ᠦᠨᠡᠨᠴᠢ ᠵᠢᠨ ᠦᠨᠡᠨ ᠵᠢᠳᠭᠦᠯ
2026-04-13 10:39:29
ᠵᠣᠬᠢᠶᠠᠭ᠍ᠴᠢ᠄
ᠪᠤᠤ ᠴᠢᠩ ᠱᠧᠩ ᠵᠢᠢ ᠰᠢᠨ
ᠣᠩᠱᠢᠭ᠍ᠰᠠᠨ ᠣᠳᠠᠭ᠎ᠠ᠄
★★★☆☆

ᠤᠩᠰᠢᠯᠭ᠎ᠠ ᠵᠢᠨ ᠬᠦᠳᠦᠯᠦᠮᠵᠢ

1988 ᠣᠨ ᠳ᠋ᠤ ᠠᠭᠤᠯᠠ ᠣᠶ ᠰᠢᠭᠤᠢ ᠵᠢᠨ ᠲᠠᠯᠠᠪᠠᠶ ᠳ᠋ᠤ ᠢᠷᠡᠵᠦ ᠠᠵᠢᠯᠯᠠᠭᠰᠠᠨ ᠡᠴᠡ ᠨᠠᠭᠠᠰᠢ᠂ ᠦᠨᠡᠨᠴᠢ ᠬᠠᠯᠠᠭᠤᠨ ᠬᠥᠢᠳᠡᠨ ᠢ᠋ ᠳᠡᠰᠪᠥᠷᠢᠯᠡᠨ ᠮᠣᠳᠣ᠌ ᠳᠠᠷᠢᠵᠤ ᠣᠢᠵᠢᠭᠤᠯᠬᠤ᠂ ᠤᠢ ᠵᠢ ᠲᠣᠭᠣᠷᠢᠨ ᠴᠠᠭᠳᠠᠵᠤ ᠬᠠᠮᠠᠭᠠᠯᠠᠬᠤ ᠠᠵᠢᠯ ᠢ᠋ ᠶᠡᠷᠦ᠎ᠡᠴᠡ ᠲᠠᠰᠤᠯᠳᠠᠭᠤᠯᠥᠯ ᠦᠭᠡᠢ ᠬᠥᠢᠴᠡᠳᠭᠡᠵᠤ᠂ ᠰᠢᠭᠤᠢᠲᠤ ᠣᠷᠣᠨ ᠤ᠋ ᠢᠮᠠᠬᠤ ᠵᠢᠨ ᠳᠡᠳᠥᠢ ᠭᠠᠵᠠᠷ ᠢ᠋᠎ᠴᠦ ᠥᠪᠡᠷ ᠤ᠋ᠨ ᠠᠯᠬᠤᠮ ᠵᠢᠨᠷ ᠵᠢᠨᠨ ᠬᠡᠮᠵᠢᠵᠤ ᠳᠡᠮᠳᠡᠭᠯᠡᠵᠤ ᠶᠠᠪᠤᠬᠰᠠᠨ ᠶᠤᠮ ᠃


ᠲᠥᠩᠯᠢᠶᠤᠤ ᠬᠤᠲᠠ ᠵᠢᠨ ᠬᠦᠷᠢᠶ᠎ᠡ ᠬᠣᠰᠢᠭᠤᠨ ᠤ᠋ ᠠᠭᠤᠯᠠ ᠤᠢ ᠰᠢᠭᠤᠢ ᠵᠢᠨ ᠲᠠᠯᠠᠪᠠᠢ ᠳ᠋ᠤ᠂ ᠡᠢᠮᠦ ᠨᠢᠭᠡᠨ ᠤᠢ ᠬᠠᠮᠠᠭᠠᠯᠠᠭᠴᠢ ᠪᠠᠢᠳᠠᠬ᠂ ᠲᠡᠷᠡ ᠡᠭᠡᠯ ᠵᠢᠷ ᠤ᠋ᠨ ᠠᠵᠢᠯ ᠤ᠋ᠨ ᠪᠠᠢᠷᠢ ᠪᠠᠨ 38 ᠵᠢᠯ ᠰᠠᠬᠢᠵᠤ᠂ 《ᠨᠤᠮᠢᠨ ᠤᠰᠤ ᠬᠦᠭᠡᠮᠳᠦᠭ ᠠᠭᠤᠯᠠ ᠪᠣᠯ ᠠᠯᠳᠠᠨ ᠠᠭᠤᠯᠠ ᠮᠥᠩᠭᠥᠨ ᠬᠠᠢᠷᠬᠠᠨ ᠮᠥᠨ》 ᠭᠡᠬᠦ ᠣᠢᠯᠠᠭᠠᠭᠳᠠᠬᠤᠨ ᠢ᠋ ᠠᠮᠢᠳᠤᠯᠢᠭ᠋ ᠪᠤᠳᠠᠳᠠᠢ ᠦᠢᠯᠡᠳᠦᠯᠭᠡᠵᠢᠭᠦᠯᠵᠤ ᠢᠷᠡᠪᠡ ᠃ ᠲᠡᠭᠦᠨ ᠢ᠋ ᠥᠨᠡᠨᠴᠢ ᠭᠡᠳᠡᠭ ᠃

38 ᠵᠢᠯ ᠤ᠋ᠨ ᠲᠤᠷᠰᠢ᠂ ᠲᠡᠷᠡ ᠥᠪᠡᠷ ᠤ᠋ᠨ ᠵᠠᠯᠠᠭᠤ ᠨᠠᠰᠤ ᠪᠠᠨ ᠡᠯᠡᠰᠥ ᠮᠠᠩᠬᠠᠨ ᠤ᠋ ᠨᠤᠭᠤᠭᠠᠷᠠᠭᠤᠯᠤᠯᠲᠠ ᠵᠢᠨ ᠥᠢᠯᠡᠰ ᠲᠦ᠍ ᠵᠤᠷᠢᠭᠤᠯᠵᠤ᠂ ᠰᠢᠨᠳᠡᠷᠡᠰᠢ ᠥᠭᠡᠢ ᠲᠠᠷᠢᠵᠤ ᠤᠢᠵᠢᠭᠤᠯᠤᠨ᠂ ᠰᠤᠯᠠᠷᠠᠰᠢ ᠥᠭᠡᠢ ᠰᠠᠬᠢᠨ ᠬᠠᠮᠠᠭᠠᠯᠠᠵᠤ᠂ 11.7 ᠲᠦᠮᠡᠨ ᠮᠦ᠍ ᠰᠢᠭᠤᠢᠲᠤ ᠭᠠᠵᠠᠷ ᠲᠦ᠍ ᠥᠪᠡᠷ ᠤ᠋ᠨ ᠤᠯᠠ ᠮᠥᠷ ᠵᠢᠨᠨ ᠦᠯᠡᠳᠡᠭᠡᠵᠤ᠂ ᠥᠢᠭ᠎ᠠ ᠥᠭᠡᠢ ᠴᠢᠷᠮᠠᠢᠯᠭ᠎ᠠ ᠪᠠ ᠤᠷᠤᠰᠬᠤ ᠬᠥᠯᠥᠰᠦ ᠪᠡᠷ ᠵᠢᠡᠨ ᠡᠨᠡ ᠬᠥ᠌ ᠬᠡᠰᠡᠭ 《ᠨᠤᠭᠤᠭᠠᠨ ᠪᠥᠷᠢᠳᠥ 》 ᠵᠢ ᠤᠮᠳᠠᠯᠠᠵᠤ᠂ ᠤᠢ ᠬᠠᠮᠠᠭᠠᠯᠠᠭᠴᠢ᠎ᠵᠢᠨ ᠡᠭᠥᠷᠭᠡ ᠬᠠᠷᠢᠭᠤᠴᠠᠯᠭ᠎ᠠ ᠪᠠᠨ ᠬᠥᠢᠴᠡᠳᠭᠡᠵᠤ ᠢᠷᠠᠵᠠᠢ᠃


QQ20260413-104806.png


ᠡᠳᠦᠷ ᠪᠦᠷᠢ ᠵᠢᠨ ᠥᠷᠯᠥᠭᠡ ᠡᠷᠲᠡ᠂ ᠥᠨᠡᠨᠴᠢ ᠳᠥᠷᠪᠡᠨ ᠬᠠᠮᠳᠤ ᠠᠵᠢᠯᠯᠠᠬᠴᠢ ᠪᠠᠨ ᠳᠠᠭᠠᠭᠤᠯᠤᠨ ᠠᠭᠤᠯᠠ ᠤᠢ ᠰᠢᠭᠤᠢ᠎ᠵᠢᠨ ᠲᠠᠯᠠᠪᠠᠢ᠎ᠵᠢᠨ ᠪᠠᠢᠭᠠᠯᠢ ᠵᠢᠨ ᠬᠠᠮᠠᠭᠠᠯᠠᠯᠲᠠ ᠵᠢᠨ ᠤᠷᠤᠨ ᠵᠢᠨᠷ ᠲᠣᠭᠣᠷᠢᠨ ᠴᠠᠬᠳᠠᠳᠠᠬ᠃ ᠡᠩ ᠤ᠋ᠨ ᠪᠠᠢᠳᠠᠯ ᠳ᠋ᠤ᠂ ᠳᠡᠳᠡ ᠲᠣᠭᠣᠷᠢᠨ ᠬᠠᠮᠠᠭᠠᠯᠠᠬᠤ ᠲᠡᠷᠭᠡ ᠪᠡᠨ ᠵᠢᠯᠣᠭᠣᠳᠤᠨ ᠡᠯᠡᠰᠦᠨ ᠬᠥᠲᠥᠯ ᠢ᠋ ᠳᠠᠭᠠᠵᠤ ᠲᠤᠭᠤᠷᠢᠨ ᠪᠠᠢᠴᠠᠭᠠᠵᠤ᠂ ᠲᠡᠷᠭᠡ ᠶᠠᠪᠤᠬᠤ ᠵᠢᠨ ᠠᠷᠭ᠎ᠠ ᠦᠭᠡᠢ ᠮᠠᠩᠬᠠᠨ ᠳ᠋ᠤ ᠤᠷᠤᠪᠠᠯ ᠶᠠᠪᠠᠭᠠᠯᠠᠨ ᠴᠠᠬᠳᠠᠳᠠᠬ ᠪᠠᠢᠪᠠ᠃ ᠳᠡᠬᠡᠬᠥ ᠳ᠋ᠡᠭᠡᠨ ᠡᠯᠡᠰᠦᠷᠬᠡᠭ ᠭᠠᠵᠠᠷ ᠤ᠋ᠨ ᠤᠢ ᠮᠣᠳᠣᠨ ᠤ᠋ ᠤᠷᠭᠤᠯᠲᠠ ᠵᠢᠨ ᠪᠠᠢᠳᠠᠯ ᠢ᠋ ᠴᠠᠭ ᠢᠮᠠᠭᠲᠠ ᠠᠩᠬᠠᠷᠴᠤ᠂ ᠡᠪᠡᠳᠴᠢᠨ ᠬᠣᠷᠣᠬᠠᠢ ᠵᠢᠨ ᠬᠥᠨᠥᠭᠡᠯ ᠳ᠋ᠦ ᠢᠳᠡᠭᠳᠡᠭᠰᠡᠨ ᠡᠰᠡᠬᠦ᠂ ᠤᠢ ᠮᠣᠳᠣ᠌ ᠤᠷᠭᠤᠮᠠᠯ ᠢ᠋ ᠬᠤᠯᠠᠭᠠᠢᠯᠠᠨ ᠤᠬᠳᠤᠯᠤᠭᠰᠠᠨ ᠡᠰᠡᠬᠦ ᠵᠢ ᠪᠠᠢᠴᠠᠭᠠᠨ᠂ ᠬᠡᠭᠡᠷ᠎ᠡ ᠵᠢᠨ ᠠᠮᠢᠳᠠᠨ ᠤ᠋ ᠠᠵᠢᠯᠯᠠᠭᠠᠨ ᠤ᠋ ᠵᠠᠮ ᠮᠥᠷ ᠢ᠋᠎ᠴᠦ ᠠᠯᠳᠠᠯ ᠥᠭᠡᠢ ᠠᠩᠬᠠᠷᠥᠨ ᠳᠡᠮᠳᠡᠭᠯᠡᠵᠤ ᠶᠠᠪᠤᠳᠠᠬ ᠁ ᠡᠢᠨ᠎ᠬᠦ ᠡᠳᠦᠷ ᠪᠦᠷᠢ ᠵᠠᠭᠤ ᠭᠠᠷᠤᠢ ᠺᠢᠯᠤᠮᠧᠲᠷ ᠠᠶᠠᠯᠠᠨ ᠪᠠᠢᠴᠠᠭᠠᠬᠤ ᠨᠢ ᠳᠠᠷᠤᠢ ᠥᠨᠠᠨᠴᠢ ᠵᠢᠨ 38 ᠵᠢᠯ ᠤ᠋ᠨ ᠲᠤᠷᠰᠢ ᠬᠤᠪᠢᠷᠠᠰᠢ ᠦᠭᠡᠢ ᠬᠥᠢᠴᠡᠳᠭᠡᠵᠤ ᠢᠷᠡᠭᠰᠡᠨ ᠪᠠᠷᠢᠮᠳᠠᠯᠠᠯ ᠪᠣᠯᠬᠤ ᠠᠵᠢ᠃


QQ20260413-104818.png

             

           ᠠᠭᠤᠯᠠ ᠤᠢ ᠰᠢᠭᠤᠢ ᠵᠢᠨ ᠲᠠᠯᠠᠪᠠᠢ


ᠥᠨᠡᠨᠴᠢ ᠤᠳᠤᠬᠠᠨ ᠳ᠋ᠤ ᠬᠦᠷᠢᠶ᠎ᠡ ᠬᠣᠰᠢᠭᠤᠨ ᠤ᠋ ᠠᠭᠤᠯᠠ ᠤᠢ ᠰᠢᠭᠤᠢ ᠵᠢᠨ ᠲᠠᠯᠠᠪᠠᠢ ᠵᠢᠨ ᠳᠡᠳ᠋ ᠳᠠᠷᠤᠭ᠎ᠠ ᠵᠢᠨ ᠲᠤᠰᠢᠶᠠᠯ ᠢ᠋ ᠬᠠᠷᠢᠭᠤᠴᠠᠵᠤ ᠪᠤᠢ᠃ 1988 ᠣᠨ ᠳ᠋ᠤ᠂ 18 ᠨᠠᠰᠤᠲᠠᠢ ᠲᠡᠷᠡ ᠪᠡᠷ ᠣᠶ ᠰᠢᠭᠤᠢ ᠵᠢᠨ ᠲᠠᠯᠠᠪᠠᠶ ᠳ᠋ᠤ ᠠᠩᠬ᠎ᠠ ᠢᠷᠡᠵᠦ ᠠᠵᠢᠯᠯᠠᠭᠰᠠᠨ ᠡᠴᠡ ᠨᠠᠭᠠᠰᠢ᠂ 38 ᠵᠢᠯ ᠤ᠋ᠨ ᠳᠣᠷᠰᠢ᠂ ᠳᠡᠷᠡ ᠬᠠᠯᠠᠭᠤᠨ ᠬᠥᠢᠳᠡᠨ ᠢ᠋ ᠳᠡᠰᠪᠥᠷᠢᠯᠡᠨ ᠮᠣᠳᠣ᠌ ᠳᠠᠷᠢᠵᠤ ᠣᠢᠵᠢᠭᠤᠯᠬᠤ᠂ ᠤᠢ ᠵᠢ ᠲᠣᠭᠣᠷᠢᠨ ᠴᠠᠭᠳᠠᠵᠤ ᠬᠠᠮᠠᠭᠠᠯᠠᠬᠤ ᠠᠵᠢᠯ ᠢ᠋ ᠶᠡᠷᠦ᠎ᠡᠴᠡ ᠲᠠᠰᠤᠯᠳᠠᠭᠤᠯᠥᠯ ᠦᠭᠡᠢ ᠬᠥᠢᠴᠡᠳᠭᠡᠵᠤ᠂ ᠰᠢᠭᠤᠢᠲᠤ ᠣᠷᠣᠨ ᠤ᠋ ᠢᠮᠠᠬᠤ ᠵᠢᠨ ᠳᠡᠳᠥᠢ ᠭᠠᠵᠠᠷ ᠢ᠋᠎ᠴᠦ ᠥᠪᠡᠷ ᠤ᠋ᠨ ᠠᠯᠬᠤᠮ ᠵᠢᠨᠷ ᠵᠢᠨᠨ ᠬᠡᠮᠵᠢᠵᠤ ᠳᠡᠮᠳᠡᠭᠯᠡᠵᠤ ᠶᠠᠪᠤᠬᠰᠠᠨ ᠶᠤᠮ᠃

ᠠᠭᠤᠯᠠ ᠤᠢ ᠰᠢᠭᠤᠢ ᠵᠢᠨ ᠲᠠᠯᠠᠪᠠᠢ ᠨᠢ ᠬᠦᠷᠢᠶ᠎ᠡ ᠬᠣᠰᠢᠭᠤᠨ ᠤ᠋ ᠬᠣᠢᠲᠤ ᠪᠡᠶ᠎ᠡ ᠳ᠋ᠦ ᠪᠠᠢᠷᠢᠯᠠᠵᠤ᠂ ᠬᠣᠷᠴᠢᠨ ᠤ᠋ ᠡᠯᠡᠰᠦᠷᠬᠡᠭ ᠭᠠᠵᠠᠷ ᠤ᠋ᠨ ᠥᠷᠥᠴᠡᠠ ᠳ᠋ᠤ ᠬᠠᠷᠢᠶᠠᠯᠠᠭᠳᠠᠨ᠂ ᠵᠡᠭᠦᠨ ᠪᠠᠷᠠᠭᠤᠨ ᠬᠣᠶᠠᠷ ᠬᠡᠰᠡᠭ ᠵᠢᠨᠷ ᠪᠥᠷᠢᠯᠳᠥᠵᠤ᠂ ᠶᠡᠷᠦᠩᠬᠡᠢ ᠲᠠᠯᠠᠪᠠᠢ ᠨᠢ 11.7 ᠲᠦᠮᠡᠨ ᠮᠦ᠍ ᠳ᠋ᠦ ᠬᠦᠷᠴᠡᠢ᠃ ᠣᠶ ᠰᠢᠭᠤᠢ ᠵᠢᠨ ᠲᠠᠯᠠᠪᠠᠶ ᠨᠢ ᠶᠠᠨᠱᠠᠨ ᠠᠭᠤᠯᠠ ᠵᠢᠨ ᠠᠭᠤᠯᠠᠷᠬᠠᠭ ᠭᠠᠵᠠᠷ ᠤ᠋ᠨ ᠤᠷᠭᠤᠮᠠᠯ ᠤ᠋ᠨ ᠣᠷᠣᠨ ᠪᠠ ᠬᠣᠷᠴᠢᠨ ᠤ᠋ ᠲᠠᠯ᠎ᠠ ᠨᠤᠲᠤᠭ ᠤ᠋ᠨ ᠤᠷᠭᠤᠮᠠᠯ ᠤ᠋ᠨ ᠣᠷᠣᠨ ᠤ᠋ ᠵᠠᠭᠠᠭ ᠲᠦ᠍ ᠣᠷᠣᠰᠢᠵᠤ᠂ ᠶᠠᠩᠰᠢᠪ ᠤ᠋ᠨ ᠭᠣᠣᠯ ᠤ᠋ᠨ ᠰᠠᠪᠠ ᠭᠠᠵᠠᠷ ᠵᠢᠠᠷ ᠭᠣᠣᠯᠯᠠᠨ᠂ ᠣᠶ ᠮᠣᠳᠣ᠌᠂ ᠠᠮᠢᠲᠠᠨ ᠤᠷᠭᠤᠮᠠᠯ ᠤ᠋ᠨ ᠡᠬᠢ ᠪᠠᠶᠠᠯᠢᠭ᠋ ᠲᠤᠢᠯ ᠤ᠋ᠨ ᠡᠯᠪᠡᠭ ᠪᠠᠶᠠᠯᠢᠭ᠋ ᠪᠠᠢᠳᠠᠭ᠃ ᠡᠭᠦᠨ ᠤ᠋ ᠳᠣᠲᠣᠷ᠎ᠠ ᠡᠷᠲᠡᠨ ᠤ᠋ ᠮᠣᠳᠣᠨ ᠤ᠋ ᠲᠥᠷᠥᠯ ᠤᠯᠠᠨᠳᠠᠢ᠂ ᠬᠠᠢᠯᠠᠰᠤ᠂ ᠪᠠᠲᠤᠴᠠᠭᠠᠨ᠂ ᠵᠢᠵᠢᠭ ᠨᠠᠪᠴᠢᠲᠤ ᠪᠣᠳᠢ᠂ ᠢᠯᠠᠮ᠎ᠠ ᠵᠢᠨ ᠮᠣᠳᠣ᠌ ᠵᠡᠷᠭᠡ ᠨᠡᠶ᠋ᠢᠲᠡ 262 ᠵᠦᠢᠯ᠂ ᠬᠡᠭᠡᠷ᠎ᠡ ᠵᠢᠨ ᠪᠤᠷᠴᠠᠬ᠂ ᠬᠡᠭᠡᠷ᠎ᠡ ᠵᠢᠨ ᠰᠢᠬᠢᠷ ᠡᠪᠡᠰᠦ ᠵᠡᠷᠭᠡ ᠤᠯᠤᠰ ᠤ᠋ᠨ ᠭᠣᠣᠯᠳᠠᠯᠭ᠎ᠠ ᠲᠠᠢ ᠬᠠᠮᠠᠭᠠᠯᠠᠯᠲᠠ ᠵᠢᠨ ᠤᠷᠭᠤᠮᠠᠯ 5 ᠵᠦᠢᠯ ᠪᠤᠶ; ᠰᠢᠷ᠎ᠡ ᠰᠤᠯᠤᠩᠭ᠎ᠠ᠂ ᠦᠨᠡᠭᠡ ᠵᠡᠷᠭᠡ ᠤᠯᠤᠰ ᠤ᠋ᠨ ᠳᠡᠰ ᠤ᠋ᠨ ᠭᠤᠤᠯᠳᠠᠯᠭ᠎ᠠ ᠲᠠᠢ ᠬᠠᠮᠠᠭᠠᠯᠠᠯᠲᠠ ᠵᠢᠨ ᠠᠮᠢᠲᠠᠨ 25 ᠵᠦᠢᠯ᠂ ᠲᠣᠭᠣᠳᠠᠭ᠂ ᠬᠡᠭᠡᠷ᠎ᠡ ᠵᠢᠨ ᠨᠤᠭᠤᠰᠤ᠂  ᠲᠣᠭᠣᠷᠤᠤ ᠵᠡᠷᠭᠡ ᠰᠢᠪᠠᠭᠤᠨ ᠤ᠋ ᠲᠥᠷᠥᠯ 101 ᠵᠦᠢᠯ ᠪᠤᠶ᠃ ᠡᠭᠦᠨ᠎ᠡᠴᠡ ᠭᠠᠳᠠᠨ᠎ᠠ᠂ 2018 ᠣᠨ ᠳ᠋ᠤ ᠤᠯᠤᠰ ᠤ᠋ᠨ ᠲᠠᠰ ᠤ᠋ᠨ ᠲᠤᠰᠬᠠᠢ ᠮᠡᠷᠭᠡᠵᠢᠯᠲᠡᠨ ᠤ᠋ ᠬᠢᠨᠠᠨ ᠰᠢᠯᠭᠠᠷᠠᠭᠤᠯᠤᠯᠲᠠ ᠪᠠ ᠴᠣᠬᠣᠯᠠᠪᠤᠷᠢ ᠪᠠᠷ ᠳᠡᠮᠵᠢᠨ᠂ ᠠᠭᠤᠯᠠ ᠣᠶ ᠰᠢᠭᠤᠢ ᠵᠢᠨ ᠲᠠᠯᠠᠪᠠᠶ ᠵᠢ ᠤᠯᠤᠰ ᠤ᠋ᠨ ᠣᠶ ᠰᠢᠭᠤᠢ ᠵᠢᠨ ᠴᠡᠴᠡᠷᠯᠢᠭ ᠪᠣᠯᠭᠠᠨ ᠪᠠᠶ᠋ᠢᠭᠤᠯᠬᠤ ᠵᠢ ᠵᠢᠩᠬᠢᠨᠢ ᠪᠡᠷ ᠵᠥᠪᠰᠢᠶᠡᠷᠡᠭᠰᠡᠨ ᠪᠠᠢᠨ᠎ᠠ ᠃

ᠤᠯᠠᠨ ᠵᠢᠯ ᠤ᠋ᠨ ᠲᠣᠭᠣᠷᠢᠨ ᠴᠠᠬᠳᠠᠵᠤ ᠬᠠᠮᠠᠭᠠᠯᠠᠬᠤ ᠠᠵᠢᠯ ᠨᠢ ᠳᠡᠭᠥᠨ ᠢ᠋ ᠤᠢ ᠰᠢᠭᠤᠢ ᠵᠢᠨ ᠲᠠᠯᠠᠪᠠᠢ ᠵᠢᠨ ᠮᠠᠩᠬ᠎ᠠ ᠵᠤ᠂ ᠭᠤᠤ ᠵᠢᠯᠠᠭ᠎ᠠ ᠪᠤᠯᠭᠠᠨ ᠢ᠋ ᠠᠯᠠᠭ᠎ᠠ ᠵᠢᠨ ᠵᠢᠷᠤᠭᠠᠰᠤ ᠪᠠᠨ ᠮᠡᠳᠥ ᠣᠢᠯᠠᠭᠠᠬᠤ ᠪᠤᠯᠭᠠᠵᠠᠢ ᠃ ᠡᠨᠳᠡᠬᠢ ᠵᠥᠷᠢᠭ ᠵᠠᠮ ᠨᠢ ᠪᠠᠢᠳᠠᠯ᠎ᠠ ᠳᠡᠳᠡ ᠨᠡᠷ ᠤ᠋ᠨ᠎ᠨᠠᠭᠠᠰᠢ ᠴᠠᠭᠠᠰᠢ ᠴᠠᠬᠳᠠᠨ ᠶᠠᠪᠤᠬᠤ ᠵᠢ ᠳᠠᠭᠠᠯᠳᠥᠨ ᠵᠤᠷᠠᠢᠵᠤ ᠪᠥᠷᠢᠯᠳᠥᠨ᠂ ᠡᠯᠡᠰᠥᠨ ᠰᠢᠭᠤᠷᠭ᠎ᠠ ᠳᠡᠭᠳᠡᠵᠤ ᠠᠮᠢᠰᠬᠤᠭ᠎ᠠ ᠠᠪᠬᠤ ᠳ᠋ᠤ ᠬᠥᠴᠢᠷᠳᠡᠬᠥ᠂ ᠳᠤᠭᠤᠷᠢᠨ ᠬᠠᠮᠠᠭᠠᠯᠠᠬᠤ ᠳᠡᠷᠭᠡ ᠨᠢ ᠮᠠᠩᠬᠠᠨ ᠳ᠋ᠤ ᠰᠢᠬᠢᠳᠴᠥ ᠲᠡᠭᠡᠭᠯᠡᠬᠥ ᠵᠡᠷᠭᠡ ᠶᠠᠪᠤᠳᠠᠯ ᠵᠥᠩᠳᠡᠭᠡᠨ ᠲᠤᠬᠢᠶᠠᠯᠳᠤᠳᠠᠬ ᠪᠠᠢᠪᠠ ᠃ 《 ᠡᠬᠢᠨ ᠤ᠋ ᠵᠢᠯ ᠤ᠋ᠳ᠎ᠤᠨ ᠬᠠᠳᠠᠭᠤ ᠣᠷᠴᠢᠨ ᠲᠣᠭᠣᠷᠢᠨ ᠳ᠋ᠤ ᠮᠣᠳᠣ᠌ ᠲᠠᠷᠢᠵᠤ ᠣᠢᠵᠢᠭᠤᠯᠬᠤ ᠨᠢ ᠨᠢᠭᠡᠨ ᠮᠠᠰᠢ ᠲᠥᠪᠡᠭᠳᠠᠢ ᠶᠠᠪᠤᠳᠠᠯ ᠪᠠᠢᠭᠰᠠᠨ ᠶᠤᠮ᠂ ᠲᠤᠬᠠᠢ᠎ᠵᠢᠨ ᠦᠶ᠎ᠡ ᠳ᠋ᠦ ᠲᠷᠠᠺᠲ᠋ᠣᠷ ᠭᠡᠵᠤ ᠪᠠᠢᠳᠠᠭ ᠦᠭᠡᠢ᠂ ᠬᠠᠷᠢᠨ ᠮᠣᠷᠢᠨ ᠲᠡᠷᠭᠡ ᠬᠥᠯᠥᠰᠦᠯᠡᠨ ᠤᠰᠤ ᠳᠡᠭᠡᠭᠡᠪᠥᠷᠢᠯᠡᠵᠤ᠂  ᠤᠰᠤᠨ ᠬᠤᠯᠤ ᠪᠠᠷ ᠮᠣᠳᠣ᠌ ᠵᠢ ᠤᠰᠤᠯᠠᠵᠤ ᠪᠠᠢᠭᠰᠠᠨ ᠶᠤᠮ᠂ ᠮᠠᠩᠬᠠᠨ ᠬᠥᠨ ᠳ᠋ᠤ ᠮᠤᠷᠢᠨ ᠲᠡᠷᠭᠡ᠎ᠴᠦ ᠣᠷᠣᠵᠤ ᠳᠡᠶ᠋ᠢᠯᠬᠦ ᠦᠭᠡᠢ ᠪᠣᠯᠬᠣᠷ ᠴᠢᠬᠢ ᠮᠣᠳᠣ᠌ ᠵᠢ ᠵᠠᠮ ᠤ᠋ᠨ ᠬᠠᠵᠠᠭᠤ ᠳ᠋ᠤ ᠪᠠᠭᠤᠯᠭᠠᠵᠤ ᠂ ᠬᠥᠮᠥᠨ ᠤ᠋ ᠬᠥᠴᠥ ᠪᠡᠷ ᠡᠭᠦᠷᠬᠦ ᠪᠤᠶᠤ ᠲᠡᠪᠡᠷᠢᠨ ᠳᠣᠲᠣᠭ᠍ᠰᠢ ᠪᠠᠨ ᠵᠥᠭᠡᠭᠡᠪᠥᠷᠢᠯᠡᠬᠥ ᠡᠴᠡ ᠥᠭᠡᠷ᠎ᠡ ᠠᠷᠭ᠎ᠠ ᠦᠭᠡᠢ ᠪᠠᠢᠪᠠ᠂ ᠡᠳᠥᠷ ᠪᠥᠷᠢ ᠠᠭᠤᠯᠠᠨ ᠳ᠋ᠤ ᠭᠠᠷᠴᠤ ᠮᠣᠳᠣ᠌ ᠵᠠᠢᠯᠠᠬᠤ ᠳ᠋ᠠᠭᠠᠨ ᠦᠳᠡ ᠳ᠋ᠦ ᠵᠥᠪᠬᠡᠨ ᠳᠥᠭᠥᠮ ᠬᠤᠭᠤᠯᠠ ᠪᠠᠷ ᠥᠯ ᠳᠠᠷᠤᠵᠤ᠂ ᠦᠳᠡ ᠵᠢᠨ ᠬᠣᠢᠨ᠎ᠠ ᠵᠠᠢᠯᠠᠵᠤ ᠳᠠᠭᠤᠰᠤᠮᠠᠨᠵᠢᠨ ᠰᠠᠶᠢ ᠬᠠᠷᠢᠳᠠᠬ᠂ ᠵᠠᠢᠯᠠᠭᠰᠠᠨ ᠴᠢᠬᠢ ᠮᠣᠳᠣᠨ ᠤ᠋ ᠡᠳᠡᠭᠡᠷᠡᠯᠲᠡ ᠵᠢ ᠪᠠᠲᠤᠯᠠᠬᠤ ᠵᠢᠨ ᠲᠥᠯᠥᠭᠡ ᠤᠳᠠᠭ᠎ᠠ ᠪᠦᠷᠢ ᠰᠠᠭᠤᠯᠠᠭ᠎ᠠ ᠪᠡᠷ ᠤᠰᠤ ᠵᠥᠭᠡᠭᠡᠪᠥᠷᠢᠯᠡᠵᠤ ᠪᠠᠢᠭᠠᠳ ᠬᠣᠶᠠᠷ ᠡᠴᠡ ᠭᠤᠷᠪᠠ ᠤᠳᠠᠭ᠎ᠠ ᠤᠰᠤᠯᠠᠵᠤ᠂ ᠡᠳᠡᠭᠡᠷᠡᠭᠡ ᠦᠭᠡᠢ ᠴᠢᠬᠢ ᠮᠣᠳᠣ᠌ ᠵᠢ ᠪᠠᠰᠠ ᠪᠣᠷᠣᠭᠠᠨ ᠤ᠋ ᠤᠯᠠᠷᠢᠯ ᠳ᠋ᠤ ᠨᠥᠬᠥᠵᠦ  ᠵᠠᠢᠯᠠᠨ᠂ ᠨᠥᠬᠥᠵᠤ ᠵᠠᠢᠯᠠᠬᠰᠠᠨ ᠮᠤᠳᠤ ᠨᠢ ᠮᠥᠨ᠎ᠬᠦ ᠡᠳᠡᠭᠡᠷᠡᠭᠰᠡᠨ ᠥᠭᠡᠢ ᠪᠠᠢᠪᠠᠯ ᠨᠠᠮᠤᠷ ᠤ᠋ᠨ ᠤᠯᠠᠷᠢᠯ ᠳ᠋ᠤ ᠳᠠᠬᠢᠨ ᠨᠥᠬᠥᠵᠦ ᠵᠠᠢᠯᠠᠳᠠᠭ 》 ᠭᠡᠵᠦ ᠦᠨᠡᠨᠴᠢ ᠲᠡᠷᠡ ᠬᠦ᠌ ᠬᠠᠲᠠᠭᠤ ᠪᠡᠷᠬᠡᠰᠢᠶᠡᠯᠲᠡᠢ ᠪᠥᠭᠡᠳ ᠮᠠᠷᠲᠠᠭᠳᠠᠰᠢ ᠦᠭᠡᠢ ᠡᠳᠤᠷ ᠬᠤᠨᠤᠭ᠎ᠵᠢᠡᠨ ᠡᠷᠭᠢᠴᠡᠭᠦᠯᠦᠨ ᠭᠡᠯᠡᠨ᠎ᠠ ᠃

ᠠᠭᠤᠯᠠ ᠤᠢ ᠰᠢᠭᠤᠢ ᠵᠢᠨ ᠲᠠᠯᠠᠪᠠᠢ ᠵᠢᠨ ᠨᠢᠭᠡ ᠪᠦᠯᠦᠭ ᠮᠣᠳᠣ᠌ ᠨᠢ ᠤᠢ ᠰᠢᠭᠤᠢ ᠵᠢᠨ ᠲᠠᠯᠠᠪᠠᠢ ᠵᠢᠨ ᠠᠵᠢᠯᠲᠠᠨ ᠠᠵᠢᠯᠴᠢᠨ ᠤ᠋ ᠵᠢᠯ ᠳᠠᠷᠠᠭᠠᠯᠠᠨ ᠲᠠᠷᠢᠵᠦ ᠤᠷᠭᠤᠭᠤᠯᠬᠤ ᠳ᠋ᠤ ᠲᠦᠰᠢᠭᠯᠡᠳᠡᠭ᠃ ᠡᠬᠢᠨ ᠤ᠋ ᠬᠡᠳᠦᠨ ᠵᠢᠯ ᠳ᠋ᠦ᠂ ᠮᠣᠳᠣ᠌ ᠵᠠᠢᠯᠠᠬᠤ ᠳ᠋ᠤ ᠣᠢᠷ᠎ᠠ ᠬᠠᠪᠢ ᠵᠢᠨ ᠠᠢᠯ ᠲᠣᠰᠬᠣᠨ ᠤ᠋ ᠮᠠᠯᠴᠢᠨ ᠲᠠᠷᠢᠶᠠᠴᠢᠨ ᠤ᠋ ᠬᠤᠪᠢᠳᠠᠬᠰᠠᠨ ᠠᠲᠠᠷ ᠭᠠᠵᠠᠷ ᠢ᠋ ᠡᠵᠡᠯᠡᠬᠦ ᠴᠢᠬᠤᠯᠠ ᠲᠠᠢ᠂ ᠭᠡᠶ᠎ᠡ ᠵᠠᠷᠢᠮ ᠲᠣᠰᠬᠣᠨ ᠤ᠋ ᠠᠷᠠᠳ ᠵᠥᠪᠰᠢᠶᠡᠷᠡᠬᠥ ᠥᠭᠡᠢ ᠪᠠᠢᠪᠠ᠃ ᠦᠨᠡᠨᠴᠢ ᠠᠷᠭ᠎ᠠ ᠪᠤᠰᠤ ᠠᠢᠯ ᠡᠷᠦᠬᠡ ᠳᠠᠷᠠᠭᠠᠯᠠᠨ ᠥᠵᠡᠯ ᠰᠠᠨᠠᠭᠠᠨ ᠤ᠋ ᠬᠦᠮᠦᠵᠢᠯ ᠬᠢᠵᠦ᠂ ᠴᠢᠨᠠᠭᠰᠢᠯᠠᠪᠠᠯ ᠲᠦᠷᠦᠯ ᠰᠠᠳᠤᠨ ᠨᠠᠢᠵᠠ ᠨᠥᠬᠥᠳ ᠵᠢᠡᠨ ᠡᠷᠢᠨ ᠮᠤᠳᠤ ᠵᠠᠢᠯᠠᠬᠤ ᠵᠢᠨ ᠠᠴᠢ ᠬᠤᠯᠪᠤᠬᠳᠠᠯ ᠢ᠋ ᠲᠠᠢᠯᠪᠥᠷᠢᠯᠡᠨ ᠤᠬᠠᠭᠤᠯᠵᠤ᠂ ᠳᠡᠳᠡ ᠨᠡᠷ ᠲᠥᠷᠥᠭᠥᠯᠡᠨ ᠮᠤᠳᠤ ᠵᠠᠢᠯᠠᠬᠤ ᠵᠢ ᠢᠳᠬᠠᠵᠤ ᠶᠠᠪᠤᠵᠠᠢ᠃ ᠡᠢᠨ᠎ᠬᠦ ᠳᠡᠬᠥᠨ ᠤ᠋ ᠰᠢᠨᠳᠡᠷᠡᠰᠢ ᠥᠭᠡᠢ ᠴᠢᠷᠮᠠᠢᠯᠭ᠎ᠠ ᠪᠠ ᠳᠡᠰᠪᠥᠷᠢ ᠬᠦᠯᠢᠴᠡᠩᠭᠦᠢ ᠠᠵᠢᠯ ᠵᠢᠨᠷ ᠲᠠᠮᠵᠢᠨ᠂ ᠲᠣᠰᠬᠣᠨ ᠤ᠋ ᠠᠷᠠᠳ ᠤ᠋ᠨ ᠦᠵᠡᠯ ᠰᠠᠨᠠᠭ᠎ᠠ ᠴᠤ᠌ ᠠᠭᠠᠵᠢᠮ ᠵᠢᠠᠷ ᠬᠤᠪᠢᠷᠠᠵᠤ᠂ ᠥᠪᠡᠷ ᠤ᠋ᠨ ᠲᠠᠷᠢᠶᠠᠨ ᠭᠠᠵᠠᠷ ᠲᠠᠭᠠᠨ ᠮᠣᠳᠣ᠌ ᠵᠠᠢᠯᠠᠬᠤ ᠵᠢ ᠵᠥᠪᠰᠢᠶᠠᠷᠡᠬᠥ ᠪᠤᠯᠤᠬᠰᠠᠨ ᠪᠠᠢᠨ᠎ᠠ᠃ ᠡᠨᠡ ᠮᠡᠲᠦ ᠵᠢᠯ ᠪᠥᠷᠢ ᠮᠤᠳᠤ ᠵᠠᠢᠯᠠᠬᠤ ᠪᠡᠷ ᠳᠠᠮᠵᠢᠨ᠂ ᠠᠭᠤᠯᠠ ᠭᠠᠴᠠᠭ᠎ᠠ ᠵᠢᠨ ᠡᠯᠡᠰᠦᠷᠬᠡᠭ ᠭᠠᠵᠠᠷ ᠲᠦ᠍ ᠤᠢ ᠮᠤᠳᠤ ᠤᠷᠭᠤᠨ ᠢᠬᠴᠤᠷᠠᠵᠤ ᠂ ᠠᠮᠢ ᠠᠬᠤᠢ ᠣᠷᠴᠢᠨ ᠲᠣᠭᠣᠷᠢᠨ ᠶᠡᠬᠡ ᠪᠡᠷ ᠰᠠᠢᠵᠢᠷᠠᠪᠠ᠃ 《ᠠᠩᠬ᠎ᠠ ᠤᠳᠠᠭ᠎ᠠ ᠦ᠋ ᠳᠠᠷᠤᠭ᠎ᠠ ᠨᠠᠮᠠᠶ᠋ᠢ ᠡᠷᠢᠬᠦ ᠦᠶ᠎ᠡ ᠳ᠋ᠦ᠂ ᠪᠢ  ᠵᠥᠪᠰᠢᠶᠡᠷᠡᠭᠰᠡᠨ ᠥᠭᠡᠢ᠂ ᠬᠤᠢᠨ᠎ᠠ ᠨᠢ ᠵᠦᠪᠰᠢᠶᠡᠷᠡᠭᠰᠡᠨ ᠰᠢᠤ᠂ ᠤᠳᠤ ᠲᠡᠭᠦᠨ ᠳ᠋ᠦ ᠦᠨᠡᠨ᠎ᠬᠦ ᠲᠠᠯᠠᠷᠬᠠᠵᠤ ᠪᠠᠢᠨ᠎ᠠ᠂ ᠮᠠᠨ ᠤ᠋ ᠲᠣᠰᠬᠣᠨ ᠮᠣᠳᠣ᠌ ᠵᠠᠢᠯᠠᠭᠰᠠᠨ ᠡᠴᠡ ᠬᠣᠢᠰᠢ ᠣᠷᠴᠢᠨ ᠲᠣᠭᠣᠷᠢᠨ ᠰᠠᠢᠵᠢᠷᠠᠵᠤ᠂ ᠦᠬᠡᠷ ᠤ᠋ᠨ ᠪᠡᠯᠴᠢᠭᠡᠷ ᠨᠣᠭᠣᠭᠠᠷᠠᠪᠠ᠂ ᠲᠠᠷᠢᠶ᠎ᠠ ᠳᠠᠷᠢᠭ᠍ᠰᠠᠨ ᠤ᠋ ᠲᠠᠷᠠᠭ᠎ᠠ ᠲᠠᠬᠢᠭᠠᠳ ᠬᠡᠳᠦᠢ ᠶᠡᠬᠡ ᠰᠠᠯᠬᠢ ᠰᠢᠭᠤᠷᠭ᠎ᠠ ᠳᠡᠭᠳᠡᠭᠰᠡᠨ ᠴᠦ᠍ ᠳᠠᠷᠢᠶᠠᠨ ᠴᠢᠬᠢ ᠵᠢ ᠨᠥᠯᠥᠭᠡᠯᠡᠬᠦ ᠦᠭᠡᠢ ᠪᠣᠯᠵᠠᠢ 》 ᠭᠡᠵᠦ ᠠᠭᠤᠯᠠ ᠭᠠᠴᠠᠭᠠᠨ ᠤ᠋ ᠠᠷᠠᠳ ᠲᠢᠶᠠᠨ ᠭ᠋ᠸ᠋ ᠪᠠᠶᠠᠷᠲᠠᠢ ᠶᠠᠷᠢᠨ᠎ᠠ ᠃

ᠠᠭᠤᠯᠠ ᠤᠢ ᠰᠢᠭᠤᠢ ᠵᠢᠨ ᠲᠠᠯᠠᠪᠠᠢ ᠳ᠋ᠤ ᠪᠠᠢᠭᠠᠯᠢ ᠵᠢᠨ ᠮᠣᠳᠣᠨ ᠤ᠋ ᠲᠦᠷᠦᠯ ᠵᠦᠢᠯ ᠮᠠᠰᠢ ᠪᠠᠶᠠᠯᠢᠭ᠋ ᠪᠣᠯᠬᠣᠷ ᠥᠨᠡᠨᠴᠢ ᠲᠤᠭᠤᠷᠢᠨ ᠴᠠᠬᠳᠠᠬᠤ ᠳ᠋ᠠᠭᠠᠨ ᠡᠨᠡ ᠲᠠᠯ᠎ᠠ ᠪᠡᠷ ᠤᠨᠴᠠᠭᠠᠢᠯᠠᠨ ᠠᠩᠬᠠᠷᠴᠥ᠂ ᠬᠡᠰᠡᠭ ᠬᠤᠭᠤᠴᠠᠭ᠎ᠠ ᠠᠯᠤᠰᠯᠠᠬᠤ ᠪᠦᠷᠢ ᠰᠢᠨ᠎ᠡ ᠢᠯᠡᠷᠡᠭᠦᠯᠦᠯᠲᠡ ᠲᠠᠢ ᠪᠣᠯᠳᠠᠭ ᠃ ᠣᠯᠠᠨ ᠵᠢᠯ ᠤ᠋ᠨ ᠲᠤᠷᠰᠢ᠂ ᠲᠡᠭᠦᠨ ᠤ᠋ ᠢᠯᠡᠷᠡᠭᠥᠯᠵᠤ ᠨᠤᠲᠠᠯᠠᠭᠰᠠᠨ ᠪᠠᠢᠭᠠᠯᠢ ᠵᠢᠨ ᠮᠣᠳᠣ 27 ᠲᠥᠷᠥᠯ ᠳ᠋ᠦ ᠬᠦᠷᠦᠭᠰᠡᠨ ᠪᠠᠢᠨ᠎ᠠ᠃ ᠡᠭᠦᠨ ᠤ᠋ ᠬᠠᠮᠲᠤ᠂ ᠤᠢ ᠰᠢᠭᠤᠢ ᠵᠢᠨ ᠲᠠᠯᠠᠪᠠᠢ ᠵᠢᠨ ᠠᠮᠢ ᠠᠬᠤᠢ ᠣᠷᠴᠢᠨ ᠲᠣᠭᠣᠷᠢᠨ ᠠᠭᠠᠵᠢᠮ ᠵᠢᠠᠷ ᠰᠠᠢᠵᠢᠷᠠᠬᠤ ᠵᠢ ᠳᠠᠭᠠᠯᠳᠤᠨ᠂ ᠡᠨᠳᠡ ᠢᠷᠡᠵᠦ ᠠᠮᠠᠷᠠᠵᠤ ᠡᠭᠥᠷᠭᠡᠯᠡᠬᠥ ᠰᠢᠪᠠᠭᠤᠨ ᠤ᠋ ᠲᠦᠷᠦᠯ ᠴᠦ᠍ ᠵᠢᠯ᠎ᠡᠴᠡ ᠵᠢᠯ ᠳ᠋ᠦ ᠣᠯᠠᠰᠢᠷᠠᠵᠤ᠂ ᠲᠡᠷᠡᠴᠢᠯᠡᠨ ᠨᠢᠭᠡᠨᠲᠡ ᠠᠷᠢᠯᠤᠭᠠᠳ ᠤᠯᠠᠨ ᠵᠢᠯ ᠪᠣᠯᠤᠭᠰᠠᠨ ᠥᠨᠡᠬᠡ ᠵᠡᠷᠭᠡ ᠬᠡᠭᠡᠷ᠎ᠡ ᠵᠢᠨ ᠠᠮᠢᠳᠠᠨ ᠴᠤ᠌ ᠤᠢ ᠰᠢᠭᠤᠢ ᠵᠢᠨ ᠲᠠᠯᠠᠪᠠᠢ ᠳ᠋ᠤ ᠵᠠᠯᠭᠠᠭ᠎ᠠ ᠪᠠᠷ ᠢᠯᠡᠷᠡᠵᠡᠢ᠂ ᠡᠨᠡ ᠪᠦᠬᠦᠨ ᠨᠢ ᠥᠨᠡᠨᠴᠢ ᠵᠢᠨ ᠰᠡᠳᠬᠢᠯ ᠢ᠋ ᠶᠡᠬᠡᠳᠡ ᠤᠷᠮᠠᠰᠢᠭᠤᠯᠵᠤ ᠪᠠᠶᠠᠷᠯᠠᠭᠤᠯᠳᠠᠬ ᠪᠠᠢᠪᠠ᠃

ᠵᠢᠯ ᠪᠦᠷᠢ ᠵᠢᠨ ᠬᠠᠪᠤᠷ ᠤ᠋ᠨ ᠤᠯᠠᠷᠢᠯ ᠳ᠋ᠤ ᠂ ᠭᠠᠩ ᠬᠠᠭᠤᠷᠠᠢ ᠠᠭᠤᠷ ᠠᠮᠢᠰᠬᠤᠯ ᠬᠢᠭᠡᠳ ᠬᠠᠩᠰᠢ ᠵᠢᠨ ᠡᠳᠦᠷ ᠤ᠋ᠨ ᠲᠠᠬᠢᠯᠭ᠎ᠠ ᠵᠢᠨ ᠠᠵᠢᠯᠯᠠᠭ᠎ᠠ ᠵᠡᠷᠭᠡ ᠨᠢ ᠭᠠᠯ ᠢ᠋ ᠰᠡᠷᠭᠡᠢᠯᠡᠬᠦ ᠳᠠᠷᠤᠭᠠᠰᠤ ᠵᠢ ᠶᠡᠬᠡ ᠪᠡᠷ ᠨᠡᠮᠡᠭᠳᠡᠭᠥᠯᠳᠡᠭ ᠃ ᠡᠨᠡ ᠥᠶᠡᠰ ᠥᠨᠡᠨᠴᠢ ᠬᠢᠭᠡᠳ ᠲᠡᠭᠦᠨ ᠤ᠋ ᠬᠠᠮᠲᠤ ᠠᠵᠢᠯᠯᠠᠭᠰᠠᠳ ᠲᠠᠢ ᠪᠠᠨ ᠰᠢᠭᠤᠢᠲᠤ ᠣᠷᠣᠨ ᠤ᠋ ᠵᠠᠮ ᠤ᠋ᠨ ᠬᠠᠵᠠᠭᠤ ᠳ᠋ᠠᠬᠢ ᠰᠢᠲᠠᠮᠠᠬᠠᠢ ᠪᠣᠳᠠᠰ ᠢ᠋ ᠲᠤᠢᠯᠪᠤᠷᠢᠲᠠᠢ ᠴᠡᠪᠡᠷᠯᠡᠵᠦ᠂ ᠤᠢ ᠰᠢᠭᠤᠢ ᠳ᠋ᠤ ᠣᠷᠣᠬᠤ ᠵᠠᠮ ᠢ᠋ ᠴᠠᠭ ᠲᠤᠬᠠᠢ ᠳ᠋ᠤᠨᠢ ᠬᠠᠰᠢᠵᠤ ᠤᠨᠢᠰᠥᠯᠠᠨ᠂ ᠭᠠᠯ ᠤ᠋ᠨ ᠭᠠᠮᠰᠢᠭ᠋ ᠤ᠋ᠨ ᠭᠡᠮ ᠰᠣᠭᠣᠭ ᠢ᠋ ᠠᠷᠢᠯᠭᠠᠳᠠᠬ᠃ ᠡᠭᠦᠨ ᠤ᠋ ᠬᠠᠮᠲᠤ᠂ ᠳᠡᠳᠡ ᠪᠠᠰᠠ ᠭᠠᠯ ᠢ᠋ ᠰᠡᠷᠭᠡᠢᠯᠡᠬᠦ ᠤᠬᠠᠭᠤᠯᠭ᠎ᠠ ᠬᠥᠮᠦᠵᠢᠯ ᠢ᠋ ᠰᠠᠢᠲᠤᠷ ᠬᠢᠬᠦ ᠵᠢ ᠪᠠᠷᠢᠮᠲᠠᠯᠠᠵᠤ᠂ ᠬᠠᠮᠢᠭ᠎ᠠ ᠣᠴᠢᠪᠠᠯ ᠤᠬᠠᠭᠤᠯᠬᠤ ᠠᠵᠢᠯ ᠢ᠋ ᠲᠡᠨᠳᠡ ᠬᠦᠷᠲᠡᠯ᠎ᠡ ᠥᠷᠨᠢᠭᠦᠯᠥᠨ᠂ ᠤᠢ ᠰᠢᠭᠤᠢ ᠵᠢᠨ ᠳᠦᠷᠦ ᠵᠢᠨ ᠪᠣᠳᠣᠯᠭ᠎ᠠ ᠬᠠᠤᠯᠢ ᠲᠣᠭᠲᠠᠭᠠᠯ᠂ ᠭᠠᠯ ᠲᠤᠢᠮᠠᠷ᠎ᠢ ᠰᠡᠷᠭᠡᠢᠯᠡᠬᠦ ᠶᠡᠷᠦ ᠵᠢᠨ ᠮᠡᠳᠡᠯᠭᠡ᠂ ᠠᠭᠤᠯᠠ ᠵᠢ ᠪᠢᠲᠡᠭᠦᠮᠵᠢᠯᠡᠨ ᠪᠡᠯᠴᠢᠭᠡᠷᠯᠡᠭᠦᠯᠬᠦ ᠵᠢ ᠴᠠᠭᠠᠵᠠᠯᠠᠬᠤ ᠳᠦᠷᠦ ᠵᠢᠨ ᠪᠣᠳᠣᠯᠭ᠎ᠠ ᠵᠡᠷᠭᠡ ᠵᠢ ᠰᠢᠭᠤᠢᠲᠤ ᠣᠷᠣᠨ ᠤ᠋ ᠤᠯᠠᠨ ᠲᠦᠮᠡᠨ ᠳ᠋ᠦ ᠴᠠᠭ ᠲᠤᠬᠠᠢ ᠳ᠋ᠤᠨᠢ ᠤᠯᠠᠮᠵᠢᠯᠠᠨ ᠤᠬᠠᠭᠤᠯᠳᠠᠭ᠃ ᠡᠢᠨ᠎ᠬᠦ ᠤᠳᠠᠭᠠᠨ ᠵᠢᠯ ᠤ᠋ᠨ ᠤᠬᠠᠭᠤᠯᠭ᠎ᠠ ᠪᠠᠷ ᠲᠠᠮᠵᠢᠨ᠂ ᠲᠤᠬᠠᠢ ᠵᠢᠨ ᠭᠠᠵᠠᠷ ᠤ᠋ᠨ ᠤᠯᠠᠨ ᠲᠦᠮᠡᠨ ᠤ᠋ ᠤᠢ ᠰᠢᠭᠤᠢ ᠵᠢ ᠬᠠᠮᠠᠭᠠᠯᠠᠵᠤ ᠭᠠᠯ ᠲᠤᠢᠮᠠᠷ᠎ᠢ ᠰᠡᠷᠭᠡᠢᠯᠡᠬᠦ ᠦᠵᠡᠯ ᠤᠬᠠᠮᠰᠠᠷ ᠢᠯᠡᠳᠲᠡ ᠳᠡᠭᠡᠭᠰᠢᠯᠡᠵᠡᠢ᠃

ᠡᠯᠡᠰᠦ ᠵᠢ ᠵᠠᠰᠠᠵᠤ ᠮᠣᠳᠣ᠌ ᠵᠠᠢᠯᠠᠬᠤ ᠲᠤᠷᠰᠢᠯᠭ᠎ᠠ ᠪᠠᠷ ᠪᠠᠶᠠᠯᠢᠭ᠋ ᠪᠣᠯᠬᠣᠷ ᠵᠢᠯ ᠪᠦᠷᠢ ᠥᠨᠡᠨᠴᠢ ᠪᠣᠯᠣᠨ ᠳᠡᠭᠥᠨ ᠤ᠋ ᠬᠠᠮᠲᠤ ᠠᠵᠢᠯᠯᠠᠭᠰᠠᠳ ᠲᠠᠢ ᠪᠠᠨ ᠬᠦᠷᠢᠶ᠎ᠡ ᠬᠣᠰᠢᠭᠤᠨ ᠤ᠋ ᠪᠤᠰᠤᠳ ᠰᠤᠮᠤ ᠰᠢᠶᠠᠩ ᠪᠠᠯᠭᠠᠰᠤᠨ ᠳ᠋ᠤ ᠬᠦᠷᠴᠦ ᠣᠢᠵᠢᠭᠤᠯᠬᠤ ᠠᠵᠢᠯ ᠳ᠋ᠤ ᠣᠷᠣᠯᠴᠠᠵᠤ᠂ ᠵᠢᠯ ᠳᠤᠮᠳᠠᠴᠢ ᠪᠠᠷ 4000 ᠮᠦ᠍ ᠮᠣᠳᠣ᠌ ᠵᠠᠢᠯᠠᠵᠤ᠂ ᠮᠦ᠍ ᠪᠦᠷᠢ ᠳ᠋ᠤ 65 ᠰᠠᠭᠤᠷᠢ ᠮᠣᠳᠣ᠌ ᠪᠠᠷ ᠪᠤᠳᠤᠪᠡᠯ᠂ 38 ᠵᠢᠯ ᠤ᠋ᠨ ᠳᠣᠲᠣᠷ᠎ᠠ ᠲᠡᠷᠡ ᠪᠣᠯᠣᠨ ᠤᠢ ᠰᠢᠭᠤᠢ ᠵᠢᠨ ᠲᠠᠯᠠᠪᠠᠢ ᠵᠢᠨ ᠤᠯᠠᠨ ᠠᠵᠢᠯᠴᠢᠨ ᠨᠡᠢ᠍ᠢᠲᠡ 1000 ᠲᠦᠮᠡ ᠰᠢᠬᠠᠮ ᠰᠠᠭᠤᠷᠢ ᠮᠣᠳᠣ᠌ ᠵᠠᠢᠯᠠᠬᠰᠠᠨ ᠪᠠᠢᠨ᠎ᠠ᠃

38 ᠬᠠᠪᠤᠷ ᠨᠠᠮᠤᠷ᠂ 13500 ᠭᠠᠷᠤᠢ ᠡᠳᠦᠷ ᠬᠤᠨᠤᠬ ᠲᠦ᠍᠂ ᠥᠨᠡᠨᠴᠢ ᠬᠡᠳᠥᠢᠪᠡᠷ ᠲᠡᠭᠷᠢ ᠭᠠᠵᠠᠷ ᠢ᠋ ᠳᠣᠩᠰᠣᠯᠭᠠᠮ᠎ᠠ ᠠᠭᠤᠤ ᠦᠢᠯᠡᠰ ᠪᠥᠲᠥᠭᠡᠭᠰᠡᠨ ᠥᠭᠡᠢ ᠭᠡᠳᠡᠭ ᠪᠣᠯᠪᠠᠴᠤ ᠲᠡᠷᠡ ᠥᠪᠡᠷ ᠤ᠋ᠨ ᠠᠵᠢᠯ ᠤ᠋ᠨ ᠪᠠᠢᠷᠢ ᠳᠡᠭᠡᠷ᠎ᠡ ᠪᠠᠨ ᠭᠣᠶᠠᠴᠢ ᠦᠭᠡᠢ ᠵᠢᠳᠬᠦᠵᠦ᠂ ᠲᠥᠪ ᠬᠢᠴᠢᠶᠡᠩᠭᠦᠢ ᠪᠡᠷ ᠠᠵᠢᠯᠯᠠᠨ᠂ ᠤᠭ ᠰᠠᠨᠠᠭ᠎ᠠ ᠪᠠᠨ ᠪᠠᠲᠤ ᠰᠠᠬᠢᠵᠤ᠂ ᠡᠯᠡᠰᠦ ᠲᠠᠢ ᠬᠠᠨᠢᠯᠠᠨ᠂ ᠤᠢ ᠰᠢᠭᠤᠢ ᠪᠡᠷ ᠭᠡᠷ ᠵᠢᠡᠨ ᠪᠣᠯᠭᠠᠵᠤ᠂ ᠪᠣᠳᠠᠲᠤ ᠠᠵᠢᠯᠯᠠᠭ᠎ᠠ ᠪᠠᠷ ᠵᠢᠠᠨ ᠡᠨᠡ ᠬᠦ᠌ ᠬᠥᠬᠡᠮᠳᠦᠭ ᠨᠣᠭᠣᠭᠠᠨ ᠠᠭᠤᠯᠠ ᠤᠰᠤ ᠪᠠᠨ ᠰᠠᠬᠢᠨ ᠬᠠᠮᠠᠭᠠᠯᠠᠵᠤ ᠢᠷᠡᠪᠡ ᠃ ᠥᠨᠡᠨᠴᠢ ᠮᠡᠲᠦ ᠵᠢᠨ ᠤᠯᠠᠨ ᠵᠢᠯ ᠢ᠋ ᠨᠢᠭᠡ ᠡᠳᠦᠷ ᠮᠡᠲᠦ ᠥᠩᠭᠡᠷᠡᠭᠥᠯᠥᠭᠰᠡᠨ ᠰᠠᠬᠢᠨ ᠬᠠᠮᠠᠭᠠᠯᠠᠭ᠍ᠴᠢ ᠲᠠᠢ ᠪᠠᠢᠬᠰᠠᠨ ᠡᠴᠡ ᠰᠠᠶᠢ ᠠᠭᠤᠯᠠ ᠤᠢ ᠰᠢᠭᠤᠢ ᠵᠢᠨ ᠲᠠᠯᠠᠪᠠᠢ ᠨᠢ ᠤᠯᠠᠮ ᠰᠠᠢᠨ ᠠᠮᠢ ᠠᠬᠤᠢ ᠣᠷᠴᠢᠨ ᠲᠣᠭᠣᠷᠢᠨ ᠲᠠᠢ ᠪᠣᠯᠤᠭᠰᠠᠨ ᠶᠤᠮ᠃ 《ᠨᠤᠲᠤᠭ ᠤᠰᠤᠨ ᠤ᠋ ᠪᠠᠨ ᠠᠮᠢ ᠠᠬᠤᠢ ᠣᠷᠴᠢᠨ ᠲᠣᠭᠣᠷᠢᠨ ᠪᠠ ᠠᠷᠠᠳ ᠤᠯᠠᠨ ᠤ᠋ ᠦᠢᠯᠡᠳᠪᠦᠷᠢᠯᠡᠯ ᠠᠮᠢᠳᠤᠷᠠᠯ ᠢᠳᠡᠭ ᠢᠳᠡᠭ ᠵᠢᠡᠷ ᠰᠠᠢᠵᠢᠷᠠᠬᠤ ᠵᠢ ᠬᠠᠷᠠᠭᠠᠳ ᠮᠢᠨᠤ ᠤᠯᠠᠨ ᠵᠢᠯ ᠤ᠋ᠨ ᠪᠠᠷᠢᠮᠲᠠᠯᠠᠯ ᠪᠠ ᠴᠢᠷᠮᠠᠢᠯᠭ᠎ᠠ ᠲᠠᠯᠠᠭᠠᠷ ᠪᠣᠯᠤᠭᠰᠠᠨ ᠦᠭᠡᠢ ᠭᠡᠳᠡᠭ ᠢ᠋ ᠤᠯᠵᠤ ᠮᠡᠳᠡᠯ᠎ᠡ᠂ ᠬᠤᠢᠰᠢᠳᠠ ᠮᠥᠨ᠎ᠬᠦ ᠠᠵᠢᠯ ᠤ᠋ᠨ ᠪᠠᠢᠷᠢ ᠪᠠᠨ ᠪᠠᠳᠤ ᠰᠠᠬᠢᠨ᠂ ᠤᠬ ᠰᠠᠨᠠᠭ᠎ᠠ ᠪᠠᠨ ᠦᠯᠦ ᠮᠠᠷᠳᠠᠵᠤ᠂ ᠬᠥᠷᠢᠶ᠎ᠡ ᠨᠤᠲᠤᠬ ᠤ᠋ᠨ ᠵᠢᠨᠨ ᠨᠤᠭᠤᠭᠠᠷᠠᠭᠤᠯᠤᠯᠲᠠ ᠵᠢᠨ ᠥᠢᠯᠡᠰ ᠲᠦ᠍ ᠨᠡᠩ ᠶᠡᠬᠡ ᠬᠦᠴᠦᠨ ᠴᠢᠳᠠᠯ ᠵᠢᠠᠨ ᠡᠷᠭᠦᠨ᠎ᠡ 》 ᠭᠡᠵᠦ ᠥᠨᠡᠨᠴᠢ ᠳᠤᠬᠳᠤᠯᠤᠨ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号