《ᠬᠣᠶᠠᠷ᠎ᠢ ᠬᠥᠩᠭᠡᠷᠡᠬᠦᠯᠬᠦ》ᠲᠥᠷᠥ᠎ᠶᠢᠨ ᠪᠣᠳᠣᠯᠭ᠎ᠠ ᠵᠢ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠪᠠᠭᠠᠴᠤᠳ ᠬᠡᠦᠬᠡᠳ᠎ᠤᠨ ᠰᠤᠷᠤᠯᠭ᠎ᠠ᠎ᠶᠢᠨ ᠳᠠᠷᠤᠭᠠᠰᠤ᠎ᠶᠢ ᠪᠦᠲᠦᠮᠵᠢᠲᠡᠶ ᠬᠦᠩᠬᠡᠷᠡᠬᠦᠯᠦᠨ᠂ ᠰᠤᠷᠤᠯᠭ᠎ᠠ ᠠᠮᠢᠳᠤᠷᠠᠯ᠎ᠢ ᠨᠢ ᠨᠡᠩ ᠪᠠᠶᠠᠯᠢᠭᠵᠢᠭᠤᠯᠬᠤ ᠵᠢᠨ ᠲᠦᠯᠦᠬᠡ ᠬᠦᠬᠡᠬᠤᠳᠠ ᠵᠢᠨ ᠬᠢᠨ《ᠭᠠᠷᠠᠭ ᠪᠦᠷᠢ᠎ᠶᠢᠨ ᠬᠠᠭᠠᠰ ᠡᠳᠦᠷ᠎ᠦᠨ ᠲᠥᠯᠥᠪᠯᠡᠭᠡ》ᠵᠢ ᠨᠡᠢᠳᠡᠯᠡᠭᠰᠡᠨ ᠨᠢ ᠪᠠᠭᠠᠴᠤᠳ ᠬᠡᠦᠬᠡᠳ᠎ᠢ ᠰᠤᠷᠭᠠᠭᠤᠯᠢ ᠵᠢᠨ ᠬᠦᠷᠢᠶᠡᠨ᠎ᠤ 《ᠪᠠᠭ᠎ᠠ ᠬᠢᠴᠢᠶᠡᠯ᠎ᠤᠨ ᠳᠠᠩᠬᠢᠮ》᠎ᠡᠴᠡ ᠭᠠᠷᠭᠠᠵᠤ᠂ ᠨᠡᠩ ᠦᠷᠬᠡᠨ ᠳᠡᠯᠬᠡᠷ ᠨᠡᠢᠬᠡᠮ᠎ᠤᠨ《ᠶᠡᠬᠡ ᠬᠢᠴᠢᠶᠡᠯ᠎ᠤᠨ ᠳᠠᠩᠬᠢᠮ》᠎ᠳ᠋ᠤ ᠤᠷᠤᠯᠴᠠᠭᠤᠯᠬᠤ᠂ ᠬᠡᠪ ᠴᠢᠨᠠᠷ᠎ᠤᠨ ᠰᠤᠷᠭᠠᠨ ᠬᠦᠮᠦᠵᠢᠯ᠎ᠢ ᠴᠢᠬᠤᠯᠠᠴᠢᠯᠠᠬᠰᠠᠨ ᠬᠦᠨᠵᠡᠭᠡᠢ ᠪᠤᠳᠤᠯᠬᠢᠯᠠᠯ ᠠᠵᠠᠢ᠃
ᠮᠦᠽᠧᠢᠤᠷᠳᠤᠨ ᠵᠢᠡᠷ ᠬᠦᠷᠴᠦ ᠬᠢᠴᠢᠶᠡᠯ᠎ᠦᠨ ᠪᠢᠴᠢᠭ ᠳᠡᠬᠢ ᠴᠡᠬᠡᠵᠢᠨ ᠳ᠋ᠤ ᠰᠠᠭᠤᠭᠳᠠᠮ᠎ᠠ ᠦᠬᠡᠢ ᠣᠨ ᠵᠢᠯ ᠪᠤᠶᠤ ᠨᠡᠷ᠎ᠡ ᠲᠣᠮᠢᠶ᠎ᠠ ᠵᠢ ᠨᠢᠳᠤᠨ ᠳ᠋ᠤ ᠦᠵᠡᠭᠳᠡᠵᠦ ᠭᠠᠷ ᠲᠤ᠌ ᠪᠠᠷᠢᠭᠳᠠᠬᠤ ᠲᠡᠦᠬᠡ᠎ᠶᠢᠨ ᠳᠤᠷᠠᠰᠬᠠᠯᠲᠤ ᠵᠦᠢᠯᠡᠰ ᠪᠤᠶᠤ ᠳᠡᠦᠬᠡ ᠵᠢᠨ ᠪᠤᠳᠠᠳᠤ ᠦᠯᠢᠬᠡᠷ ᠤᠴᠠᠷᠠᠯ ᠵᠢᠡᠷ ᠳᠠᠮᠵᠢᠭᠤᠯᠵᠤ ᠬᠦᠨᠵᠡᠭᠡᠢ ᠤᠢᠯᠠᠭᠠᠨ᠎ᠠ;ᠶᠡᠬᠡ ᠳᠡᠭᠡᠳᠦ ᠰᠤᠷᠭᠠᠭᠤᠯᠢ᠎ᠶᠢᠨ ᠲᠤᠷᠰᠢᠯᠲᠠ᠎ᠶᠢᠨ ᠲᠠᠰᠤᠭ᠎ᠲᠤ ᠬᠦᠷᠴᠦ ᠰᠢᠯᠭᠠᠯᠳᠠ ᠵᠢᠨ ᠬᠠᠭᠤᠳᠠᠰᠤᠨ ᠳᠡᠬᠡᠷᠡᠬᠢ ᠤᠢᠯᠠᠭᠠᠬᠳᠠᠬᠤ ᠦᠬᠡᠢ ᠵᠦᠢᠯᠡᠰ᠎ᠢ ᠰᠢᠨᠵᠢᠯᠡᠬᠦ ᠤᠬᠠᠭᠠᠨ᠎ᠤ ᠪᠤᠳᠠᠳᠤ ᠳᠤᠷᠰᠢᠯᠳᠠ ᠪᠡᠷ ᠳᠠᠮᠵᠢᠭᠤᠯᠵᠤ ᠬᠠᠢᠯᠳᠠ ᠰᠦᠪᠡᠭᠴᠢᠯᠡᠯᠳᠡ ᠬᠢᠵᠦ ᠠᠮᠢᠳᠤᠯᠢᠭ ᠡᠵᠡᠮᠰᠢᠨ᠎ᠡ;ᠦᠢᠯᠡᠳᠪᠦᠷᠢᠯᠡᠯ᠎ᠦᠨ ᠡᠮᠦᠨ᠎ᠡ ᠹᠷᠣᠨᠲ᠎ᠲᠤ ᠬᠦᠨᠵᠡᠬᠡᠢᠷᠡᠵᠦ ᠡᠯᠪᠡᠭ ᠬᠤᠷᠢᠶᠠᠯᠳᠠ ᠪᠤᠯ ᠬᠦᠴᠦ ᠬᠦᠯᠦᠰᠤ ᠪᠠ ᠤᠶᠤᠨ ᠤᠬᠠᠭᠠᠨ᠎ᠤ ᠤᠬᠢ ᠪᠦᠳᠦᠬᠡᠯ ᠪᠤᠯᠬᠤ ᠵᠢ ᠮᠡᠳᠡᠷᠡᠨ᠎ᠡ ᠁
ᠨᠢᠳᠤᠨᠤᠨ᠎ᠤ ᠵᠢᠯ᠎ᠤᠨ ᠰᠡᠬᠦᠯᠴᠢ ᠡᠴᠡ ᠡᠬᠢᠯᠡᠨ ᠬᠦᠬᠡᠬᠤᠳᠠ ᠵᠢᠨ ᠪᠠᠭᠠᠴᠤᠳ ᠬᠡᠦᠬᠡᠳ ᠰᠤᠷᠭᠠᠭᠤᠯᠢ ᠵᠢᠨ ᠬᠦᠷᠢᠶᠡᠨ ᠡᠴᠡ ᠭᠠᠷᠴᠤ ᠰᠣᠶᠣᠯ ᠦᠵᠡᠰᠬᠦᠯᠡᠩ᠎ᠦᠨ ᠣᠷᠳᠣᠨ ᠲᠠᠯᠠᠪᠠᠢ᠂ ᠶᠡᠬᠡ ᠳᠡᠭᠡᠳᠦ ᠰᠤᠷᠭᠠᠭᠤᠯᠢ᠂ ᠠᠵᠤ ᠠᠬᠤᠢᠯᠠᠯ ᠵᠡᠷᠭᠡ ᠭᠠᠵᠠᠷ᠎ᠢᠶᠠᠷ ᠦᠷᠬᠦᠯᠵᠢ ᠬᠦᠷᠴᠦ᠂ ᠬᠤᠪᠢᠰᠬᠠᠯ᠎ᠤᠨ ᠬᠥᠮᠦᠵᠢᠯ᠂ ᠦᠨᠳᠦᠰᠦᠲᠡᠨ᠎ᠦ ᠪᠦᠯᠬᠦᠮᠳᠡᠯ᠂ ᠰᠢᠯᠢᠳᠡᠭ ᠤᠯᠠᠮᠵᠢᠯᠠᠯᠲᠤ ᠰᠣᠶᠣᠯ᠂ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠵᠡᠷᠭᠡ ᠪᠡᠷ ᠭᠣᠣᠯ ᠰᠡᠳᠦᠪ ᠪᠣᠯᠭᠠᠭᠰᠠᠨ ᠰᠦᠪᠡᠭᠴᠢᠯᠡᠯᠲᠡ᠎ᠶᠢᠨ ᠬᠡᠯᠪᠡᠷᠢ᠂ ᠪᠡᠶᠡᠴᠢᠯᠡᠨ ᠣᠢᠯᠠᠭᠠᠬᠤ ᠬᠡᠯᠪᠡᠷᠢ᠎ᠶᠢᠨ ᠰᠤᠷᠤᠯᠴᠠᠯᠭᠠᠳ᠋ᠤ ᠤᠷᠤᠯᠴᠠᠬᠤ ᠪᠤᠯᠤᠭᠰᠠᠨ ᠶᠤᠮ᠃ ᠡᠨᠡ ᠨᠢ ᠬᠡᠤᠬᠡᠳ᠎ᠤᠳ ᠨᠤᠮ ᠲᠡᠪᠳᠡᠷ ᠲᠡᠭᠡᠷᠡᠭᠢ ᠮᠡᠳᠡᠯᠬᠡ ᠵᠢ ᠪᠤᠳᠠᠳᠤ ᠦᠢᠯᠡᠳᠦᠯᠬᠡ ᠳᠠᠢ ᠤᠶᠠᠯᠳᠤᠭᠤᠯᠤᠨ᠂ ᠬᠢᠴᠢᠶᠡᠯ᠎ᠤᠨ ᠭᠠᠳᠠᠨᠠᠬᠢ《ᠬᠢᠴᠢᠶᠡᠯ᠎ᠦᠨ ᠲᠠᠩᠬᠢᠮ》 ᠵᠢᠡᠷ ᠳᠠᠮᠵᠢᠭᠤᠯᠵᠤ ᠮᠡᠳᠡᠯᠭᠡᠮᠡᠳᠡᠴᠡ ᠪᠠᠨ ᠦᠷᠬᠡᠳᠬᠡᠵᠦ᠂ ᠳᠤᠷ᠎ᠠ ᠰᠣᠨᠢᠷᠬᠠᠯ ᠵᠢᠡᠨ ᠬᠦᠭᠵᠢᠬᠡᠬᠦ ᠰᠠᠢᠬᠠᠨ ᠵᠠᠪᠰᠢᠶᠠᠨ ᠪᠤᠯᠵᠤ᠂ ᠰᠤᠷᠤᠯᠴᠠᠯᠭ᠎ᠠ ᠵᠢᠨ ᠤᠳᠬ᠎ᠠ ᠠᠭᠤᠯᠭ᠎ᠠ ᠵᠢ ᠰᠢᠯᠭᠠᠯᠳᠠ ᠵᠢᠨ ᠬᠤᠪᠢ ᠪᠡᠷ ᠯᠡ ᠬᠡᠮᠵᠢᠶᠠᠯᠡᠬᠦ ᠪᠢᠰᠢ᠂ ᠬᠠᠷᠢᠨ ᠶᠢᠷᠲᠢᠨᠴᠦ᠎ᠶᠢ ᠲᠠᠨᠢᠬᠤ᠂ ᠬᠥᠮᠥᠨ᠎ᠦ ᠠᠮᠢᠳᠤᠷᠠᠯ᠎ᠢ ᠣᠢᠯᠠᠭᠠᠬᠤ ᠨᠢ ᠴᠸ᠋ ᠴᠢᠬᠤᠯᠠ ᠪᠠᠢᠳᠠᠭ᠎ᠢ ᠮᠡᠳᠡᠭᠦᠯᠪᠡ᠃ 《ᠭᠠᠷᠠᠭ ᠪᠦᠷᠢ᠎ᠶᠢᠨ ᠬᠠᠭᠠᠰ ᠡᠳᠦᠷ᠎ᠦᠨ ᠲᠥᠯᠥᠪᠯᠡᠭᠡ》 ᠳ᠋ᠤ ᠪᠠᠰᠠ ᠰᠤᠷᠤᠭᠴᠢᠳ᠎ᠢ ᠰᠤᠷᠭᠠᠭᠤᠯᠢ ᠳ᠋ᠠᠭᠠᠨ ᠭᠠᠷᠠᠭ ᠪᠦᠷᠢ ᠬᠠᠭᠠᠰ ᠡᠳᠦᠷ᠎ᠤᠨ ᠴᠠᠭ ᠭᠠᠷᠭᠠᠵᠤ᠂ ᠨᠤᠮ ᠤᠩᠰᠢᠯᠭ᠎ᠠ ᠵᠢᠨ ᠠᠵᠢᠯᠯᠠᠭ᠎ᠠ ᠳ᠋ᠤ ᠤᠷᠤᠯᠴᠠᠭᠤᠯᠤᠨ᠂ ᠤᠩᠰᠢᠯᠭ᠎ᠠ ᠵᠢᠨ ᠤᠷᠮ᠎ᠠ ᠪᠠᠬ᠎ᠠ ᠪᠤᠯᠤᠨ ᠤᠩᠰᠢᠯᠭ᠎ᠠ ᠵᠢᠨ ᠳᠠᠳᠬᠠᠯ᠎ᠢ ᠨᠢ ᠬᠦᠴᠦᠯᠡᠨ ᠬᠦᠮᠦᠵᠢᠬᠦᠯᠵᠦ᠂ ᠳᠡᠳᠡᠨ᠎ᠤ ᠰᠡᠳᠬᠢᠯ ᠲᠠᠢᠪᠤᠭᠤᠨ ᠰᠡᠳᠬᠢᠨ ᠪᠤᠳᠤᠯᠬᠢᠯᠠᠬᠤ ᠵᠢ ᠰᠠᠨᠠᠭᠠᠴᠢᠯᠠᠵᠤ ᠪᠠᠢᠳᠠᠭ᠃
《ᠭᠠᠷᠠᠭ ᠪᠦᠷᠢ᠎ᠶᠢᠨ ᠬᠠᠭᠠᠰ ᠡᠳᠦᠷ᠎ᠦᠨ ᠲᠥᠯᠥᠪᠯᠡᠭᠡ》 ᠪᠤᠯ 《ᠬᠣᠶᠠᠷ᠎ᠢ ᠬᠦᠩᠬᠡᠷᠡᠬᠦᠯᠬᠦ》 ᠲᠦᠷᠦ ᠵᠢᠨ ᠪᠤᠳᠤᠯᠭ᠎ᠠ ᠵᠢ ᠨᠠᠢᠳᠠᠪᠤᠷᠢᠵᠢᠭᠤᠯᠤᠭᠰᠠᠨ ᠡᠴᠡ ᠰᠡᠬᠦᠯᠡᠷᠬᠢ ᠵᠢᠭᠠᠨ ᠰᠤᠷᠭᠠᠯᠳᠠ ᠵᠢᠨ ᠬᠡᠯᠪᠡᠷᠢ ᠵᠢ ᠬᠤᠪᠢᠷᠠᠭᠤᠯᠬᠤ ᠳᠤᠬᠠᠢ ᠰᠢᠨ᠎ᠡ ᠵᠢ ᠡᠬᠦᠳᠦᠭᠰᠡᠨ ᠪᠤᠳᠠᠳᠤ ᠦᠢᠯᠡᠳᠦᠯᠬᠡ ᠪᠤᠯᠬᠤ ᠶᠤᠮ᠃ ᠡᠨᠡ ᠨᠢ ᠰᠤᠷᠤᠭᠴᠢᠳ᠎ᠤᠨ ᠦᠰᠦᠨ ᠪᠣᠶ᠋ᠢᠵᠢᠯᠲᠠ ᠵᠥᠪᠬᠡᠨ ᠬᠢᠴᠢᠶᠡᠯ᠎ᠦᠨ ᠲᠠᠩᠬᠢᠮ᠂ ᠰᠤᠷᠭᠠᠭᠤᠯᠢ᠎ᠶᠢᠨ ᠬᠦᠷᠢᠶᠡᠨ ᠳ᠋ᠤ ᠬᠢᠵᠠᠭᠠᠷᠯᠠᠭᠳᠠᠭᠠᠳ ᠪᠤᠯᠬᠤ ᠦᠬᠡᠢ᠂ ᠬᠠᠷᠢᠨ ᠨᠠᠩ ᠥᠷᠭᠡᠨ ᠠᠭᠤᠳᠠᠮ ᠨᠡᠢᠭᠡᠮ᠎ᠦᠨ ᠬᠢᠴᠢᠶᠡᠯ᠎ᠤᠨ ᠲᠠᠩᠭᠢᠮ ᠳ᠋ᠤ ᠬᠦᠷᠴᠦ᠂ ᠤᠯᠠᠨ ᠲᠠᠯ᠎ᠠ᠎ᠶᠢᠨ ᠦᠢᠯᠡᠳᠪᠦᠷᠢᠯᠡᠯ ᠠᠮᠢᠳᠤᠷᠠᠯ᠎ᠢ ᠪᠡᠶᠡᠳᠡᠨ ᠤᠢᠯᠠᠭᠠᠬᠤ ᠬᠡᠷᠡᠭᠳᠡᠢ ᠬᠡᠰᠡᠨ ᠲᠣᠳᠣᠷᠬᠠᠢ ᠳᠣᠬᠢᠶ᠎ᠠ᠎ᠶᠢ ᠳᠠᠮᠵᠢᠭᠤᠯᠤᠭᠰᠠᠨ ᠪᠠᠢᠨ᠎ᠠ᠃
ᠰᠠᠢᠬᠠᠨ ᠲᠦᠯᠦᠪᠯᠡᠭᠡ ᠵᠢ ᠰᠠᠢᠲᠤᠷ ᠪᠡᠶᠡᠯᠡᠭᠦᠯᠬᠦ᠎ᠳᠦ ᠨᠡᠢᠳᠡ ᠤᠯᠠᠨ᠎ᠤ ᠰᠡᠳᠬᠢᠯ᠂ ᠴᠠᠭ᠂ ᠬᠦᠴᠦ ᠪᠠᠨ ᠵᠤᠷᠢᠭᠤᠯᠬᠤ ᠵᠢ ᠱᠠᠭᠠᠷᠳᠠᠨ᠎ᠠ᠃ ᠡᠢᠮᠦ ᠡᠴᠡ ᠰᠤᠷᠭᠠᠭᠤᠯᠢ᠂ ᠭᠡᠷ ᠪᠦᠯᠢ ᠪᠣᠯᠣᠨ ᠨᠡᠢᠭᠡᠮ᠎ᠦᠨ ᠡᠯ᠎ᠡ ᠲᠠᠯ᠎ᠠ᠎ᠶᠢᠨ ᠬᠢᠨ ᠬᠠᠮᠵᠢᠯᠴᠠᠨ ᠬᠦᠴᠦᠯᠡᠵᠦ᠂ ᠬᠠᠮᠳᠤ ᠪᠡᠷ ᠴᠢᠷᠮᠠᠢᠵᠤ᠂ ᠡᠨᠡᠬᠦ ᠲᠦᠯᠦᠪᠯᠡᠬᠡ ᠵᠢ ᠬᠡᠦᠬᠡᠳ᠎ᠦᠨ ᠦᠰᠦᠨ ᠪᠣᠢᠵᠢᠯᠳᠠ ᠳ᠋ᠤ ᠬᠦᠴᠦᠨ ᠨᠡᠮᠡᠷᠢᠯᠡᠬᠦ ᠪᠤᠳᠠᠳᠤ ᠦᠢᠯᠡᠳᠦᠯᠬᠡ ᠪᠤᠯᠭᠠᠪᠠᠯ ᠵᠤᠬᠢᠨ᠎ᠠ᠃