ᠠᠮᠢᠯᠠᠯ ᠪᠢᠯᠬᠠᠭᠰᠠᠨ ᠬᠠᠪᠤᠷ ᠴᠠᠭ ᠪᠤᠯᠬᠤ ᠪᠡᠷ ᠤᠯᠠᠭᠠᠨᠬᠤᠳᠠ ᠵᠢᠨ ᠲᠢᠶᠧ ᠰᠢ ᠬᠡᠦᠬᠡᠳ᠎ᠤᠨ ᠴᠡᠴᠡᠷᠯᠢᠭ᠎ᠤᠨ ᠬᠢᠨ ᠬᠡᠦᠬᠡᠳ᠎ᠢ ᠬᠠᠷᠠᠬᠠᠨ ᠪᠠᠭ᠎ᠠ ᠡᠴᠡ ᠨᠢ ᠡᠬᠡ ᠪᠠᠢᠭᠠᠯᠢ ᠲᠠᠢ ᠤᠢᠷᠠᠳᠤᠭᠤᠯᠵᠤ᠂ ᠠᠮᠢ ᠨᠠᠰᠤ ᠵᠢ ᠬᠠᠮᠠᠭᠠᠯᠠᠵᠤ ᠳᠡᠬᠡᠳᠦᠯᠡᠬᠦ ᠬᠦᠮᠦᠵᠢᠯ ᠬᠦᠷᠳᠡᠬᠡᠬᠦ ᠵᠢᠨ ᠲᠦᠯᠦᠬᠡ᠂ ᠠᠩᠬᠢ ᠵᠢᠨ ᠬᠡᠷ ᠳᠡᠬᠡᠨ ᠤᠷᠭᠤᠮᠠᠯ᠎ᠤᠨ ᠪᠤᠯᠤᠩ ᠲᠤᠬᠢᠷᠠᠭᠤᠯᠵᠤ᠂ ᠪᠠᠢᠭᠠᠯᠢ ᠵᠢᠨ ᠬᠦᠮᠦᠵᠢᠯ᠎ᠢ ᠴᠡᠴᠡᠷᠯᠢᠭ᠎ᠤᠨ ᠡᠳᠦᠷ ᠳᠤᠳᠤᠮ᠎ᠤᠨ ᠵᠢᠭᠠᠨ ᠰᠤᠷᠭᠠᠯᠳᠠ ᠳ᠋ᠠᠭᠠᠨ ᠠᠭᠤᠰᠤᠯᠴᠠᠭᠤᠯᠪᠠ᠃

ᠪᠠᠭᠰᠢ ᠨᠠᠷ ᠡᠴᠡ ᠤᠷᠭᠤᠮᠠᠯ᠎ᠤᠨ ᠪᠤᠯᠤᠩ ᠵᠢᠡᠨ ᠰᠡᠳᠬᠢᠯ ᠳᠠᠯᠪᠢᠨ ᠲᠦᠰᠦᠪᠯᠡᠵᠦ᠂ ᠴᠡᠴᠡᠭ ᠤᠷᠭᠤᠮᠠᠯ ᠠᠷᠠᠴᠢᠯᠠᠵᠤ ᠳᠡᠵᠢᠬᠡᠬᠦ᠂ ᠰᠢᠷᠤᠢ ᠳ᠋ᠤ ᠳᠠᠷᠢᠵᠤ ᠤᠷᠭᠤᠭᠤᠯᠬᠤ᠂ ᠤᠰᠤᠨ ᠳ᠋ᠤ ᠤᠷᠭᠤᠭᠤᠯᠬᠤ ᠬᠡᠰᠡᠭ ᠬᠤᠪᠢᠶᠠᠵᠤ᠂ ᠬᠡᠦᠬᠡᠳ᠎ᠢ ᠳᠠᠭᠠᠭᠤᠯᠤᠨ ᠰᠢᠷ᠎ᠠ ᠪᠤᠷᠴᠠᠭ᠂ ᠨᠤᠭᠤᠭᠠᠨ ᠪᠤᠷᠴᠠᠭ᠂ ᠰᠤᠩᠬᠢᠨ᠎ᠠ᠂ ᠢᠳᠠᠷ ᠨᠤᠭᠤᠭ᠎ᠠ ᠵᠢᠴᠢ ᠬᠤᠸᠠᠷ ᠴᠡᠴᠡᠭ ᠲᠠᠷᠢᠵᠤ ᠠᠷᠠᠴᠢᠯᠠᠬᠤ ᠪᠡᠷ ᠳᠠᠮᠵᠢᠭᠤᠯᠵᠤ᠂ ᠬᠡᠦᠬᠡᠳ ᠲᠤ᠌ ᠤᠷᠭᠤᠮᠠᠯ᠎ᠤᠨ ᠦᠷ᠎ᠠ ᠵᠢ ᠳᠠᠷᠢᠬᠤ᠂ ᠰᠤᠶᠤᠭᠠᠯᠠᠵᠤ ᠨᠠᠬᠢᠶᠠᠯᠠᠬᠤ᠂ ᠴᠡᠴᠡᠭᠯᠡᠵᠦ ᠳᠡᠯᠬᠡᠷᠡᠬᠦ ᠪᠦᠬᠦ ᠶᠠᠪᠤᠴᠠ ᠵᠢ ᠦᠵᠡᠬᠦᠯᠵᠦ ᠤᠢᠯᠠᠭᠠᠭᠤᠯᠵᠤ ᠪᠤᠢ᠃

ᠬᠡᠦᠬᠡᠳ᠎ᠢ ᠤᠷᠭᠤᠮᠠᠯ᠎ᠢ ᠳᠡᠵᠢᠬᠡᠵᠦ ᠠᠷᠠᠴᠢᠯᠠᠵᠤ ᠬᠠᠮᠠᠭᠠᠯᠠᠬᠤ ᠪᠦᠬᠦ ᠶᠠᠪᠤᠴᠠ ᠳ᠋ᠤ ᠤᠷᠤᠯᠴᠠᠭᠤᠯᠬᠤ ᠵᠢᠨ ᠲᠦᠯᠦᠬᠡ᠂ ᠡᠯ᠎ᠠ ᠠᠩᠬᠢ ᠨᠢᠬᠡᠴᠢ ᠨᠢ 《ᠪᠢᠴᠢᠬᠠᠨ ᠴᠢᠬᠢ ᠬᠠᠮᠠᠭᠠᠯᠠᠭᠴᠢ》 ᠵᠢᠨ ᠠᠵᠢᠯ᠎ᠤᠨ ᠪᠠᠢᠷᠢ ᠲᠤᠬᠢᠷᠠᠭᠤᠯᠤᠨ ᠡᠬᠡᠯᠵᠢᠯᠡᠬᠦᠯᠵᠦ ᠪᠠᠢᠳᠠᠭ᠃ ᠪᠠᠭᠰᠢ ᠨᠠᠷ᠎ᠤᠨ᠎ᠢᠶᠡᠨ ᠵᠢᠯᠤᠭᠤᠳᠤᠯᠭ᠎ᠠ ᠪᠠᠷ ᠬᠡᠦᠬᠡᠳ᠎ᠤᠳ ᠡᠳᠦᠷ ᠪᠦᠷᠢ ᠳᠤᠭᠳᠠᠭᠰᠠᠨ ᠴᠠᠭ ᠲᠠᠭᠠᠨ ᠤᠰᠤᠯᠠᠬᠤ᠂ ᠬᠦᠷᠦᠰᠤ ᠵᠢ ᠨᠢ ᠰᠤᠯᠠᠷᠠᠭᠤᠯᠵᠤ ᠦᠭᠬᠦ᠂ ᠨᠠᠪᠴᠢ ᠵᠢ ᠨᠢ ᠠᠷᠴᠢᠵᠤ ᠴᠡᠪᠡᠷᠯᠡᠬᠦ ᠠᠵᠢᠯ ᠳ᠋ᠤ ᠤᠷᠤᠯᠴᠠᠬᠤ ᠵᠢᠨ ᠵᠡᠷᠬᠡ ᠪᠡᠷ ᠤᠷᠭᠤᠮᠠᠯ᠎ᠤᠨ ᠦᠰᠦᠯᠳᠡ ᠬᠤᠪᠢᠷᠠᠯᠳᠠ ᠵᠢ ᠨᠠᠷᠢᠨ ᠬᠢᠨᠠᠮᠠᠭᠠᠢ ᠠᠵᠢᠭᠯᠠᠵᠤ ᠪᠠᠢᠳᠠᠭ᠃

《ᠪᠢᠳᠡ ᠬᠡᠦᠬᠡᠳ᠎ᠤᠨ ᠨᠠᠰᠤᠨ᠎ᠤ ᠤᠨᠴᠠᠯᠢᠭ ᠲᠸ᠋ ᠵᠤᠬᠢᠴᠠᠭᠤᠯᠵᠤ᠂ ᠲᠠᠷᠢᠬᠤ᠎ᠠᠴᠠ ᠰᠣᠶᠣᠭᠠᠯᠠᠵᠤ ᠴᠢᠬᠢᠯᠡᠬᠦ ᠬᠦᠷᠳᠡᠯ᠎ᠡ᠂ ᠠᠷᠠᠴᠢᠯᠠᠵᠤ ᠬᠠᠮᠠᠭᠠᠯᠠᠬᠤ ᠬᠦᠷᠳᠡᠯ᠎ᠡ ᠬᠡᠦᠬᠡᠳ᠎ᠦᠳ᠎ᠢ ᠤᠷᠤᠯᠴᠠᠭᠤᠯᠵᠤ᠂ ᠡᠭᠦᠨ᠎ᠤ ᠤᠯᠠᠮ ᠡᠴᠡ ᠠᠮᠢ ᠨᠠᠰᠤ᠎ᠵᠢ ᠨᠠᠨᠳᠢᠩᠨᠠᠬᠤ᠂ ᠬᠠᠷᠢᠭᠤᠴᠠᠯᠭᠠᠲᠤ ᠰᠡᠳᠬᠢᠯᠭᠡ᠂ ᠠᠵᠢᠭ᠍ᠯᠠᠬᠤ ᠴᠢᠳᠠᠪᠤᠷᠢ ᠪᠣᠯᠣᠨ ᠬᠥᠳᠡᠯᠮᠦᠷᠢ᠎ᠶᠢᠨ ᠤᠬᠠᠮᠰᠠᠷ᠎ᠢ ᠨᠢ ᠠᠯᠬᠤᠮ ᠠᠯᠬᠤᠮ᠎ᠢᠶᠠᠷ ᠬᠦᠮᠦᠵᠢᠬᠦᠯᠵᠦ᠂ ᠬᠡᠤᠬᠡᠳ ᠲᠸ᠋ ᠰᠢᠨᠵᠢᠯᠡᠬᠦ ᠤᠬᠠᠭᠠᠨ᠎ᠤ ᠮᠡᠳᠡᠯᠭᠡ ᠲᠦᠭᠡᠮᠡᠯᠵᠢᠭᠦᠯᠬᠦ᠎ᠶᠢᠨ ᠵᠡᠷᠭᠡ ᠪᠡᠷ ᠡᠬᠡ ᠪᠠᠢᠭᠠᠯᠢ ᠪᠠᠨ ᠬᠠᠢᠷᠠᠯᠠᠬᠤ ᠰᠡᠳᠭᠢᠯᠭᠡ ᠵᠢ ᠨᠢ ᠬᠦᠮᠦᠵᠢᠭᠦᠯᠵᠦ ᠪᠠᠢᠨ᠎ᠠ》 ᠭᠡᠵᠦ ᠵᠢᠨ ᠬᠤᠸᠠ ᠪᠠᠭᠰᠢ ᠳᠠᠨᠢᠯᠴᠠᠭᠤᠯᠤᠨ᠎ᠠ᠃
ᠪᠤᠯᠪᠠᠷᠠᠢ ᠬᠦᠬᠡᠷᠦᠬᠦᠨ ᠬᠡᠦᠬᠡᠳ᠎ᠤᠳ ᠮᠠᠨᠢ ᠪᠠᠭᠰᠢ ᠨᠠᠷ᠎ᠤᠨ᠎ᠢᠶᠡᠨ ᠬᠠᠢᠷ᠎ᠠ ᠬᠠᠯᠠᠮᠵᠢ ᠪᠠᠷ ᠲᠠᠷᠢᠵᠤ ᠪᠠᠢᠭ᠎ᠠ ᠴᠡᠴᠡᠭ ᠤᠷᠭᠤᠮᠠᠯ ᠰᠢᠭ᠋᠎ᠢᠶᠡᠨ ᠦᠩᠭᠡ ᠢᠯᠭᠠᠷᠠᠨ ᠢᠳᠡᠷᠡᠭᠦᠨ ᠪᠤᠢᠵᠢᠬᠤ ᠨᠢ ᠯᠠᠪᠳᠠᠢ᠃