠᠢᠭᠠᠳ ᠦᠪᠡᠷ ᠢ᠋ ᠪᠡᠨ ᠱᠠᠭᠠᠷᠳᠠᠬᠤ ᠤᠬᠠᠮᠰᠠᠷ ᠪᠠ ᠬᠠᠷᠢᠭᠤᠴᠠᠯᠭ᠎ᠠ ᠢ᠋ᠢᠨ ᠤᠬᠠᠮᠰᠠᠷ ᠢ᠋ ᠨᠢ ᠴᠢᠩᠭᠠᠳᠭᠠᠨ᠂ ᠵᠠᠰᠠᠮᠠᠯ ᠵᠠᠮ ᠢ᠋ ᠡᠵᠡᠯᠡᠬᠦ ᠪᠠ ᠡᠪᠳᠡᠬᠦ᠌ ᠵᠡᠷᠭᠡ ᠬᠠᠤᠯᠢ ᠲᠣᠭ᠍ᠲᠠᠭᠠᠯ ᠡᠴᠡ ᠵᠥᠷᠢᠴᠡᠭ᠌ᠰᠡᠨ ᠦᠢᠯᠡ ᠠᠵᠢᠯᠯᠠᠭ᠎ᠠ ᠢ᠋ᠢ ᠲᠠᠰᠤ ᠵᠤᠭᠰᠤᠭᠠᠬᠤ ᠪᠡᠷ ᠪᠤᠢ᠃

《ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠠᠵᠢᠯ ᠤᠯᠭᠤᠵᠤ ᠤᠷᠤᠯᠭ᠎ᠠ ᠢ᠋ᠢ ᠨᠡᠮᠡᠭᠳᠡᠭᠦᠯᠬᠦ ᠵᠢ ᠲᠡᠰ ᠲᠡᠪᠰᠢᠬᠦᠯᠬᠦ ᠠᠵᠢᠯᠯᠠᠭ᠎ᠠ ᠢ᠋ᠢ ᠬᠦᠴᠦᠲᠡᠶ ᠠᠬᠢᠭᠤᠯᠵᠤ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠪᠥᠲᠥᠭᠡᠨ ᠪᠠᠢᠭᠤᠯᠤᠯᠲᠠ ᠪᠤᠯᠤᠨ ᠬᠠᠮᠢᠶᠠᠷᠤᠯᠲᠠ ᠬᠠᠮᠠᠭᠠᠯᠠᠯᠲᠠ ᠳ᠋ᠤ ᠠᠩᠬᠠᠷᠤᠯ ᠢ᠋ᠢᠡᠨ ᠲᠥᠪᠯᠡᠷᠡᠭᠦᠯᠤᠨ᠂  ᠮᠠᠯᠴᠢᠨ ᠲᠠᠷᠢᠶᠠᠴᠢᠨ ᠤ᠋ ᠣᠢᠷ᠎ᠠ ᠬᠠᠪᠢ ᠳ᠋ᠠᠭᠠᠨ ᠠᠵᠢᠯ ᠬᠢᠬᠦ᠌ ᠠᠮᠤᠷ ᠲᠦᠪᠱᠢᠨ ᠤ᠋ ᠪᠠᠲᠤᠯᠠᠭ᠎ᠠ ᠢ᠋ᠢᠨ ᠠᠷᠭ᠎ᠠ ᠬᠡᠮᠵᠢᠶ᠎ᠡ ᠢ᠋ᠢ ᠴᠢᠩᠭ᠎ᠠ ᠨᠠᠢᠳᠠᠪᠤᠷᠢᠵᠢᠭᠤᠯᠵᠤ᠂ ᠴᠠᠯᠢᠩ ᠬᠥᠯᠥᠰᠥ ᠢ᠋ᠢ ᠭᠦᠢᠴᠡᠳ ᠣᠯᠭᠣᠨ᠂ ᠬᠠᠤᠯᠢ ᠶᠣᠰᠣᠨ ᠤ᠋ ᠡᠷᠬᠡ ᠠᠱᠢᠭ ᠢ᠋ ᠨᠢ ᠪᠠᠲᠤᠯᠠᠵᠤ᠂ ᠣᠯᠠᠨ ᠲᠦᠮᠡᠨ ᠤ᠋ ᠵᠠᠰᠠᠮᠠᠯ ᠵᠠᠮ ᠢ᠋ ᠬᠠᠢᠷᠠᠯᠠᠬᠤ᠂ ᠵᠠᠰᠠᠮᠠᠯ ᠵᠠᠮ ᠢ᠋ ᠬᠠᠮᠠᠭᠠᠯᠠᠬᠤ᠂ ᠵᠠᠰᠠᠮᠠᠯ ᠵᠠᠮ ᠢ᠋ ᠬᠠᠮᠢᠶᠠᠷᠬᠤ ᠢᠳᠡᠪᠬᠢᠵᠢᠯ ᠢ᠋ ᠭᠦᠶ᠋ᠴᠡᠳ ᠳᠠᠢᠴᠢᠯᠠᠵᠤ ᠪᠠᠢᠨ᠎ᠠ》ᠭᠡᠵᠤ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠡᠭᠬᠢᠮ ᠤ᠋ᠨ ᠬᠠᠮᠢᠶ᠎ᠠ ᠪᠦᠬᠦᠢ ᠬᠠᠷᠢᠭᠤᠴᠠᠯᠭᠠᠲᠠᠨ ᠶᠠᠷᠢᠯ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号