ᠬᠠᠢᠨᠠᠨ ᠲᠣᠭᠣᠷᠢᠭ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠎ᠦᠨ ᠰᠤᠷᠤᠯᠴᠠᠯᠭ᠎ᠠ ᠵᠢ ᠰᠤᠷᠭᠠᠭᠤᠯᠢ ᠨᠡᠢᠭᠡᠮ ᠲᠣᠭᠣᠷᠢᠭ ᠬᠡᠷ ᠪᠦᠯᠢ ᠎ᠳᠤ ᠵᠡᠷᠭᠡ ᠪᠡᠷ ᠶᠠᠪᠤᠭᠳᠠᠭᠤᠯᠵᠤ ᠪᠠᠢᠨ᠎ᠠ
2026-04-11 11:32:19
ᠵᠣᠬᠢᠶᠠᠭ᠍ᠴᠢ᠄
ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠵᠢᠯ᠎ᠡᠴᠡ᠂ ᠦᠬᠠᠢ ᠬᠤᠳᠠ᠎ᠶ᠋ᠢᠨ ᠬᠠᠢᠨᠠᠨ ᠲᠣᠭᠣᠷᠢᠭ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ ᠎ᠢ ᠪᠠᠲᠤ ᠴᠣᠭ᠍ᠴᠠᠯᠠᠬᠤ ᠭᠣᠣᠯ ᠱᠢᠵᠢᠮ᠎ᠦᠨ ᠲᠣᠭᠣᠷᠢᠨ᠎ᠳᠤ  ᠤᠯᠠᠨ ᠠᠷᠭ᠎ᠠ ᠬᠡᠮᠵᠢᠢ᠎ᠡ᠎ᠶ᠋ᠢ ᠵᠡᠷᠭᠡ᠎ᠪᠡᠷ ᠬᠡᠷᠡᠭ᠌ᠯᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠳᠡᠯᠭᠡᠷᠡᠭᠦᠯᠦᠨ ᠲᠦᠭᠡᠮᠡᠯᠵᠢᠭᠦᠯᠬᠦ᠌᠎ᠶ᠋ᠢ ᠯᠠᠪᠳᠠᠭᠤᠨ ᠪᠠᠲᠤᠲᠠᠢ ᠠᠬᠢᠭᠤᠯᠵᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠦᠨ ᠰᠤᠷᠤᠯᠴᠠᠯᠭ᠎ᠠ᠎ᠶ᠋ᠢ ᠰᠤᠷᠭᠠᠭᠤᠯᠢ᠎ᠠᠴᠠ ᠨᠡᠢᠭᠡᠮ ᠲᠣᠭᠣᠷᠢᠭ᠎ᠲᠤ ᠬᠦᠷᠲᠡᠯ᠎ᠡ ᠤᠷᠲᠤᠳᠭᠠᠬᠤ᠂ ᠭᠡᠷ ᠪᠦᠯᠢ᠎ᠳᠦ ᠬᠦᠷᠲᠡᠯ᠎ᠡ ᠪᠦᠷᠬᠦᠭᠦᠯᠬᠦ᠌᠎ᠶ᠋ᠢ ᠠᠬᠢᠭᠤᠯᠵᠤ᠂ 《ᠨᠡᠢᠲᠡᠯᠢᠭ ᠬᠡᠯᠡ᠎ᠪᠡᠷ ᠶᠠᠷᠢᠵᠤ᠂ ᠳᠦᠷᠢᠮᠵᠢᠭ᠌ᠰᠡᠨ ᠦᠰᠦᠭ ᠪᠢᠴᠢᠬᠦ᠌》 ᠵᠢ ᠦᠨᠳᠦᠰᠦᠲᠡᠨ᠎ᠨᠦᠭᠦᠳ ᠎ᠦᠨ ᠤᠯᠠᠨ ᠲᠦᠮᠡᠨ᠎ᠦ ᠤᠬᠠᠮᠰᠠᠷᠲᠤ ᠠᠵᠢᠯᠯᠠᠭ᠎ᠠ ᠪᠣᠯᠭᠠᠪᠠ᠃

ᠬᠠᠢᠨᠠᠨ ᠲᠣᠭᠣᠷᠢᠭ᠎ᠤᠨ ᠳᠥᠷᠪᠡᠳᠦᠭᠡᠷ ᠪᠠᠭ᠎ᠠ ᠰᠤᠷᠭᠠᠭᠤᠯᠢ ᠎ᠶ᠋ᠢᠨ ᠤᠷᠠᠨ ᠪᠢᠴᠢᠯᠭᠡ᠎ᠶ᠋ᠢᠨ ᠬᠢᠴᠢᠶᠡᠯ ᠳᠡᠭᠡᠷ᠎ᠡ ᠤᠷᠠᠨ ᠪᠢᠴᠢᠯᠭᠡ᠎ᠶ᠋ᠢᠨ ᠪᠠᠭ᠍ᠰᠢ  ᠪᠢᠷ ᠠᠳᠬᠤᠬᠤ ᠡᠴᠡ ᠪᠢᠴᠢᠯᠭᠡ ᠵᠢᠷᠤᠯᠭ᠎ᠠ ᠬᠦᠷᠲᠡᠯ᠎ᠡ᠂ ᠨᠢᠭᠡ ᠦᠰᠦᠭ ᠨᠢᠭᠡ ᠥᠭᠦᠯᠡᠪᠦᠷᠢ᠎ᠪᠡᠷ ᠭᠦᠨᠵᠡᠭᠡᠢ ᠪᠥᠭᠡᠳ ᠣᠢᠯᠠᠭᠠᠮᠵᠢᠲᠠᠢ ᠵᠢᠭᠠᠵᠤ ᠦᠭᠴᠤ ᠪᠠᠢᠯ᠎ᠠ᠃ ᠰᠤᠷᠤᠭ᠍ᠴᠢᠳ ᠪᠢᠴᠢᠭ᠎ᠦᠨ ᠱᠢᠷᠡᠭᠡᠨ᠎ᠦ ᠡᠮᠦᠨ᠎ᠡ ᠲᠦᠪ ᠰᠠᠭᠤᠵᠤ᠂ ᠰᠡᠳᠭᠢᠯ ᠲᠠᠯᠪᠢᠨ ᠠᠨᠭᠬᠠᠷᠤᠨ ᠰᠤᠨᠤᠰᠤᠨ᠎ᠠ᠃ ᠤᠷᠠᠨ ᠪᠢᠴᠢᠯᠭᠡ᠎ᠶ᠋ᠢᠨ ᠭᠣᠭ᠍ᠴᠣᠭ᠎ᠠ᠎ᠳᠤ᠂ ᠣᠯᠠᠨ᠎ᠢᠶᠠᠷ᠎ᠢᠶᠠᠨ ᠦᠰᠦᠨ ᠪᠢᠷ ᠪᠠᠷᠢᠵᠤ᠂ ᠪᠡᠬᠡ ᠳ᠋ᠤ ᠳᠦᠷᠦᠵᠦ᠍᠂ ᠨᠢᠭᠡ ᠠᠴᠤᠭ ᠨᠢᠭᠡ ᠰᠢᠯᠪᠢ ᠪᠡᠷ ᠴᠡᠪᠡᠷ ᠲᠡᠭᠰᠢᠭᠡᠨ ᠰᠠᠢᠬᠠᠨ ᠪᠢᠴᠢᠯ᠎ᠠ᠃

ᠡᠳᠦᠭᠡ ᠡᠨᠡ ᠰᠤᠷᠭᠠᠭᠤᠯᠢ᠎ᠳᠤ  ᠤᠷᠠᠨ ᠪᠢᠴᠢᠯᠭᠡ᠎ᠶ᠋ᠢᠨ ᠵᠢᠭᠠᠨ ᠰᠤᠷᠭᠠᠯᠲᠠ ᠨᠢ ᠰᠤᠷᠤᠭ᠍ᠴᠢᠳ᠎ᠤᠨ ᠰᠠᠢ᠌ᠨ ᠰᠠᠢᠬᠠᠨ ᠦᠰᠦᠭ ᠪᠢᠴᠢᠬᠦ᠌ ᠳᠠᠳᠭᠠᠯ᠎ᠢ ᠬᠥᠮᠦᠵᠢᠭᠦᠯᠬᠦ᠌᠂ ᠰᠤᠷᠤᠭ᠍ᠴᠢᠳ᠎ᠤᠨ ᠰᠣᠶᠣᠯ ᠎ᠤᠨ ᠬᠡᠪ ᠪᠣᠯᠪᠠᠰᠤᠷᠠᠯ᠎ᠢ ᠳᠡᠭᠡᠭ᠌ᠰᠢᠯᠡᠭᠦᠯᠬᠦ᠌ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ᠎ᠢᠶᠠᠷ ᠪᠠᠷᠠᠬᠤ ᠦᠭᠡᠢ ᠪᠠᠰᠠ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠎ᠢ ᠳᠡᠯᠭᠡᠷᠡᠭᠦᠯᠦᠨ ᠲᠦᠭᠡᠮᠡᠯᠵᠢᠭᠦᠯᠬᠦ᠌ ᠵᠠᠩᠭᠢᠯᠠᠭ᠎ᠠ᠎ᠶ᠋ᠢᠨ ᠭᠣᠭ᠍ᠴᠣᠭ᠎ᠠ ᠪᠣᠯᠪᠠ᠃

ᠬᠠᠢᠨᠠᠨ ᠲᠣᠭᠣᠷᠢᠭ ᠰᠤᠷᠭᠠᠭᠤᠯᠢ᠎ᠶ᠋ᠢᠨ ᠬᠦᠷᠢᠶ᠎ᠡ ᠎ᠶ᠋ᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠎ᠢ  ᠳᠡᠯᠭᠡᠷᠡᠭᠦᠯᠦᠨ ᠲᠦᠭᠡᠮᠡᠯᠵᠢᠭᠦᠯᠬᠦ᠌ ᠭᠣᠣᠯ ᠵᠢᠭ᠍ᠰᠠᠭᠠᠯ᠎ᠤᠨ ᠭᠠᠵᠠᠷ ᠪᠣᠯᠭᠠᠬᠤ᠎ᠶ᠋ᠢ ᠪᠠᠷᠢᠮᠲᠠᠯᠠᠵᠤ᠂ ᠰᠤᠷᠭᠠᠨ ᠬᠥᠮᠦᠵᠢᠯ ᠵᠢᠭᠠᠨ ᠰᠤᠷᠭᠠᠯᠲᠠ ᠎ᠶ᠋ᠢ ᠪᠦᠬᠦ᠌ ᠲᠠᠯ᠎ᠠ᠎ᠪᠠᠷ ᠴᠢᠩᠭᠠᠳᠭᠠᠪᠠ᠃ ᠲᠦᠬᠡᠮᠡᠯᠵᠢᠬᠦᠯᠦᠨ ᠲᠡᠯᠭᠡᠷᠡᠬᠦᠯᠬᠦ ᠭᠠᠷᠠᠭ᠂ ᠤᠯᠤᠰ᠎ᠤᠨ ᠲᠤᠭ᠎ᠤᠨ ᠳᠣᠣᠷᠠᠬᠢ ᠰᠤᠷᠭᠠᠨ ᠬᠥᠮᠦᠵᠢᠯ ᠵᠡᠷᠭᠡ ᠠᠴᠢᠶᠠᠯᠠᠪᠤᠷᠢ᠎ᠳᠤ ᠲᠦᠱᠢᠭ᠌ᠯᠡᠨ᠂ ᠡᠯ᠎ᠡ ᠰᠤᠷᠭᠠᠭᠤᠯᠢ ᠵᠢᠨ ᠬᠢᠨ ᠨᠤᠮ ᠤᠩᠱᠢᠯᠭ᠎ᠠ᠂ ᠤᠷᠠᠨ ᠤᠩᠱᠢᠯᠭ᠎ᠠ᠂ ᠶᠠᠷᠢᠶ᠎ᠠ ᠢᠯᠡᠳᠭᠡᠯ ᠂ ᠬᠢᠲᠠᠳ ᠦᠰᠦᠭ ᠪᠢᠴᠢᠬᠦ᠌ ᠤᠷᠤᠯᠳᠤᠭᠠᠨ ᠵᠡᠷᠭᠡ ᠦᠭᠡ ᠬᠡᠯᠡ ᠦᠰᠦᠭ ᠪᠢᠴᠢᠭ᠎ᠦᠨ ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠪᠠᠢᠩᠭᠤᠵᠢᠭᠤᠯᠤᠨ ᠥᠷᠨᠢᠭᠦᠯᠵᠦ᠍᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠦᠨ ᠠᠵᠢᠯ ᠎ᠢ ᠳᠡᠯᠭᠡᠷᠡᠭᠦᠯᠦᠨ ᠲᠦᠭᠡᠮᠡᠯᠵᠢᠭᠦᠯᠬᠦ᠌᠎ᠶ᠋ᠢ ᠦᠵᠡᠯ ᠰᠠᠨᠠᠭ᠎ᠠ ᠤᠯᠤᠰ ᠲᠦᠷᠦ᠍ ᠎ᠶ᠋ᠢᠨ ᠬᠥᠮᠦᠵᠢᠯ᠂ ᠦᠨᠳᠦᠰᠦᠲᠡᠨ ᠎ᠦ ᠪᠦᠯᠬᠦᠮᠳᠡᠯ ᠳᠠᠪᠱᠢᠯᠲᠠ᠎ᠶ᠋ᠢᠨ ᠡᠭᠦᠳᠦᠨ ᠪᠠᠢᠭᠤᠯᠤᠯᠲᠠ᠎ᠯᠤᠭ᠎ᠠ ᠭᠦᠨᠵᠡᠭᠡᠢ ᠠᠭᠤᠰᠤᠯᠴᠠᠭᠤᠯᠵᠤ᠂  ᠡᠯᠪᠡᠭ ᠪᠠᠶᠠᠯᠢᠭ ᠦᠢᠯᠡᠳᠦᠯᠭᠡ᠎ᠶ᠋ᠢᠨ ᠳᠤᠮᠳᠠ ᠰᠤᠷᠤᠭ᠍ᠴᠢᠳ᠎ᠤᠨ ᠦᠭᠡ ᠬᠡᠯᠡ ᠦᠰᠦᠭ ᠪᠢᠴᠢᠭ᠎ᠦᠨ ᠴᠢᠳᠠᠪᠤᠷᠢ᠎ᠶ᠋ᠢ ᠳᠡᠭᠡᠭ᠌ᠰᠢᠯᠡᠭᠦᠯᠵᠦ᠍᠂ ᠰᠣᠶᠣᠯ᠎ᠤᠨ ᠢᠲᠡᠭᠡᠯ᠎ᠢ ᠵᠤᠵᠠᠭᠠᠳᠭᠠᠵᠤ ᠪᠠᠢᠨ᠎ᠠ᠃ ᠣᠳᠣᠬᠠᠨ᠎ᠳᠤ᠂ ᠬᠠᠢᠨᠠᠨ ᠲᠣᠭᠣᠷᠢᠭ᠎ᠤᠨ 7 ᠳᠤᠮᠳᠠᠳᠤ ᠪᠠᠭ᠎ᠠ ᠰᠤᠷᠭᠠᠭᠤᠯᠢ᠂ 10 ᠬᠡᠦᠬᠡᠳ᠎ᠦᠨ ᠴᠡᠴᠡᠷᠯᠢᠭ  ᠴᠥᠮ ᠤᠯᠤᠰ᠎ᠤᠨ ᠨᠢᠭᠡᠳᠦᠯᠲᠡᠶ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠬᠡᠷᠡᠭ᠌ᠯᠡᠵᠦ᠍᠂ ᠪᠦᠬᠦᠨ ᠵᠢᠡᠷ ᠵᠢᠡᠨ ᠦᠬᠠᠶ ᠬᠣᠲᠠ᠎ᠶ᠋ᠢᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠢ ᠵᠢᠷᠤᠮᠵᠢᠭᠤᠯᠤᠭ᠍ᠰᠠᠨ ᠪᠠᠷᠢᠮᠵᠢᠶ᠎ᠠ᠎ᠳᠤ ᠭᠦᠷᠭᠡᠭ᠌ᠰᠡᠨ ᠰᠤᠷᠭᠠᠭᠤᠯᠢ᠎ᠶ᠋ᠢᠨ ᠦᠨᠡᠯᠡᠨ ᠵᠢᠱ᠌ᠢᠯᠲᠡ᠎ᠳ᠋ᠤ ᠬᠢᠷᠢ ᠲᠡᠩᠴᠡᠵᠦ᠍᠂ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ᠎ᠢ ᠵᠢᠷᠤᠮᠵᠢᠭᠤᠯᠤᠭ᠍ᠰᠠᠨ ᠪᠠᠷᠢᠮᠵᠢᠶ᠎ᠠ ᠎ᠳᠤ ᠭᠦᠷᠭᠡᠭ᠌ᠰᠡᠨ ᠰᠤᠷᠭᠠᠭᠤᠯᠢ᠎ᠶ᠋ᠢ ᠡᠭᠦᠳᠦᠨ ᠪᠠᠢᠭᠤᠯᠤᠭ᠍ᠰᠠᠨ ᠨᠣᠷᠮ᠎ᠠ 100% ᠎ᠳ᠋ᠤ ᠬᠦᠷᠴᠡᠶ᠃

ᠰᠤᠷᠭᠠᠭᠤᠯᠢ᠎ᠶ᠋ᠢᠨ ᠬᠦᠷᠢᠶᠡᠨ᠎ᠡᠴᠡ ᠭᠠᠷᠪᠠᠯ᠂ ᠬᠠᠢᠨᠠᠨ ᠲᠣᠭᠣᠷᠢᠭ ᠎ᠤᠨ ᠨᠡᠢᠭᠡᠮ ᠲᠣᠭᠣᠷᠢᠭ᠂ ᠲᠠᠷᠢᠶᠠᠯᠠᠬᠤ ᠣᠷᠣᠨ᠎ᠳᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠳᠡᠯᠭᠡᠷᠡᠭᠦᠯᠦᠨ ᠲᠦᠭᠡᠮᠡᠯᠵᠢᠭᠦᠯᠬᠦ᠌ ᠦᠵᠡᠭ᠌ᠳᠡᠯ ᠭᠠᠵᠠᠷ ᠪᠣᠯᠭᠠᠨ᠎ᠳᠤ ᠬᠠᠷᠠᠭ᠍ᠳᠠᠨ᠎ᠠ᠃ ᠨᠡᠢᠭᠡᠮ ᠲᠣᠭᠣᠷᠢᠭ᠎ᠤᠨ ᠤᠷᠠᠨ ᠪᠢᠴᠢᠯᠭᠡ᠎ᠶ᠋ᠢᠨ ᠬᠢᠴᠢᠶᠡᠯ ᠳᠡᠭᠡᠷ᠎ᠡ᠂ ᠲᠠᠯ᠎ᠠ ᠨᠤᠲᠤᠭ᠎ᠤᠨ ᠨᠣᠮ ᠎ᠤᠨ ᠥᠷᠥᠭᠡ᠎ᠶ᠋ᠢᠨ ᠤᠩᠱᠢᠯᠭ᠎ᠠ᠎ᠶ᠋ᠢᠨ ᠲᠠᠰᠤᠭ᠎ᠲᠤ᠂ ᠡᠳᠦᠷ ᠲᠤᠲᠤᠮ ᠎ᠤᠨ  ᠡᠯ᠎ᠡ ᠲᠥᠷᠥᠯ ᠎ᠦᠨ ᠤᠷᠠᠨ ᠲᠣᠳᠣ ᠤᠩᠱᠢᠯᠭ᠎ᠠ᠎ᠶ᠋ᠢᠨ ᠠᠵᠢᠯᠯᠠᠭ᠎ᠠ ᠳᠤᠮᠳᠠ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ ᠪᠢᠷ᠎ᠪᠡᠭᠡᠰ ᠎ᠦᠨ ᠲᠤᠮᠳᠠ ᠬᠢᠲᠠᠳ ᠥᠰᠥᠭ᠎ᠦᠨ ᠬᠡᠯᠪᠡᠷᠢ ᠳᠦᠷᠰᠦ᠎ᠶ᠋ᠢᠨ ᠭᠤᠤ᠎ᠠ ᠰᠠᠢᠬᠠᠨ᠎ᠢ ᠮᠡᠳᠡᠷᠡᠵᠦ᠍᠂ ᠤᠷᠠᠨ ᠤᠩᠱᠢᠯᠭ᠎ᠠ ᠵᠢᠨ ᠳᠤᠮᠳᠠ ᠦᠭᠡ ᠬᠡᠯᠡ ᠥᠰᠥᠭ ᠪᠢᠴᠢᠭ᠎ᠦᠨ ᠷᠢᠳᠢ ᠱᠢᠳᠢ ᠎ᠶ᠋ᠢ ᠣᠢᠯᠠᠭᠠᠵᠤ᠂  ᠪᠠᠷᠢᠮᠵᠢᠶᠠᠳᠤ ᠨᠡᠢᠲᠡᠯᠢᠭ ᠬᠡᠯᠡ᠎ᠪᠡᠷ ᠰᠣᠩᠭᠣᠳᠠᠭ ᠵᠣᠬᠢᠶᠠᠯ ᠤᠩᠱᠢᠵᠤ᠂ ᠥᠯᠢᠭᠡᠷ  ᠶᠠᠷᠢᠵᠤ᠂ ᠰᠠᠨᠠᠯ ᠎ᠢᠶᠠᠨ ᠰᠣᠯᠢᠯᠴᠠᠬᠤ ᠳᠤᠮᠳᠠ ᠣᠢᠯᠠᠭᠠᠯᠴᠠᠭ᠎ᠠ᠎ᠪᠠᠨ ᠨᠡᠮᠡᠭ᠌ᠳᠡᠭᠦᠯᠵᠦ᠍᠂ ᠬᠠᠮᠲᠤ᠎ᠶ᠋ᠢᠨ ᠲᠠᠨᠢᠯᠲᠠ ᠎ᠵᠢ ᠨᠢᠭ᠍ᠲᠠᠷᠠᠭᠤᠯᠪᠠ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠰᠠᠢᠲᠤᠷ ᠬᠡᠷᠡᠭ᠌ᠯᠡᠬᠦ᠌ ᠨᠢ ᠬᠥᠮᠦᠰ᠎ᠦᠨ ᠡᠳᠦᠷ ᠳᠤᠳᠤᠮ᠎ᠤᠨ ᠠᠮᠢᠳᠤᠷᠠᠯ᠎ᠳᠤ ᠠᠭᠤᠰᠤᠯᠴᠠᠵᠤ ᠪᠠᠢᠬᠤ ᠪᠥᠭᠡᠳ ᠰᠡᠳᠭᠢᠯ ᠰᠠᠨᠠᠭ᠎ᠠ᠎ᠪᠠᠨ ᠤᠯᠤᠯᠴᠠᠬᠤ᠂ ᠪᠦᠯᠬᠦᠮᠳᠡᠯ᠎ᠢ ᠠᠬᠢᠭᠤᠯᠬᠤ ᠴᠢᠬᠤᠯᠠ ᠬᠣᠯᠪᠣᠭᠠᠰᠤ ᠪᠤᠯᠵᠤ ᠪᠠᠢᠨ᠎ᠠ᠃

ᠡᠭᠦᠨ᠎ᠦ ᠬᠠᠮᠲᠤ᠂ ᠬᠠᠢᠨᠠᠨ ᠲᠣᠭᠣᠷᠢᠭ ᠪᠠᠰᠠ 《ᠵᠢᠵᠢᠭ ᠭᠠᠷ  ᠶᠡᠬᠡ ᠭᠠᠷ᠎ᠢ ᠠᠳᠭᠤᠵᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠎ᠢ ᠬᠠᠮᠲᠤ᠎ᠪᠠᠷ ᠰᠤᠷᠬᠤᠢ》 ᠠᠵᠢᠯᠯᠠᠭ᠎ᠠ᠎ᠶ᠋ᠢ ᠢᠳᠡᠪᠬᠢᠲᠡᠢ ᠥᠷᠨᠢᠭᠦᠯᠵᠦ᠍᠂ ᠬᠡᠦᠬᠡᠳ᠎ᠦᠳ ᠭᠡᠷ᠎ᠦᠨ ᠠᠬᠠᠮᠠᠳ᠎ᠢᠶᠠᠨ ᠳᠠᠭᠠᠭᠤᠯᠤᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠬᠠᠮᠲᠤ᠎ᠪᠠᠷ ᠰᠤᠷᠤᠯᠴᠠᠬᠤ᠎ᠶ᠋ᠢ ᠵᠣᠷᠢᠭ᠍ᠵᠢᠭᠤᠯᠪᠠ᠃ ᠡᠭᠦᠨ᠎ᠦ ᠬᠠᠮᠲᠤ 《ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ + ᠦᠭᠡ ᠬᠡᠯᠡ》 ᠰᠠᠢ᠌ᠨ ᠳᠤᠷ᠎ᠠ ᠎ᠶ᠋ᠢᠨ ᠦᠢᠯᠡᠴᠢᠯᠡᠭᠡᠨ ᠎ᠦ ᠠᠵᠢᠯᠯᠠᠭ᠎ᠠ᠎ᠶ᠋ᠢ ᠢᠳᠡᠪᠬᠢᠲᠡᠢ ᠥᠷᠨᠢᠭᠦᠯᠵᠦ᠍᠂ ᠱᠢᠨᠵᠢᠯᠡᠬᠦ᠌ ᠤᠬᠠᠭᠠᠨ ᠎ᠤ ᠮᠡᠳᠡᠯᠭᠡ᠎ᠶ᠋ᠢ ᠲᠦᠭᠡᠮᠡᠯᠵᠢᠭᠦᠯᠬᠦ᠌ ᠶ᠋ᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠬᠤ ᠲᠠᠶ ᠣᠷᠭᠠᠨᠢᠭ᠎ᠢᠶᠠᠷ ᠠᠭᠤᠰᠤᠯᠴᠠᠭᠤᠯᠵᠤ᠂ ᠤᠯᠠᠨ ᠲᠦᠮᠡᠨ ᠎ᠳᠦ ᠱᠢᠨᠵᠢᠯᠡᠬᠦ᠌ ᠤᠬᠠᠭᠠᠨ ᠎ᠤ ᠮᠡᠳᠡᠯᠭᠡ᠎ᠶ᠋ᠢ ᠰᠤᠷᠤᠯᠴᠠᠭᠤᠯᠬᠤ᠎ᠶ᠋ᠢᠨ ᠬᠠᠮᠲᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠦᠨ ᠬᠡᠷᠡᠭ᠌ᠯᠡᠭᠡᠨ᠎ᠦ ᠴᠢᠳᠠᠪᠤᠷᠢ᠎ᠶ᠋ᠢ ᠠᠶᠠᠨᠳᠠᠭᠠᠨ ᠳᠡᠭᠡᠭ᠌ᠰᠢᠯᠡᠭᠦᠯᠦᠨ᠎ᠡ᠃

ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠎ᠢ ᠳᠡᠯᠭᠡᠷᠡᠭᠦᠯᠦᠨ ᠲᠦᠭᠡᠮᠡᠯᠵᠢᠭᠦᠯᠬᠦ᠌ ᠠᠵᠢᠯ᠎ᠤᠨ ᠲᠠᠰᠤᠷᠠᠯᠲᠠ ᠦᠭᠡᠢ ᠭᠦᠨᠵᠡᠭᠡᠢᠷᠡᠬᠦ᠌᠎ᠶ᠋ᠢ ᠳᠠᠭᠠᠯᠳᠤᠨ᠂ ᠬᠠᠢᠨᠠᠨ ᠲᠤᠭᠤᠷᠢᠭ᠎ᠤᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠦᠨ ᠬᠡᠷᠡᠭ᠌ᠯᠡᠭᠡᠨ᠎ᠦ ᠴᠢᠳᠠᠪᠤᠷᠢ ᠢᠯᠡᠳᠲᠡ ᠴᠢᠩᠭᠠᠷᠠᠵᠤ᠂ ᠣᠷᠣᠨ᠎ᠨᠤᠳᠤᠭ᠎ᠤᠨ ᠦᠨᠳᠦᠰᠦᠲᠡᠨ᠎ᠦ ᠠᠵᠢᠯ᠎ᠤᠨ ᠴᠢᠨᠠᠷ ᠰᠠᠢᠲᠠᠢ ᠬᠥᠭ᠌ᠵᠢᠯᠲᠡ᠎ᠳᠦ ᠪᠠᠲᠤ ᠪᠡᠬᠢ ᠬᠡᠯᠡᠨ᠎ᠦ ᠰᠠᠭᠤᠷᠢ ᠪᠠ ᠰᠣᠶᠣᠯ᠎ᠤᠨ ᠲᠤᠯᠭᠠᠭᠤᠷᠢᠯᠠᠯ ᠬᠠᠩᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号