ᠬᠢᠯᠢ ᠬᠠᠮᠠᠭᠠᠯᠠᠬᠤ ᠤᠯᠠᠭ᠎ᠠ ᠥᠷᠲᠡᠭᠡ ᠬᠢᠭᠡᠳ ᠬᠢᠯᠢ ᠬᠢᠵᠠᠭᠠᠷ ᠣᠷᠣᠨ᠎ᠤ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠳᠠ ᠶ᠋ᠢ ᠠᠭᠤᠰᠤᠯᠴᠠᠭᠤᠯᠤᠨ ᠬᠥᠭᠵᠢᠭᠦᠯᠬᠦ ᠲᠤᠬᠠᠢ ᠦᠭᠦᠯᠡᠬᠦ ᠨᠢ
2026-04-17 10:14:26
ᠵᠣᠬᠢᠶᠠᠭ᠍ᠴᠢ᠄
ᠯᠢ ᠢᠦᠢ ᠬᠤᠸᠠ
ᠣᠩᠱᠢᠭ᠍ᠰᠠᠨ ᠣᠳᠠᠭ᠎ᠠ᠄
★★★☆☆

ᠳᠤᠮᠳᠠᠳᠤ ᠶ᠋ᠢᠨ ᠦᠨᠳᠦᠰᠦᠲᠡᠨ ᠦ᠌ ᠬᠠᠮᠲᠤ ᠶ᠋ᠢᠨ ᠴᠣᠭᠴᠠ ᠶ᠋ᠢᠨ ᠤᠬᠠᠮᠰᠠᠷ ᠢ᠋ ᠪᠠᠲᠤ ᠴᠣᠭᠴᠠᠯᠠᠬᠤ ᠪᠣᠯ ᠰᠢᠨ᠎ᠡ ᠴᠠᠭ ᠦᠶ᠎ᠡ ᠶ᠋ᠢᠨ ᠦᠨᠳᠦᠰᠦᠲᠡᠨ ᠦ᠌ ᠠᠵᠢᠯ ᠤ᠋ᠨ ᠭᠣᠣᠯ ᠰᠢᠵᠢᠮ ᠮᠥᠨ᠂ ᠨᠠᠮ ᠤ᠋ᠨ ᠲᠥᠪ ᠬᠣᠷᠢᠵ᠎ᠠ ᠦᠨᠳᠦᠰᠦᠲᠡᠨ ᠦ᠌ ᠪᠦᠯᠬᠦᠮᠳᠡᠯ ᠬᠢᠭᠡᠳ ᠬᠢᠯᠢ ᠬᠢᠵᠠᠭᠠᠷ ᠤ᠋ᠨ ᠵᠠᠰᠠᠯᠲᠠ ᠶ᠋ᠢᠨ ᠣᠳᠣᠬᠢᠴᠢᠯᠠᠯᠲᠠ ᠶ᠋ᠢ ᠤᠯᠤᠰ ᠤ᠋ᠨ ᠪᠠᠢᠯᠳᠤᠬᠤ ᠪᠤᠳᠤᠯᠭ᠎ᠠ ᠶ᠋ᠢᠨ ᠴᠢᠬᠤᠯᠠ ᠪᠠᠢᠷᠢᠨ ᠳ᠋ᠤ᠌ ᠲᠠᠯᠪᠢᠪᠠ᠃ 2023 ᠣᠨ ᠤ᠋ 10 ᠰᠠᠷ᠎ᠠ ᠳ᠋ᠤ᠌᠂ ᠲᠦᠷᠦ ᠶ᠋ᠢᠨ ᠶᠠᠪᠤᠳᠠᠯ ᠤ᠋ᠨ ᠬᠣᠷᠢᠵ᠎ᠠ ᠬᠢᠯᠢ ᠬᠢᠵᠠᠭᠠᠷ ᠢ᠋ ᠪᠡᠬᠢᠵᠢᠭᠦᠯᠦᠨ ᠬᠢᠯᠢ ᠬᠢᠵᠠᠭᠠᠷ ᠢ᠋ ᠬᠥᠭᠵᠢᠭᠦᠯᠵᠦ ᠠᠷᠠᠳ ᠢ᠋ ᠪᠠᠶᠠᠵᠢᠭᠤᠯᠬᠤ ᠠᠵᠢᠯᠯᠠᠭ᠎ᠠ ᠶ᠋ᠢ ᠪᠠᠢᠷᠢᠯᠠᠭᠤᠯᠵᠤ᠂ ᠬᠢᠯᠢ ᠬᠢᠵᠠᠭᠠᠷ ᠢ᠋ ᠰᠠᠬᠢᠨ ᠬᠢᠯᠢ ᠬᠢᠵᠠᠭᠠᠷ ᠢ᠋ ᠬᠥᠭᠵᠢᠭᠦᠯᠬᠦ ᠶ᠋ᠢ ᠴᠢᠩᠭᠠᠳᠬᠠᠵᠤ᠂ ᠨᠠᠮ ᠵᠠᠰᠠᠭ ᠴᠡᠷᠢᠭ ᠴᠠᠭᠳᠠᠭ᠎ᠠ ᠠᠷᠠᠳ ᠤ᠋ᠨ ᠬᠦᠴᠦ ᠵᠢ ᠬᠠᠮᠲᠤᠳᠬᠠᠨ ᠬᠢᠯᠢ ᠬᠢᠵᠠᠭᠠᠷ ᠢ᠋ ᠬᠦᠴᠦᠷᠬᠡᠭᠵᠢᠭᠦᠯᠦᠨ ᠰᠡᠷᠭᠡᠢᠯᠡᠯᠲᠡ ᠶ᠋ᠢ ᠪᠡᠬᠢᠵᠢᠭᠦᠯᠬᠦ ᠶ᠋ᠢ ᠲᠣᠳᠣᠷᠬᠠᠢᠯᠠᠪᠠ᠃ 2026 ᠣᠨ ᠤ᠋ 3 ᠰᠠᠷ᠎ᠠ ᠳ᠋ᠤ᠌᠂ ᠠᠷᠪᠠᠨ ᠳᠥᠷᠪᠡᠳᠦᠭᠡᠷ ᠬᠤᠭᠤᠴᠠᠭᠠᠨ ᠤ᠋ ᠪᠥᠬᠥ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠳᠥᠷᠪᠡᠳᠦᠭᠡᠷ ᠬᠤᠷᠠᠯ ᠠ᠋ᠴᠠ 《ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠶ᠋ᠢ ᠠᠬᠢᠭᠤᠯᠬᠤ ᠬᠠᠤᠯᠢ》 ᠶ᠋ᠢ ᠪᠠᠲᠤᠯᠠᠵᠤ᠂ ᠬᠢᠯᠢ ᠬᠢᠵᠠᠭᠠᠷ ᠤᠷᠤᠨ᠎ᠤ ᠦᠨᠳᠦᠰᠦᠲᠡᠨ ᠦ᠌ ᠵᠠᠰᠠᠯᠲᠠ ᠳ᠋ᠤ᠌ ᠪᠠᠲᠤ ᠴᠢᠩᠭ᠎ᠠ ᠬᠠᠤᠯᠢ ᠪᠡᠷ ᠵᠠᠰᠠᠬᠤ ᠵᠢᠷᠤᠮᠯᠠᠯ ᠬᠠᠩᠭᠠᠪᠠ᠃

ᠥᠪᠥᠷ ᠮᠣᠩᠭᠣᠯ ᠤᠮᠠᠷᠠᠲᠤ ᠬᠢᠯᠢ ᠶ᠋ᠢᠨ 《ᠬᠣᠶᠠᠷ ᠬᠠᠯᠬᠠᠪᠴᠢ》 ᠪᠣᠯᠤᠭᠰᠠᠨ ᠤ᠋ ᠬᠤᠪᠢ ᠳ᠋ᠤ᠌᠂ ᠬᠢᠯᠢ  ᠤ᠋ᠨ ᠱᠤᠭᠤᠮ ᠣᠷᠳᠣ᠌᠂ ᠦᠨᠳᠦᠰᠦᠲᠡᠨ ᠦ᠌ ᠶᠠᠪᠤᠯᠴᠠᠭ᠎ᠠ ᠰᠤᠯᠢᠯᠴᠠᠭ᠎ᠠ ᠨᠢᠭ᠍ᠲᠠ ᠪᠠᠢᠳᠠᠭ᠃ ᠬᠢᠯᠢ ᠬᠠᠮᠠᠭᠠᠯᠠᠬᠤ ᠤᠯᠠᠭ᠎ᠠ ᠥᠷᠲᠡᠭᠡ ᠨᠢ ᠬᠢᠯᠢ ᠬᠢᠵᠠᠭᠠᠷ ᠢ᠋ ᠬᠠᠮᠢᠶᠠᠷᠤᠨ ᠡᠵᠡᠮᠳᠡᠬᠦ᠂ ᠠᠷᠠᠳ ᠤ᠋ᠨ ᠠᠮᠢᠳᠤᠷᠠᠯ ᠳ᠋ᠤ᠌ ᠦᠶ᠋ᠯᠡᠴᠢᠯᠡᠬᠦ᠂ ᠰᠣᠶᠣᠯ ᠤ᠋ᠨ ᠰᠣᠯᠢᠯᠴᠠᠭ᠎ᠠ ᠬᠢᠬᠦ ᠶ᠋ᠢ ᠨᠢᠭᠡ ᠴᠣᠭᠴᠠᠵᠢᠭᠤᠯᠤᠭᠰᠠᠨ ᠦᠨᠳᠦᠰᠦᠨ ᠱᠠᠲᠤᠨ ᠤ᠋ ᠵᠠᠰᠠᠯᠲᠠ ᠶ᠋ᠢᠨ ᠨᠢᠭᠡᠴᠢ ᠪᠣᠯᠤᠭᠰᠠᠨ ᠤ᠋ ᠬᠤᠪᠢ ᠳ᠋ᠤ᠌᠂ ᠤᠮᠠᠷᠠᠲᠤ ᠬᠢᠯᠢ ᠶ᠋ᠢᠨ ᠠᠮᠤᠷ ᠲᠣᠭᠲᠠᠭᠤᠨ ᠤ᠋ ᠬᠠᠯᠬᠠᠪᠴᠢ ᠶ᠋ᠢ ᠪᠠᠲᠤ ᠴᠣᠭᠴᠠᠯᠠᠬᠤ᠂ ᠳᠤᠮᠳᠠᠳᠤ ᠶ᠋ᠢᠨ ᠦᠨᠳᠦᠰᠦᠲᠡᠨ ᠦ᠌ ᠬᠠᠮᠲᠤ ᠶ᠋ᠢᠨ ᠴᠣᠭᠴᠠ ᠶ᠋ᠢᠨ ᠤᠬᠠᠮᠰᠠᠷ ᠢ᠋ ᠪᠠᠲᠤ ᠴᠣᠭᠴᠠᠯᠠᠬᠤ ᠴᠢᠬᠤᠯᠠ  ᠠᠴᠢᠶᠠᠯᠠᠪᠤᠷᠢ ᠪᠣᠯᠤᠨ᠎ᠠ᠃ 2024 ᠣᠨ ᠤ᠋ 11 ᠰᠠᠷ᠎ᠠ ᠳ᠋ᠤ᠌᠂ ᠥᠪᠥᠷ ᠮᠣᠩᠭᠣᠯ ᠦᠨᠳᠦᠰᠦᠨ ᠱᠠᠲᠤᠨ ᠤ᠋ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ᠎ᠶᠢᠨ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ᠋ ᠢ᠋ ᠨᠡᠮᠡᠭᠳᠡᠭᠦᠯᠬᠦ ᠭᠤᠷᠪᠠᠨ ᠵᠢᠯ ᠦ᠋ᠨ ᠠᠵᠢᠯᠯᠠᠭ᠎ᠠ ᠶ᠋ᠢ ᠡᠬᠢᠯᠡᠭᠦᠯᠵᠦ᠂ 《ᠤᠯᠠᠭᠠᠨ ᠠᠨᠠᠷ ᠤ᠋ᠨ ᠥᠷᠲᠡᠭᠡ》 ᠵᠡᠷᠭᠡ ᠮᠢᠩᠭ᠎ᠠ ᠭᠠᠷᠤᠶ ᠵᠢᠭ᠍ᠰᠠᠭᠠᠯ ᠤ᠋ᠨ ᠭᠠᠵᠠᠷ ᠢ᠋ ᠪᠠᠢᠭᠤᠯᠵᠤ᠂ ᠲᠣᠰ ᠵᠢᠯ ᠳ᠋ᠦ᠍ ᠥᠪᠥᠷ ᠮᠣᠩᠭᠣᠯ ᠤ᠋ᠨ ᠬᠢᠯᠢ ᠪᠡᠷ ᠣᠷᠣᠵᠤ ᠭᠠᠷᠬᠤ ᠬᠢᠯᠢ ᠶ᠋ᠢᠨ ᠬᠠᠮᠠᠭᠠᠯᠠᠯᠲᠠ ᠶ᠋ᠢᠨ ᠪᠠᠢᠴᠠᠭᠠᠬᠤ ᠶᠡᠷᠦᠩᠬᠡᠶ ᠥᠷᠲᠡᠭᠡ ᠳ᠋ᠦ᠍ 312 ᠬᠢᠯᠢ ᠬᠠᠮᠠᠭᠠᠯᠠᠬᠤ ᠤᠯᠠᠭ᠎ᠠ ᠥᠷᠲᠡᠭᠡ ᠪᠠᠢᠭᠤᠯᠵᠤ᠂ 2025 ᠣᠨ ᠤ᠋ 6 ᠰᠠᠷ᠎ᠠ ᠪᠣᠯᠲᠠᠯ᠎ᠠ ᠰᠢᠯᠢ ᠶ᠋ᠢᠨ ᠭᠣᠤᠯ ᠠᠢᠮᠠᠭ ᠲᠤ᠌ ᠨᠢᠭᠡᠨᠲᠡ 619 ᠤᠯᠠᠭ᠎ᠠ ᠥᠷᠲᠡᠭᠡ ᠶ᠋ᠢ ᠪᠠᠢᠭᠤᠯᠵᠤ᠂ ᠠᠭᠤᠰᠤᠯᠴᠠᠨ ᠬᠥᠭᠵᠢᠬᠦ᠎ᠶᠢᠨ ᠦᠶ᠋ᠯᠡᠳᠦᠯᠭᠡ ᠶ᠋ᠢᠨ ᠰᠠᠭᠤᠷᠢ ᠶ᠋ᠢ ᠪᠡᠬᠢᠵᠢᠭᠦᠯᠪᠡ᠃

ᠬᠢᠯᠢ ᠬᠠᠮᠠᠭᠠᠯᠠᠬᠤ ᠤᠯᠠᠭ᠎ᠠ ᠥᠷᠲᠡᠭᠡ ᠶ᠋ᠢ ᠦᠨᠳᠦᠰᠦᠲᠡᠨ ᠦ᠌ ᠪᠦᠯᠬᠦᠮᠳᠡᠯ ᠲᠠᠪᠰᠢᠯᠳᠠ ᠵᠢᠨ ᠪᠠᠢᠭᠤᠯᠤᠯᠲᠠ ᠯᠤᠭ᠎ᠠ ᠭᠦᠨᠵᠡᠭᠡᠶ ᠠᠭᠤᠰᠤᠯᠴᠠᠭᠤᠯᠬᠤ ᠶ᠋ᠢ ᠠᠬᠢᠭᠤᠯᠬᠤ ᠪᠣᠯ ᠲᠥᠷᠥ ᠶ᠋ᠢᠨ ᠪᠣᠳᠣᠯᠭ᠎ᠠ ᠶ᠋ᠢᠨ ᠪᠠᠢᠷᠢᠯᠠᠭᠤᠯᠤᠯᠲᠠ ᠶ᠋ᠢ ᠨᠠᠢᠳᠠᠪᠤᠷᠢᠵᠢᠭᠤᠯᠬᠤ ᠶ᠋ᠢᠨ ᠤᠯᠤᠰ ᠲᠥᠷᠥ ᠶ᠋ᠢᠨ ᠱᠠᠭᠠᠷᠳᠠᠯᠭ᠎ᠠ ᠪᠣᠯᠬᠤ ᠪᠥᠭᠡᠳ ᠪᠠᠰᠠ ᠬᠢᠯᠢ ᠬᠢᠵᠠᠭᠠᠷ ᠤ᠋ᠨ ᠣᠯᠠᠨ ᠨᠡᠢᠲᠡ ᠶ᠋ᠢᠨ ᠦᠶ᠋ᠯᠡᠴᠢᠯᠡᠭᠡ ᠪᠠᠭᠤᠷᠠᠶ᠂ ᠡᠬᠢ ᠪᠠᠶᠠᠯᠢᠭ᠋ ᠲᠠᠷᠠᠬᠠᠶ ᠪᠤᠲᠠᠷᠬᠠᠶ ᠪᠠᠢᠬᠤ ᠬᠦᠴᠢᠷ ᠠᠰᠠᠭᠤᠳᠠᠯ ᠢ᠋ ᠰᠢᠶ᠋ᠳᠪᠦᠷᠢᠯᠡᠬᠦ ᠪᠦᠲᠦᠮᠵᠢᠲᠡᠶ ᠠᠷᠭ᠎ᠠ ᠵᠠᠮ ᠪᠠᠢᠵᠤ᠂ ᠬᠢᠯᠢ ᠬᠢᠵᠠᠭᠠᠷ ᠤ᠋ᠨ ᠠᠮᠤᠷ ᠲᠣᠭᠲᠠᠭᠤᠨ ᠢ᠋ ᠪᠡᠬᠢᠵᠢᠭᠦᠯᠬᠦ᠂ ᠦᠨᠳᠦᠰᠦᠲᠡᠨ ᠨᠦ᠍ᠭᠦᠳ ᠦ᠋ᠨ ᠬᠠᠮᠲᠤ ᠶ᠋ᠢᠨ ᠴᠡᠴᠡᠭᠯᠡᠯ ᠬᠥᠭᠵᠢᠯ ᠢ᠋ ᠠᠬᠢᠭᠤᠯᠬᠤ ᠳ᠋ᠤ᠌ ᠴᠢᠬᠤᠯᠠ ᠶᠡᠬᠡ ᠠᠴᠢ ᠬᠣᠯᠪᠣᠭᠳᠠᠯ ᠲᠠᠶ ᠶᠤᠮ᠃ ᠡᠨᠳᠡ ᠰᠢᠯᠢ ᠶ᠋ᠢᠨ ᠭᠣᠤᠯ ᠠᠢᠮᠠᠭ ᠤ᠋ᠨ ᠤᠯᠠᠭ᠎ᠠ ᠥᠷᠲᠡᠭᠡ ᠵᠢᠨ ᠪᠥᠲᠥᠭᠡᠨ ᠪᠠᠢᠭᠤᠯᠤᠯᠳᠠ ᠵᠢᠨ ᠦᠶ᠋ᠯᠡᠳᠦᠯᠭᠡ ᠲᠡᠶ ᠤᠶᠠᠯᠳᠤᠭᠤᠯᠤᠨ᠂ ᠠᠭᠤᠰᠤᠯᠴᠠᠭᠤᠯᠤᠨ ᠬᠥᠭᠵᠢᠭᠦᠯᠬᠦ ᠶ᠋ᠢᠨ ᠠᠬᠤᠢᠴᠢ ᠴᠢᠬᠤᠯᠠ ᠴᠢᠨᠠᠷ ᠢ᠋ ᠲᠣᠳᠣᠷᠬᠠᠢᠯᠠᠨ ᠲᠠᠢᠯᠪᠤᠷᠢᠯᠠᠵᠤ᠂ ᠳᠥᠷᠪᠡᠨ ᠬᠡᠮᠵᠢᠯᠳᠦ ᠠᠷᠭ᠎ᠠ ᠵᠠᠮ ᠬᠢᠭᠡᠳ ᠳᠥᠷᠪᠡᠨ ᠶᠡᠬᠡ ᠪᠠᠲᠤᠯᠠᠭ᠎ᠠ ᠶ᠋ᠢᠨ ᠰᠢᠰᠲᠧᠮ ᠢ᠋ ᠳᠤᠷᠠᠳᠴᠤ᠂ ᠥᠪᠥᠷ ᠮᠣᠩᠭᠣᠯ ᠤ᠋ᠨ ᠦᠨᠳᠦᠰᠦᠨ ᠱᠠᠲᠤᠨ ᠤ᠋ ᠵᠠᠰᠠᠯᠲᠠ ᠶ᠋ᠢᠨ ᠰᠢᠨ᠎ᠡ ᠶ᠋ᠢ ᠡᠭᠦᠳᠬᠦ ᠪᠡᠷ ᠦᠨᠳᠦᠰᠦᠲᠡᠨ ᠦ᠌ ᠪᠦᠯᠬᠦᠮᠳᠡᠯ ᠲᠠᠪᠰᠢᠯᠳᠠ ᠵᠢᠨ  ᠪᠠᠢᠭᠤᠯᠤᠯᠲᠠ ᠶ᠋ᠢ ᠭᠦᠨᠵᠡᠭᠡᠢᠷᠡᠭᠦᠯᠬᠦ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ ᠢ᠋ ᠪᠥᠲᠥᠭᠡᠨ ᠪᠠᠢᠭᠤᠯᠬᠤ ᠳ᠋ᠤ᠌ ᠦᠶ᠋ᠯᠡᠳᠦᠯᠭᠡ ᠶ᠋ᠢᠨ ᠯᠠᠪᠯᠠᠯᠲᠠ ᠬᠠᠩᠭᠠᠬᠤ ᠵᠢ ᠵᠤᠷᠢᠪᠠ᠃

ᠨᠢᠭᠡ᠂ ᠬᠢᠯᠢ ᠬᠠᠮᠠᠭᠠᠯᠠᠬᠤ ᠤᠯᠠᠭ᠎ᠠ ᠥᠷᠲᠡᠭᠡ ᠬᠢᠭᠡᠳ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ ᠶ᠋ᠢ ᠠᠭᠤᠰᠤᠯᠴᠠᠭᠤᠯᠤᠨ ᠬᠥᠭᠵᠢᠭᠦᠯᠬᠦ ᠶ᠋ᠢᠨ ᠠᠬᠤᠢᠴᠢ ᠴᠢᠬᠤᠯᠠ ᠴᠢᠨᠠᠷ

ᠬᠢᠯᠢ ᠬᠠᠮᠠᠭᠠᠯᠠᠬᠤ ᠤᠯᠠᠭ᠎ᠠ ᠥᠷᠲᠡᠭᠡ ᠨᠢ ᠬᠢᠯᠢ ᠶ᠋ᠢᠨ ᠨᠢᠭᠡᠳᠦᠭᠡᠷ ᠹᠷᠣᠨᠲ ᠲᠤ᠌ ᠣᠷᠣᠰᠢᠵᠤ᠂ ᠬᠢᠯᠢ  ᠲᠠᠭᠠᠤ ᠤᠷᠤᠨ᠎ᠤ ᠦᠨᠳᠦᠰᠦᠲᠡᠨ ᠨᠦ᠍ᠭᠦᠳ ᠦ᠋ᠨ ᠠᠷᠠᠳ ᠤᠯᠠᠨ ᠲᠠᠶ ᠣᠢᠷᠠᠳᠴᠤ᠂ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ ᠲᠠᠶ ᠠᠭᠤᠰᠤᠯᠴᠠᠭᠰᠠᠨ ᠪᠠᠢᠭᠠᠯᠢ ᠶ᠋ᠢᠨ ᠳᠠᠪᠠᠭᠤᠯᠢᠭ᠋ ᠲᠠᠶ ᠪᠠᠢᠵᠤ᠂ ᠬᠣᠶᠠᠭᠤᠯᠠ ᠎ᠶᠢᠨ ᠠᠭᠤᠰᠤᠯᠴᠠᠯ ᠨᠢ ᠴᠠᠭ ᠦᠶ᠎ᠡ ᠶ᠋ᠢᠨ ᠬᠡᠷᠡᠭᠴᠡᠭᠡ᠂ ᠦᠶ᠋ᠯᠡᠳᠦᠯᠭᠡ ᠶ᠋ᠢᠨ ᠬᠠᠨᠳᠤᠰᠢ᠂ ᠣᠯᠠᠨ ᠲᠦᠮᠡᠨ ᠦ᠌ ᠬᠦᠰᠡᠯ ᠡᠷᠡᠮᠡᠯᠵᠡᠯ ᠪᠣᠯᠤᠨ᠎ᠠ᠃

(ᠨᠢᠭᠡ) ᠤᠮᠠᠷᠠᠲᠤ ᠬᠢᠯᠢ ᠶ᠋ᠢᠨ ᠠᠮᠤᠷ ᠲᠦᠪᠱᠢᠨ ᠲᠣᠭᠲᠠᠭᠤᠨ ᠤ᠋ ᠬᠠᠯᠬᠠᠪᠴᠢ ᠶ᠋ᠢ ᠪᠠᠲᠤ ᠴᠣᠭᠴᠠᠯᠠᠬᠤ ᠶ᠋ᠢᠨ ᠵᠠᠢᠯᠠᠰᠢ ᠥᠬᠡᠶ ᠱᠠᠭᠠᠷᠳᠠᠯᠭ᠎ᠠ ᠪᠣᠯᠤᠨ᠎ᠠ᠃ ᠥᠪᠥᠷ ᠮᠣᠩᠭᠣᠯ ᠤ᠋ᠨ 4200 ᠭᠠᠷᠤᠢ ᠺᠢᠯᠤᠮᠸᠲᠷ ᠤ᠋ᠨ ᠬᠢᠯᠢ ᠶ᠋ᠢᠨ ᠱᠤᠭᠤᠮ ᠪᠣᠯ ᠡᠭᠡ ᠤᠯᠤᠰ ᠤ᠋ᠨ ᠤᠮᠠᠷᠠᠲᠤ ᠬᠢᠯᠢ ᠶ᠋ᠢᠨ ᠴᠢᠬᠤᠯᠠ ᠠᠮᠤᠷ ᠲᠦᠪᠰᠢᠨ ᠦ᠌ ᠰᠡᠷᠭᠡᠢᠯᠡᠯᠲᠡ ᠶ᠋ᠢᠨ ᠱᠤᠭᠤᠮ ᠪᠣᠯᠤᠨ᠎ᠠ᠂ ᠬᠢᠯᠢ ᠬᠠᠮᠠᠭᠠᠯᠠᠬᠤ ᠤᠯᠠᠭ᠎ᠠ ᠥᠷᠲᠡᠭᠡ ᠨᠢ ᠬᠢᠯᠢ ᠬᠢᠵᠠᠭᠠᠷ ᠢ᠋ ᠴᠠᠭᠳᠠᠨ ᠪᠠᠢᠴᠠᠭᠠᠬᠤ᠂ ᠮᠡᠳᠡᠭᠡ ᠵᠠᠩᠭᠢ ᠴᠤᠭᠯᠠᠭᠤᠯᠬᠤ᠂ ᠪᠠᠴᠢᠮ ᠪᠠᠢᠳᠠᠯ ᠢ᠋ ᠠᠷᠭᠠᠴᠠᠭᠠᠨ ᠰᠢᠢᠳᠪᠦᠷᠢᠯᠡᠬᠦ ᠡᠭᠦᠷᠭᠡ ᠴᠢᠳᠠᠪᠬᠢ ᠶ᠋ᠢ ᠡᠭᠦᠷᠭᠡᠯᠡᠵᠦ᠂ ᠦᠨᠳᠦᠰᠦᠲᠡᠨ ᠦ᠌ ᠪᠦᠯᠬᠦᠮᠳᠡᠯ ᠲᠠᠪᠰᠢᠯᠳᠠ ᠵᠢᠨ ᠪᠠᠢᠭᠤᠯᠤᠯᠲᠠ ᠨᠢ ᠬᠥᠮᠦᠰ ᠦ᠋ᠨ ᠰᠡᠳᠬᠢᠯ ᠢ᠋ ᠨᠢᠭ᠍ᠲᠠᠷᠠᠭᠤᠯᠬᠤ᠂ ᠤᠯᠤᠰ ᠤ᠋ᠨ ᠦᠨᠳᠦᠰᠦᠲᠡᠨ ᠦ᠌ ᠬᠠᠮᠲᠤ ᠶ᠋ᠢᠨ ᠲᠠᠨᠢᠯᠲᠠ ᠶ᠋ᠢ ᠨᠡᠮᠡᠭᠳᠡᠭᠦᠯᠬᠦ ᠪᠡᠷ ᠭᠣᠣᠯ ᠪᠣᠯᠭᠠᠵᠤ᠂ ᠬᠣᠶᠠᠭᠤᠯᠠ᠎ᠶᠢᠨ ᠠᠭᠤᠰᠤᠯᠴᠠᠯ ᠨᠢ ᠬᠢᠯᠢ ᠬᠢᠵᠠᠭᠠᠷ ᠢ᠋ ᠰᠠᠬᠢᠬᠤ ᠪᠠ ᠰᠡᠳᠬᠢᠯ ᠢ᠋ᠶ᠋ᠡᠨ ᠬᠣᠯᠪᠣᠬᠤ ᠶ᠋ᠢ ᠨᠢᠭᠡᠳᠬᠡᠵᠦ᠂ ᠬᠠᠮᠢᠶᠠᠷᠤᠨ ᠡᠵᠡᠮᠳᠡᠬᠦ ᠪᠠ ᠦᠢᠯᠡᠴᠢᠯᠡᠬᠦ ᠶ᠋ᠢ ᠵᠡᠷᠭᠡ ᠪᠡᠷ ᠴᠢᠬᠤᠯᠠᠴᠢᠯᠠᠵᠤ᠂ ᠬᠥᠮᠦᠰ ᠦ᠋ᠨ ᠰᠡᠳᠬᠢᠯ ᠳ᠋ᠦ᠍ ᠠᠮᠤᠷ ᠲᠦᠪᠰᠢᠨ ᠦ᠌ ᠰᠡᠷᠭᠡᠢᠯᠡᠯᠲᠡ ᠶ᠋ᠢᠨ ᠱᠤᠭᠤᠮ ᠪᠠᠢᠭᠤᠯᠵᠠᠢ᠃

(ᠬᠣᠶᠠᠷ) ᠦᠨᠳᠦᠰᠦᠲᠡᠨ ᠨᠦ᠍ᠭᠦᠳ ᠦ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤ᠋ᠨ ᠪᠣᠳᠠᠲᠤ ᠬᠡᠷᠡᠭᠴᠡᠭᠡ ᠶ᠋ᠢ ᠭᠦᠨᠵᠡᠭᠡᠢᠷᠡᠭᠦᠯᠬᠦ᠎ᠶᠢᠨ ᠠᠬᠤᠢᠴᠢ ᠱᠠᠭᠠᠷᠳᠠᠯᠭ᠎ᠠ ᠪᠣᠯᠤᠨ᠎ᠠ᠃ ᠤᠯᠠᠭ᠎ᠠ ᠥᠷᠲᠡᠭᠡ ᠨᠢ  ᠬᠢᠯᠢ ᠶ᠋ᠢᠨ ᠦᠨᠳᠦᠰᠦᠨ ᠱᠠᠲᠤᠨ ᠤ᠋ ᠦᠶ᠋ᠯᠡᠴᠢᠯᠡᠭᠡᠨ ᠦ᠌ ᠲᠤᠤᠷ ᠴᠡᠭ ᠪᠠᠢᠵᠤ᠂ ᠦᠨᠳᠦᠰᠦᠲᠡᠨ ᠨᠦ᠍ᠭᠦᠳ ᠦ᠋ᠨ ᠣᠯᠠᠨ ᠲᠦᠮᠡᠨ ᠳ᠋ᠦ᠍ ᠪᠠᠢᠩᠭᠤᠵᠢᠭ᠍ᠰᠠᠨ ᠰᠣᠯᠢᠯᠴᠠᠭᠠᠨ ᠤ᠋ ᠲᠠᠪᠴᠠᠩ ᠬᠠᠩᠭᠠᠵᠤ᠂ ᠰᠡᠳᠬᠢᠯᠭᠡ ᠶ᠋ᠢᠨ ᠠᠭᠤᠰᠤᠯᠴᠠᠯ ᠬᠢᠭᠡᠳ ᠰᠣᠶᠣᠯ ᠤ᠋ᠨ ᠮᠡᠳᠡᠷᠡᠮᠵᠢ ᠶ᠋ᠢ ᠠᠬᠢᠭᠤᠯᠬᠤ ᠴᠢᠳᠠᠪᠬᠢ ᠲᠠᠢ᠃

(ᠭᠤᠷᠪᠠ) ᠬᠢᠯᠢ ᠤᠷᠤᠨ᠎ᠤ  ᠦᠨᠳᠦᠰᠦᠨ ᠱᠠᠲᠤᠨ ᠤ᠋ ᠵᠠᠰᠠᠯᠲᠠ ᠶ᠋ᠢᠨ ᠦᠷ᠎ᠡ ᠪᠦᠲᠦᠮᠵᠢ ᠶ᠋ᠢ ᠳᠡᠭᠡᠭᠰᠢᠯᠡᠭᠦᠯᠬᠦ ᠵᠠᠩᠭᠢᠯᠠᠭ᠎ᠠ ᠶ᠋ᠢᠨ ᠠᠷᠭ᠎ᠠ ᠵᠠᠮ ᠪᠣᠯᠤᠨ᠎ᠠ᠃ ᠵᠠᠰᠠᠯᠲᠠ ᠶ᠋ᠢᠨ ᠡᠬᠢ ᠪᠠᠶᠠᠯᠢᠭ᠋ ᠢ᠋ ᠨᠡᠢᠳᠬᠡᠬᠦ᠂ ᠪᠠᠢᠭᠤᠯᠤᠯᠲᠠ᠎ᠶ᠋ᠢᠨ᠌ ᠠᠭᠤᠯᠭ᠎ᠠ᠎ᠶᠢ ᠪᠠᠶᠠᠯᠢᠬᠵᠢᠭᠤᠯᠬᠤ᠎ᠪᠠᠷ ᠳᠡᠮᠵᠢᠨ᠂ ᠵᠠᠰᠠᠬᠤ ᠪᠠ ᠪᠠᠢᠭᠤᠯᠬᠤ ᠶ᠋ᠢ ᠵᠡᠷᠭᠡ ᠪᠡᠷ ᠠᠬᠢᠭᠤᠯᠬᠤ ᠶ᠋ᠢ ᠪᠡᠶᠡᠯᠡᠭᠦᠯᠵᠦ᠂ ᠦᠨᠳᠦᠰᠦᠨ ᠱᠠᠲᠤᠨ ᠤ᠋ ᠵᠠᠰᠠᠯᠲᠠ᠎ᠳᠦ ᠤᠷᠤᠰᠢᠵᠤ ᠪᠠᠢᠭ᠎ᠠ ᠪᠠᠭᠤᠷᠠᠶ ᠠᠰᠠᠭᠤᠳᠠᠯ ᠢ᠋ ᠪᠦᠲᠦᠮᠵᠢᠲᠡᠶ ᠰᠢᠶ᠋ᠳᠪᠦᠷᠢᠯᠡᠵᠤ ᠴᠢᠳᠠᠨ᠎ᠠ᠃

(ᠳᠦᠷᠪᠡ) ᠬᠢᠯᠢ ᠬᠢᠵᠠᠭᠠᠷ ᠢ᠋ ᠪᠡᠬᠢᠵᠢᠭᠦᠯᠦᠨ ᠬᠢᠯᠢ ᠬᠢᠵᠠᠭᠠᠷ ᠢ᠋ ᠬᠥᠭᠵᠢᠭᠦᠯᠵᠦ ᠠᠷᠠᠳ ᠢ᠋ ᠪᠠᠶᠠᠵᠢᠭᠤᠯᠬᠤ ᠠᠵᠢᠯᠯᠠᠭ᠎ᠠ ᠶ᠋ᠢ ᠠᠬᠢᠭᠤᠯᠬᠤ ᠴᠢᠬᠤᠯᠠ ᠲᠤᠯᠭᠠᠭᠤᠷᠢᠯᠠᠯ ᠪᠣᠯᠣᠨ᠎ᠠ᠃ ᠬᠢᠯᠢ ᠬᠢᠵᠠᠭᠠᠷ ᠢ᠋ ᠰᠠᠬᠢᠬᠤ᠂ ᠪᠦᠯᠬᠦᠮᠳᠡᠬᠦ᠂ ᠠᠷᠠᠳ ᠢ᠋ ᠪᠠᠶᠠᠵᠢᠭᠤᠯᠬᠤ ᠶ᠋ᠢ ᠣᠷᠭᠠᠨᠢᠭ᠋ ᠢ᠋ᠶ᠋ᠠᠷ ᠤᠶᠠᠯᠳᠤᠭᠤᠯᠵᠤ᠂ ᠬᠢᠯᠢ ᠶ᠋ᠢᠨ ᠠᠷᠠᠳ ᠤ᠋ᠨ ᠬᠦᠷᠲᠡᠮᠵᠢ ᠶ᠋ᠢᠨ ᠲᠦᠷᠦᠭᠳᠡᠯ ᠪᠣᠯᠤᠨ ᠬᠠᠷᠢᠶᠠᠯᠠᠭᠳᠠᠬᠤ ᠲᠦᠷᠦᠭᠳᠡᠯ ᠢ᠋ ᠨᠡᠮᠡᠭᠳᠡᠭᠦᠯᠦᠨ᠎ᠡ᠃

ᠬᠣᠶᠠᠷ᠂ ᠬᠢᠯᠢ ᠬᠠᠮᠠᠭᠠᠯᠠᠬᠤ ᠤᠯᠠᠭ᠎ᠠ ᠥᠷᠲᠡᠭᠡ ᠬᠢᠭᠡᠳ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ ᠶ᠋ᠢ ᠭᠦᠨᠵᠡᠭᠡᠶ ᠠᠭᠤᠰᠤᠯᠴᠠᠭᠤᠯᠬᠤ ᠦᠶ᠋ᠯᠡᠳᠦᠯᠭᠡ ᠶ᠋ᠢᠨ ᠠᠷᠭ᠎ᠠ ᠵᠠᠮ

ᠥᠪᠥᠷ ᠮᠣᠩᠭᠣᠯ ᠤ᠋ᠨ ᠬᠢᠯᠢ ᠬᠢᠵᠠᠭᠠᠷ ᠤ᠋ᠨ ᠪᠣᠳᠠᠲᠤ ᠪᠠᠢᠳᠠᠯ ᠳ᠋ᠤ᠌ ᠰᠠᠭᠤᠷᠢᠯᠠᠨ᠂ ᠳᠤᠮᠳᠠᠳᠤ ᠶ᠋ᠢᠨ ᠦᠨᠳᠦᠰᠦᠲᠡᠨ ᠦ᠌ ᠬᠠᠮᠲᠤ ᠶ᠋ᠢᠨ ᠴᠣᠭᠴᠠ ᠶ᠋ᠢᠨ ᠤᠬᠠᠮᠰᠠᠷ ᠢ᠋ ᠪᠠᠲᠤ ᠴᠣᠭᠴᠠᠯᠠᠬᠤ ᠪᠠᠷ ᠭᠣᠤᠯ ᠪᠣᠯᠭᠠᠵᠤ᠂ ᠳᠥᠷᠪᠡᠨ ᠠᠷᠭ᠎ᠠ ᠵᠠᠮ ᠢ᠋ᠶ᠋ᠠᠷ ᠳᠡᠮᠵᠢᠨ ᠠᠭᠤᠰᠤᠯᠴᠠᠨ ᠬᠥᠭᠵᠢᠬᠦ ᠶ᠋ᠢ ᠠᠬᠢᠭᠤᠯᠵᠤ ᠪᠣᠯᠤᠨ᠎ᠠ᠃

(ᠨᠢᠭᠡ) 《ᠣᠶᠤᠨᠴᠢ ᠥᠷᠲᠡᠭᠡ》 ᠶ᠋ᠢ ᠪᠠᠢᠭᠤᠯᠵᠤ᠂ ᠥᠷᠲᠡᠭᠡ ᠶ᠋ᠢ ᠨᠡᠢᠭᠡᠮ ᠦ᠋ᠨ ᠵᠠᠰᠠᠯᠲᠠ ᠶ᠋ᠢᠨ ᠮᠡᠳᠡᠭᠡ ᠵᠠᠩᠭᠢᠵᠢᠯᠲᠠ ᠶ᠋ᠢᠨ ᠲᠠᠪᠴᠠᠩ ᠳ᠋ᠤ᠌ ᠨᠡᠪᠴᠢᠭᠦᠯᠦᠨ ᠣᠷᠣᠭᠤᠯᠵᠤ᠂ ᠨᠡᠢᠭᠡᠮ ᠦ᠋ᠨ ᠪᠠᠢᠳᠠᠯ ᠠᠷᠠᠳ ᠤ᠋ᠨ ᠰᠠᠨᠠᠭ᠎ᠠ ᠶ᠋ᠢ ᠴᠤᠭᠯᠠᠭᠤᠯᠬᠤ᠂ ᠲᠦᠭᠰᠢᠭᠦᠷᠢ ᠶ᠋ᠢᠨ ᠳᠠᠯᠳᠠ ᠬᠡᠮ ᠢ᠋ ᠤᠷᠢᠳᠴᠢᠯᠠᠨ ᠰᠡᠷᠡᠮᠵᠢᠯᠡᠭᠦᠯᠬᠦ᠂ ᠠᠷᠠᠳ ᠲᠤ᠌ ᠲᠥᠬᠥᠮ ᠦᠵᠡᠭᠦᠯᠬᠦ ᠦᠶ᠋ᠯᠡᠴᠢᠯᠡᠭᠡᠨ ᠦ᠌ ᠬᠠᠩᠭᠠᠯᠭ᠎ᠠ ᠶ᠋ᠢ ᠨᠢᠭᠡ ᠴᠣᠭᠴᠠᠵᠢᠭᠤᠯᠬᠤ ᠶ᠋ᠢ ᠪᠡᠶᠡᠯᠡᠭᠦᠯᠦᠨ᠎ᠡ᠃

(ᠬᠣᠶᠠᠷ) 《ᠠᠮᠤᠭᠤᠯᠠᠩ ᠥᠷᠲᠡᠭᠡ》 ᠶ᠋ᠢ ᠪᠠᠢᠭᠤᠯᠵᠤ᠂ ᠥᠷᠲᠡᠭᠡ ᠨᠦ᠍ᠭᠦᠳ ᠦ᠋ᠨ ᠬᠣᠯᠪᠣᠭᠠᠯᠠᠨ ᠰᠡᠷᠭᠡᠢᠯᠡᠵᠦ ᠡᠵᠡᠮᠳᠡᠬᠦ᠂ ᠬᠠᠮᠲᠤ᠎ᠪᠠᠷ ᠰᠡᠷᠭᠡᠢᠯᠡᠵᠦ ᠵᠠᠰᠠᠬᠤ ᠵᠠᠩᠭᠢᠯᠠᠭ᠎ᠠ ᠶ᠋ᠢᠨ ᠦᠶ᠋ᠯᠡᠳᠦᠯ ᠢ᠋ ᠪᠠᠳᠠᠷᠠᠭᠤᠯᠤᠨ᠂ ᠬᠢᠯᠢ ᠶ᠋ᠢᠨ ᠠᠮᠤᠷ ᠲᠣᠭᠲᠠᠭᠤᠨ ᠢ᠋ ᠬᠠᠮᠠᠭᠠᠯᠠᠵᠤ᠂ ᠦᠨᠳᠦᠰᠦᠨ ᠱᠠᠲᠤᠨ ᠤ᠋ ᠵᠥᠷᠢᠴᠡᠯ ᠢ᠋ ᠠᠷᠢᠯᠭᠠᠨ᠂ ᠭᠡᠨᠡᠳᠲᠡ ᠶ᠋ᠢᠨ ᠬᠡᠷᠡᠭ ᠢ᠋ ᠠᠷᠭᠠᠴᠠᠭᠠᠨ᠎ᠠ᠃

(ᠭᠤᠷᠪᠠ) 《ᠲᠣᠭᠠᠴᠢᠯᠠᠭᠰᠠᠨ ᠥᠷᠲᠡᠭᠡ》 ᠶ᠋ᠢ ᠪᠠᠢᠭᠤᠯᠵᠤ᠂ ᠣᠶᠣᠨᠴᠢ ᠬᠢᠯᠢ ᠶ᠋ᠢᠨ ᠬᠠᠮᠠᠭᠠᠯᠠᠯᠲᠠ ᠶ᠋ᠢᠨ ᠰᠢᠰᠲᠧᠮ᠂ ᠨᠡᠭᠦᠳᠡᠯ  ᠭᠦᠢᠴᠡᠳᠬᠡᠬᠦ ᠮᠡᠷᠭᠡᠵᠢᠯ ᠵᠡᠷᠭᠡ ᠮᠡᠳᠡᠭᠡ ᠵᠠᠩᠭᠢ ᠶ᠋ᠢᠨ ᠮᠡᠷᠭᠡᠵᠢᠯ ᠢ᠋ ᠬᠡᠷᠡᠭᠯᠡᠨ᠂ ᠦᠶ᠋ᠯᠡᠴᠢᠯᠡᠭᠡᠨ ᠦ᠌ ᠬᠦᠷᠢᠶ᠎ᠡ ᠬᠡᠪᠴᠢᠶ᠎ᠡ ᠪᠡᠨ ᠥᠷᠭᠡᠳᠬᠡᠵᠦ᠂ ᠰᠦᠯᠵᠢᠶᠡᠨ ᠳᠡᠭᠡᠷ᠎ᠡ ᠪᠠ ᠠᠬᠤᠢ ᠲᠠᠯᠠᠪᠠᠢ᠎ᠳᠦ ᠬᠣᠯᠪᠣᠭᠠᠯᠠᠨ ᠬᠥᠳᠡᠯᠦᠯᠴᠡᠬᠦ ᠵᠠᠰᠠᠯᠲᠠ ᠶ᠋ᠢᠨ ᠪᠠᠢᠷᠢᠰᠢᠯ ᠢ᠋ ᠪᠠᠢᠭᠤᠯᠤᠨ᠎ᠠ᠃

(ᠳᠦᠷᠪᠡ) 《ᠦᠶ᠋ᠯᠡᠴᠢᠯᠡᠭᠡᠨ ᠦ᠌ ᠥᠷᠲᠡᠭᠡ》 ᠶ᠋ᠢ ᠪᠠᠢᠭᠤᠯᠵᠤ᠂ ᠵᠠᠰᠠᠭ ᠤ᠋ᠨ ᠶᠠᠪᠤᠳᠠᠯ ᠢ᠋ ᠣᠷᠣᠯᠠᠨ ᠭᠦᠶ᠋ᠴᠡᠳᠬᠡᠬᠦ᠂ ᠭᠤᠪᠢᠭᠤᠯᠵᠤ ᠢᠯᠡᠭᠡᠬᠦ ᠦᠶ᠋ᠯᠡᠴᠢᠯᠡᠭᠡ᠂ ᠪᠠᠴᠢᠮ ᠪᠠᠢᠳᠠᠯ ᠢ᠋ ᠠᠷᠭᠠᠴᠠᠭᠠᠵᠤ ᠠᠪᠤᠷᠠᠨ ᠲᠤᠰᠠᠯᠠᠬᠤ ᠵᠡᠷᠭᠡ ᠴᠢᠳᠠᠮᠵᠢ ᠶ᠋ᠢ ᠥᠷᠭᠡᠳᠬᠡᠨ᠂ ᠬᠢᠯᠢ ᠶ᠋ᠢᠨ ᠣᠯᠠᠨ ᠨᠡᠢᠲᠡ ᠶ᠋ᠢᠨ ᠦᠶ᠋ᠯᠡᠴᠢᠯᠡᠭᠡᠨ ᠦ᠌ 《ᠡᠴᠦᠰ ᠦ᠋ᠨ ᠨᠢᠭᠡ ᠺᠢᠯᠣᠮᠧᠲᠷ》 ᠢ᠋ ᠨᠡᠪᠲᠡᠷᠡᠭᠦᠯᠦᠨ᠎ᠡ᠃

ᠭᠤᠷᠪᠠ᠂ ᠬᠢᠯᠢ ᠬᠠᠮᠠᠭᠠᠯᠠᠬᠤ ᠤᠯᠠᠭ᠎ᠠ ᠥᠷᠲᠡᠭᠡ ᠬᠢᠭᠡᠳ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ ᠶ᠋ᠢᠨ᠌ ᠠᠭᠤᠰᠤᠯᠴᠠᠨ ᠬᠥᠭᠵᠢᠬᠦ ᠶ᠋ᠢ ᠪᠠᠲᠤᠯᠠᠬᠤ ᠠᠷᠭ᠎ᠠ ᠬᠡᠮᠵᠢᠶ᠎ᠡ

ᠠᠭᠤᠰᠤᠯᠴᠠᠨ ᠬᠥᠭᠵᠢᠬᠦ ᠶ᠋ᠢ ᠠᠬᠢᠭᠤᠯᠬᠤ ᠳ᠋ᠤ᠌ ᠳᠥᠷᠪᠡᠨ ᠶᠡᠬᠡ ᠪᠠᠲᠤᠯᠠᠭ᠎ᠠ ᠶ᠋ᠢᠨ ᠰᠢᠰᠲᠧᠮ ᠢ᠋ ᠲᠡᠭᠦᠯᠳᠡᠷᠵᠢᠭᠦᠯᠬᠦ ᠴᠢᠬᠤᠯᠠᠲᠠᠶ᠃           

(ᠨᠢᠭᠡ) ᠲᠥᠷᠥ ᠶ᠋ᠢᠨ ᠪᠣᠳᠣᠯᠭ᠎ᠠ ᠶ᠋ᠢᠨ ᠪᠠᠲᠤᠯᠠᠭ᠎ᠠ ᠶ᠋ᠢ ᠴᠢᠩᠭᠠᠳᠬᠠᠵᠤ᠂ ᠦᠵᠦ ᠲᠥᠯᠥᠪᠯᠡᠭᠡ ᠶ᠋ᠢ ᠲᠡᠭᠦᠯᠳᠡᠷᠵᠢᠭᠦᠯᠵᠦ᠂ ᠤᠯᠠᠭ᠎ᠠ ᠥᠷᠲᠡᠭᠡ ᠶ᠋ᠢᠨ ᠪᠥᠲᠥᠭᠡᠨ ᠪᠠᠢᠭᠤᠯᠤᠯᠲᠠ ᠶ᠋ᠢ ᠦᠨᠳᠦᠰᠦᠲᠡᠨ ᠦ᠌ ᠪᠦᠯᠬᠦᠮᠳᠡᠯ ᠲᠠᠪᠰᠢᠯᠳᠠ ᠵᠢᠨ ᠪᠠᠢᠭᠤᠯᠤᠯᠲᠠ ᠪᠠ ᠬᠢᠯᠢ ᠬᠢᠵᠠᠭᠠᠷ ᠢ᠋ ᠪᠡᠬᠢᠵᠢᠭᠦᠯᠦᠨ ᠬᠢᠯᠢ ᠬᠢᠵᠠᠭᠠᠷ ᠢ᠋ ᠬᠥᠭᠵᠢᠭᠦᠯᠵᠦ ᠠᠷᠠᠳ ᠢ᠋ ᠪᠠᠶᠠᠵᠢᠭᠤᠯᠬᠤ ᠪᠦᠬᠦᠯᠢ ᠴᠣᠭᠴᠠ ᠶ᠋ᠢᠨ ᠲᠥᠯᠥᠪᠵᠢᠭᠦᠯᠭᠡ ᠳ᠋ᠦ᠍ ᠣᠷᠣᠭᠤᠯᠵᠤ᠂ ᠴᠢᠳᠠᠮᠵᠢ ᠶ᠋ᠢᠨ ᠪᠠᠷᠢᠮᠵᠢᠶ᠎ᠠ ᠶ᠋ᠢ ᠲᠣᠳᠣᠷᠬᠠᠢᠯᠠᠵᠤ᠂ ᠬᠠᠮᠵᠢᠯᠴᠠᠬᠤ ᠲᠣᠭᠲᠠᠴᠠ ᠶ᠋ᠢ ᠪᠦᠷᠢᠨᠰᠢᠭᠦᠯᠦᠨ᠎ᠡ᠃

(ᠬᠣᠶᠠᠷ) ᠪᠡᠯᠡ ᠮᠥᠩᠭᠥᠨ ᠦ᠌ ᠪᠠᠲᠤᠯᠠᠭ᠎ᠠ ᠶ᠋ᠢ ᠴᠢᠩᠭᠠᠳᠬᠠᠵᠤ᠂ ᠡᠳ᠋ ᠦ᠋ᠨ ᠵᠠᠰᠠᠭ ᠠ᠋ᠴᠠ ᠭᠣᠣᠯᠯᠠᠨ ᠤᠳᠤᠷᠢᠳᠤᠭᠰᠠᠨ᠂ ᠨᠡᠢᠭᠡᠮ ᠡᠴᠡ ᠣᠷᠣᠯᠴᠠᠭᠰᠠᠨ ᠤᠯᠠᠨ ᠡᠰᠢᠲᠦ ᠣᠷᠣᠭᠤᠯᠤᠯᠲᠠ ᠶ᠋ᠢᠨ ᠲᠣᠭᠲᠠᠴᠠ ᠶ᠋ᠢ ᠪᠠᠢᠭᠤᠯᠵᠤ᠂ ᠲᠤᠰᠬᠠᠢ ᠲᠦᠷᠦᠯ ᠦ᠋ᠨ ᠪᠡᠯᠡ ᠮᠥᠩᠭᠥ ᠶ᠋ᠢ ᠨᠡᠢᠳᠬᠡᠵᠦ᠂ ᠤᠯᠠᠭ᠎ᠠ ᠥᠷᠲᠡᠭᠡᠨ ᠦ᠌ ᠤᠷᠳᠤ ᠬᠤᠭᠤᠴᠠᠭᠠᠨ ᠤ᠋ ᠪᠦᠲᠦᠮᠵᠢᠲᠡᠢ ᠠᠵᠢᠯᠯᠠᠭᠠᠨ ᠢ᠋ ᠪᠠᠲᠤᠯᠠᠨ᠎ᠠ᠃

(ᠭᠤᠷᠪᠠ) ᠴᠢᠳᠠᠪᠤᠷᠢᠲᠠᠨ ᠤ᠋ ᠪᠠᠲᠤᠯᠠᠭ᠎ᠠ ᠶ᠋ᠢ ᠴᠢᠩᠭᠠᠳᠬᠠᠵᠤ᠂ ᠬᠠᠮᠢᠶᠠᠷᠤᠭ᠍ᠴᠢ ᠪᠣᠯᠤᠨ ᠬᠣᠯᠪᠣᠭᠠᠴᠢᠨ ᠢ᠋ ᠰᠢᠯᠢᠳᠡᠭ ᠢ᠋ ᠨᠢ ᠰᠣᠩᠭᠣᠵᠤ ᠬᠦᠴᠦᠷᠬᠡᠭ ᠢ᠋ ᠨᠢ ᠲᠤᠬᠢᠷᠠᠭᠤᠯᠵᠤ᠂ ᠲᠤᠬᠠᠢᠯᠠᠭᠰᠠᠨ ᠠᠵᠢᠯ ᠤ᠋ᠨ ᠪᠣᠯᠪᠠᠰᠤᠷᠠᠯ ᠢ᠋ ᠴᠢᠩᠭᠠᠳᠬᠠᠵᠤ᠂ ᠰᠠᠢ᠍ᠢᠨ ᠲᠤᠷᠠᠴᠤᠳ᠂ ᠬᠢᠯᠢ ᠬᠠᠮᠠᠭᠠᠯᠠᠭ᠍ᠴᠢ ᠵᠡᠷᠭᠡ ᠬᠦᠴᠦᠨ ᠢ᠋ ᠲᠠᠲᠠᠵᠤ᠂ ᠲᠤᠰᠬᠠᠢ ᠲᠤᠰᠢᠶᠠᠯ ᠪᠠ ᠲᠤᠰᠢᠶᠠᠯ ᠬᠠᠪᠰᠤᠷᠭᠠᠬᠤ ᠶ᠋ᠢ ᠤᠶᠠᠯᠳᠤᠭᠤᠯᠤᠭᠰᠠᠨ ᠠᠵᠢᠯ ᠤ᠋ᠨ ᠡᠩᠨᠡᠭᠡ ᠶ᠋ᠢ ᠪᠠᠢᠭᠤᠯᠤᠨ᠎ᠠ᠃

(ᠳᠦᠷᠪᠡ) ᠦᠨᠡᠯᠡᠨ ᠵᠢᠱ᠌ᠢᠬᠦ ᠪᠠᠲᠤᠯᠠᠭ᠎ᠠ ᠶ᠋ᠢ ᠴᠢᠩᠭᠠᠳᠬᠠᠵᠤ᠂ ᠠᠵᠢᠯ ᠤ᠋ᠨ ᠠᠮᠵᠢᠯᠲᠠ ᠪᠦᠲᠦᠮᠵᠢ ᠶ᠋ᠢ ᠦᠨᠡᠯᠡᠬᠦ ᠰᠢᠰᠲᠧᠮ᠎ᠢ ᠪᠠᠢᠭᠤᠯᠵᠤ᠂ ᠦᠨᠳᠦᠰᠦᠲᠡᠨ ᠦ᠌ ᠪᠦᠯᠬᠦᠮᠳᠡᠯ ᠦ᠋ᠨ ᠦᠷ᠎ᠡ ᠪᠦᠲᠦᠮᠵᠢ᠂ ᠣᠯᠠᠨ ᠲᠦᠮᠡᠨ ᠦ᠌ ᠬᠠᠨᠤᠮᠵᠢ᠎ᠶᠢᠨ ᠬᠡᠮᠵᠢᠶ᠎ᠡ᠂ ᠵᠠᠰᠠᠯᠲᠠ ᠶ᠋ᠢᠨ ᠦᠷ᠎ᠡ ᠪᠦᠲᠦᠮᠵᠢ ᠵᠡᠷᠭᠡ ᠶ᠋ᠢ ᠰᠢᠯᠭᠠᠨ ᠬᠢᠨᠠᠬᠤ ᠳ᠋ᠤ᠌ ᠣᠷᠣᠭᠤᠯᠵᠤ᠂ ᠦᠨᠡᠯᠡᠬᠦ ᠪᠡᠷ ᠪᠠᠢᠭᠤᠯᠬᠤ ᠶ᠋ᠢ ᠠᠬᠢᠭᠤᠯᠤᠨ᠂ ᠦᠨᠡᠯᠡᠬᠦ ᠪᠡᠷ ᠥᠭᠡᠷᠡᠴᠢᠯᠡᠯᠲᠡ ᠶ᠋ᠢ ᠠᠬᠢᠭᠤᠯᠤᠨ᠎ᠠ᠃

ᠬᠢᠯᠢ ᠬᠠᠮᠠᠭᠠᠯᠠᠬᠤ ᠤᠯᠠᠭ᠎ᠠ ᠥᠷᠲᠡᠭᠡ ᠪᠣᠯ ᠤᠮᠠᠷᠠᠲᠤ ᠬᠢᠯᠢ ᠶ᠋ᠢ ᠬᠠᠮᠠᠭᠠᠯᠠᠬᠤ ᠪᠡᠬᠢᠯᠡᠯᠲᠡ᠂ ᠪᠦᠯᠬᠦᠮᠳᠡᠯ ᠦ᠋ᠨ ᠰᠠᠭᠤᠷᠢᠨ ᠭᠠᠵᠠᠷ᠂ ᠠᠷᠠᠳ ᠤ᠋ᠨ ᠰᠡᠳᠬᠢᠯ ᠦ᠋ᠨ ᠲᠠᠪᠴᠠᠩ ᠪᠣᠯᠤᠨ᠎ᠠ᠃ ᠲᠡᠭᠦᠨ ᠦ᠌ ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠵᠢᠨ ᠪᠠᠢᠭᠤᠯᠤᠯᠲᠠ ᠯᠤᠭ᠎ᠠ ᠭᠦᠨ ᠠᠭᠤᠰᠤᠯᠴᠠᠬᠤ ᠶ᠋ᠢ ᠠᠬᠢᠭᠤᠯᠬᠤ ᠪᠣᠯ ᠥᠪᠥᠷ ᠮᠣᠩᠭᠣᠯ ᠤ᠋ᠨ ᠤᠯᠤᠰ ᠤ᠋ᠨ ᠪᠠᠢᠯᠳᠤᠬᠤ ᠪᠣᠳᠣᠯᠭ᠎ᠠ ᠶ᠋ᠢ ᠨᠠᠢᠳᠠᠪᠤᠷᠢᠵᠢᠭᠤᠯᠬᠤ᠂ ᠬᠢᠯᠢ ᠬᠢᠵᠠᠭᠠᠷ ᠤ᠋ᠨ ᠡᠭᠦᠷᠭᠡ ᠬᠠᠷᠢᠭᠤᠴᠠᠯᠭ᠎ᠠ ᠪᠠᠨ ᠭᠦᠶ᠋ᠴᠡᠳᠬᠡᠬᠦ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃ ᠳᠤᠮᠳᠠᠳᠤ ᠶ᠋ᠢᠨ ᠦᠨᠳᠦᠰᠦᠲᠡᠨ ᠦ᠌ ᠬᠠᠮᠲᠤ ᠶ᠋ᠢᠨ ᠴᠣᠭᠴᠠ ᠶ᠋ᠢᠨ ᠤᠬᠠᠮᠰᠠᠷ ᠢ᠋ ᠪᠠᠲᠤ ᠴᠣᠭᠴᠠᠯᠠᠬᠤ ᠪᠠᠷ ᠭᠣᠤᠯ ᠰᠢᠵᠢᠮ ᠪᠣᠯᠭᠠᠬᠤ ᠶ᠋ᠢ ᠪᠠᠷᠢᠮᠲᠠᠯᠠᠵᠤ᠂ ᠠᠴᠢᠶᠠᠯᠠᠪᠤᠷᠢ ᠶ᠋ᠢ ᠲᠠᠰᠤᠷᠠᠯᠲᠠ ᠥᠬᠡᠶ ᠰᠢᠨᠡᠴᠢᠯᠡᠵᠦ᠂ ᠲᠣᠭᠲᠠᠴᠠ ᠶ᠋ᠢ ᠲᠡᠭᠦᠯᠳᠡᠷᠵᠢᠭᠦᠯᠵᠦ᠂ ᠤᠯᠠᠭ᠎ᠠ ᠥᠷᠲᠡᠭᠡ ᠶ᠋ᠢ ᠦᠨᠡᠨ ᠬᠦ᠌ ᠬᠢᠯᠢ ᠶ᠋ᠢ ᠰᠠᠬᠢᠨ ᠬᠢᠯᠢ ᠶ᠋ᠢ ᠪᠡᠬᠢᠵᠢᠭᠦᠯᠬᠦ ᠬᠣᠰᠢᠭᠤᠴᠢ᠂ ᠦᠨᠳᠦᠰᠦᠲᠡᠨ ᠦ᠌ ᠪᠦᠯᠬᠦᠮᠳᠡᠯ᠎ᠤᠨ ᠭᠠᠷᠠᠮ᠂ ᠬᠢᠯᠢ ᠬᠢᠵᠠᠭᠠᠷ ᠢ᠋ ᠬᠥᠭᠵᠢᠭᠦᠯᠦᠨ ᠠᠷᠠᠳ ᠢ᠋ ᠪᠠᠶᠠᠵᠢᠭᠤᠯᠬᠤ ᠲᠤᠯᠬᠤ ᠴᠡᠭ ᠪᠣᠯᠭᠠᠵᠤ᠂ ᠡᠬᠡ ᠤᠯᠤᠰ ᠤ᠋ᠨ ᠤᠮᠠᠷᠠᠲᠤ ᠶ᠋ᠢᠨ ᠠᠮᠤᠷ ᠲᠦᠪᠱᠢᠨ ᠲᠣᠭᠲᠠᠭᠤᠨ ᠤ᠋ ᠬᠠᠯᠬᠠᠪᠴᠢ ᠶ᠋ᠢ ᠪᠠᠲᠤ ᠴᠣᠭᠴᠠᠯᠠᠬᠤ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ ᠢ᠋ ᠪᠥᠬᠥ ᠲᠠᠯ᠎ᠠ ᠪᠠᠷ ᠪᠥᠲᠥᠭᠡᠨ ᠪᠠᠢᠭᠤᠯᠬᠤ ᠳ᠋ᠤ᠌ ᠪᠠᠲᠤ ᠪᠠᠬᠢ ᠲᠤᠯᠭᠠᠭᠤᠷᠢᠯᠠᠯ ᠬᠠᠩᠭᠠᠨ᠎ᠠ᠃

(ᠵᠣᠬᠢᠶᠠᠭᠴᠢ ᠵᠢᠨ ᠬᠠᠶᠢᠭ᠄ ᠥᠪᠥᠷ ᠮᠣᠩᠭᠣᠯ᠎ᠤᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭᠠᠭᠤᠯᠢ)

【ᠲᠤᠰ ᠦᠭᠦᠯᠡᠯ ᠪᠤᠯ 2025 ᠤᠨ᠎ᠤ ᠦᠪᠦᠷ ᠮᠤᠡᠭᠭᠤᠯ ᠎ᠤᠨ ᠦᠪᠡᠷᠲᠡᠭᠡᠨ ᠵᠠᠰᠠᠬᠤ ᠤᠷᠤᠨ᠎ᠤ ᠨᠡᠢᠭᠡᠮ᠎ᠤᠨ ᠰᠢᠨᠵᠢᠯᠡᠬᠦ ᠤᠬᠠᠭᠠᠨ᠎ᠤ ᠰᠠᠭᠤᠷᠢ ᠮᠦᠡᠭᠭᠦᠨ᠎ᠤ ᠲᠦᠰᠦᠯ (2025HZY23); ᠦᠪᠦᠷ ᠮᠤᠡᠭᠭᠤᠯ ᠎ᠤᠨ ᠦᠪᠡᠷᠲᠡᠭᠡᠨ ᠵᠠᠰᠠᠬᠤ ᠤᠷᠤᠨ᠎ᠤ ᠶᠡᠭᠡ ᠳᠡᠭᠡᠳᠦ ᠰᠤᠷᠭᠠᠭᠤᠯᠢ ᠵᠢᠨ ᠭᠤᠤᠯᠳᠠᠯᠭᠠᠳᠦ ᠲᠤᠷᠰᠢᠯᠲᠠ ᠵᠢᠨ ᠲᠠᠰᠤᠭ᠎ᠤᠨ ᠤᠶᠤᠨᠴᠢ ᠡᠳ᠋᠎ᠤᠨ ᠶᠠᠪᠤᠳᠠᠯ ᠬᠢᠭᠡᠳ ᠨᠢᠭᠳᠠᠯᠠᠨ ᠪᠤᠳᠤᠬᠤᠢ ᠵᠢᠨ ᠱᠢᠨ᠎ᠡ ᠵᠢ ᠡᠭᠦᠳᠬᠦ ᠲᠤᠷᠰᠢᠯᠲᠠ ᠵᠢᠨ ᠲᠠᠰᠤᠭ᠎ᠤᠨ ᠲᠦᠰᠦᠯ᠎ᠤᠨ ᠱᠠᠳᠦᠴᠢ ᠴᠢᠨᠠᠷᠲᠠᠢ ᠪᠦᠲᠦᠭᠡᠯ ᠪᠤᠯᠤᠨ᠎ᠠ】

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号