ᠲᠤᠱᠢᠶᠠᠯ᠎ᠳᠤ ᠲᠣᠮᠢᠯᠠᠬᠤ᠎ᠪᠠᠷ ᠪᠠᠢᠭ᠎ᠠ ᠺᠠᠳ᠋ᠷ᠎ᠢ ᠢᠯᠡ ᠨᠡᠢᠲᠡᠯᠡᠬᠦ᠌ ᠲᠤᠬᠠᠢ ᠠᠯᠪᠠᠨ ᠵᠠᠷᠯᠠᠯ
2026-04-18 11:11:51
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠰᠤᠳᠤᠯᠬᠤ᠎ᠪᠠᠷ ᠳᠠᠮᠵᠢᠨ᠂ ᠳᠡᠪᠱᠢᠭᠦᠯᠬᠦ᠌ ᠪᠠ ᠤᠯᠠᠮ ᠨᠢᠭᠡ ᠠᠯᠬᠤᠮ ᠬᠡᠷᠡᠭ᠌ᠯᠡᠬᠦ᠌᠎ᠪᠡᠷ ᠪᠠᠢᠭ᠎ᠠ ᠲᠤᠤᠷᠠᠬᠢ 3 ᠺᠠᠳ᠋ᠷ ᠢ᠋ ᠢᠯᠡ ᠨᠡᠢᠲᠡᠯᠡᠬᠦ᠌᠎ᠪᠡᠷ ᠲᠣᠭ᠍ᠲᠠᠪᠠ᠃

ᠨᠢᠬᠡ᠂ ᠢᠯᠡ ᠨᠡᠢᠲᠡᠯᠡᠬᠦ᠌ ᠨᠡᠷᠡᠰ

ᠬᠣ᠌ ᠴᠧᠩ ᠳ᠋ᠦᠩ᠂ ᠡᠷᠡᠭ᠌ᠲᠡᠶ᠂ ᠬᠢᠲᠠᠳ ᠦᠨᠳᠦᠰᠦᠲᠡᠨ᠂ 1971 ᠣᠨ᠎ᠤ 10 ᠰᠠᠷ᠎ᠠ᠎ᠳᠤ ᠳᠦᠷᠦᠵᠡᠶ᠂ ᠠᠵᠢᠯ᠎ᠤᠨ ᠪᠠᠢᠷᠢ᠎ᠲᠡᠭᠡᠷ᠎ᠠ ᠪᠡᠨ ᠰᠤᠷᠤᠯᠴᠠᠬᠰᠡᠨ ᠶᠡᠬᠡ ᠰᠤᠷᠭᠠᠭᠤᠯᠢ ᠵᠢᠨ ᠰᠤᠷᠤᠯᠭ᠎ᠠ ᠵᠢᠨ ᠨᠠᠮᠳᠠᠷ ᠲᠠᠢ᠂ ᠣᠯᠠᠨ ᠨᠡᠢᠲᠡ᠎ᠶ᠋ᠢᠨ ᠬᠠᠮᠢᠶᠠᠷᠤᠯᠲᠠ᠎ᠶ᠋ᠢᠨ ᠮᠠᠰᠲ᠋ᠧᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠂ ᠣᠲᠣ ᠥᠪᠡᠷᠲᠡᠭᠡᠨ ᠵᠠᠰᠠᠬᠤ ᠣᠷᠣᠨ᠎ᠤ ᠡᠨᠧᠷᠭᠢ᠎ᠶ᠋ᠢᠨ ᠲᠣᠪᠴᠢᠶ᠎ᠠ᠎ᠶ᠋ᠢᠨ ᠨᠠᠮ᠎ᠤᠨ ᠤᠳᠤᠷᠢᠳᠭᠤ ᠳᠤᠭᠤᠢᠯᠠᠩ᠎ᠤᠨ ᠪᠦᠷᠢᠯᠳᠦᠬᠦᠨ᠂ ᠳᠡᠳ᠋ ᠲᠣᠪᠴᠢᠶᠠᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠵᠦ᠍ ᠪᠣᠶ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠡᠴᠡ ᠤᠳᠤᠷᠢᠳᠭᠤ ᠪᠠᠭ᠎ᠢ ᠱᠢᠭᠤᠳ ᠬᠠᠮᠢᠶᠠᠷᠬᠤ ᠠᠵᠤ ᠠᠬᠤᠢᠯᠠᠯ᠎ᠤᠨ ᠵᠢᠩᠬᠢᠨᠢ ᠲᠤᠱᠢᠶᠠᠯ᠎ᠤᠨ ᠵᠢᠱ᠌ᠢᠭ᠌ᠳᠡᠭ᠌ᠴᠢ᠎ᠪᠡᠷ ᠨᠡᠷ᠎ᠡ ᠳᠤᠷᠠᠳᠭᠤ᠎ᠪᠠᠷ ᠪᠣᠶ;

ᠳᠠᠷᠬᠠᠨᠬᠦᠦ᠂ ᠡᠷᠡᠭ᠌ᠲᠡᠶ᠂ ᠮᠣᠩᠭᠣᠯ ᠦᠨᠳᠦᠰᠦᠲᠡᠨ᠂ 1974 ᠣᠨ᠎ᠤ 12 ᠰᠠᠷ᠎ᠠ᠎ᠳᠤ ᠳᠦᠷᠦᠵᠡᠶ᠂ ᠲᠥᠪ᠎ᠦᠨ ᠨᠠᠮ᠎ᠤᠨ ᠰᠤᠷᠭᠠᠭᠤᠯᠢ᠎ᠶ᠋ᠢᠨ ᠶᠡᠬᠡ ᠰᠤᠷᠭᠠᠭᠤᠯᠢ ᠵᠢᠨ ᠰᠤᠷᠤᠯᠭ᠎ᠠ ᠵᠢᠨ ᠨᠠᠮᠳᠠᠷ ᠲᠠᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠂ ᠣᠲᠣ ᠪᠠᠶᠠᠨᠨᠠᠭᠤᠷ ᠬᠣᠲᠠ᠎ᠶ᠋ᠢᠨ ᠳᠡᠳ᠋ ᠳᠠᠷᠤᠭ᠎ᠠ᠂ ᠬᠣᠲᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶᠠᠨ᠎ᠤ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠵᠦ᠍ ᠪᠣᠶ᠂ ᠠᠢᠮᠠᠭ ᠬᠣᠲᠠ᠎ᠶ᠋ᠢᠨ ᠨᠠᠮ᠎ᠤᠨ ᠬᠣᠷᠢᠶ᠎ᠠ ᠵᠢᠨ ᠳᠡᠳ᠋ ᠲᠤᠱᠢᠶᠠᠯ᠎ᠳᠤ ᠲᠣᠮᠢᠯᠠᠬᠤ᠎ᠪᠠᠷ ᠪᠣᠶ;

ᠯᠢᠦ ᠴᠥᠩ ᠱᠢᠶᠤᠤ᠂ ᠡᠷᠡᠭ᠌ᠲᠡᠶ᠂ ᠬᠢᠲᠠᠳ ᠦᠨᠳᠦᠰᠦᠲᠡᠨ᠂ 1974 ᠣᠨ᠎ᠤ 9 ᠰᠠᠷ᠎ᠠ᠎ᠳᠤ ᠳᠦᠷᠦᠵᠡᠶ᠂ ᠶᠡᠬᠡ ᠰᠤᠷᠭᠠᠭᠤᠯᠢ ᠵᠢᠨ ᠰᠤᠷᠤᠯᠭ᠎ᠠ ᠵᠢᠨ ᠨᠠᠮᠳᠠᠷ ᠲᠠᠢ᠂ ᠣᠯᠠᠨ ᠨᠡᠢᠲᠡ᠎ᠶ᠋ᠢᠨ ᠬᠠᠮᠢᠶᠠᠷᠤᠯᠲᠠ᠎ᠶ᠋ᠢᠨ ᠮᠠᠰᠲ᠋ᠧᠷ᠂ ᠯᠧᠺᠲ᠋ᠣᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠂ ᠣᠲᠣ ᠠᠯᠠᠱᠠ ᠠᠢᠮᠠᠭ᠎ᠤᠨ ᠳᠡᠳ᠋ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠵᠦ᠍ ᠪᠣᠶ᠂ ᠠᠢᠮᠠᠭ ᠬᠣᠲᠠ᠎ᠶ᠋ᠢᠨ ᠨᠠᠮ᠎ᠤᠨ ᠬᠣᠷᠢᠶ᠎ᠠ ᠵᠢᠨ ᠳᠡᠳ᠋ ᠲᠤᠱᠢᠶᠠᠯ᠎ᠳᠤ ᠲᠣᠮᠢᠯᠠᠬᠤ᠎ᠪᠠᠷ ᠪᠣᠶ᠃

ᠬᠣᠶᠠᠷ᠂ ᠢᠯᠡ ᠨᠡᠢᠲᠡᠯᠡᠬᠦ᠌ ᠴᠠᠭ

2026 ᠣᠨ᠎ᠤ 4 ᠰᠠᠷ᠎ᠠ᠎ᠶ᠋ᠢᠨ 18 ᠡᠴᠡ 2026 ᠣᠨ᠎ᠤ 4 ᠰᠠᠷ᠎ᠠ᠎ᠶ᠋ᠢᠨ 24 ᠎ᠤ᠋ ᠡᠳᠦᠷ ᠪᠣᠯᠲᠠᠯ᠎ᠠ ᠢᠯᠡ ᠨᠡᠢᠳᠡᠯᠡᠨ᠎ᠡ᠃

ᠭᠤᠷᠪᠠ᠂ ᠬᠦᠯᠢᠶᠡᠨ ᠠᠪᠴᠤ᠌ ᠱᠢᠢᠳᠪᠦᠷᠢᠯᠡᠬᠦ᠌ ᠬᠡᠯᠪᠡᠷᠢ

ᠪᠠᠢᠭᠤᠯᠭ᠎ᠠ ᠪᠠ ᠬᠤᠪᠢ ᠬᠥᠮᠦᠨ ᠤᠲᠠᠰᠤ ᠢᠷᠡᠬᠦᠯᠬᠦ᠂ ᠵᠠᠬᠢᠳᠠᠯ ᠢᠷᠡᠬᠦᠯᠬᠦ᠂ ᠰᠤᠷᠪᠤᠯᠵᠢᠯᠠᠯ ᠬᠢᠬᠦ ᠂ ᠰᠦᠯᠵᠢᠶ᠎ᠡ ᠵᠡᠷᠭᠡ ᠬᠡᠯᠪᠡᠷᠢ ᠪᠡᠷ ᠲᠡᠭᠡᠷᠡᠬᠢ ᠢᠯᠡ ᠨᠡᠢᠲᠡᠯᠡᠭ᠌ᠰᠡᠨ ᠬᠥᠮᠦᠰ᠎ᠦᠨ ᠬᠣᠯᠪᠣᠭ᠍ᠳᠠᠯ ᠪᠥᠬᠥᠶ ᠪᠠᠢᠳᠠᠯ ᠪᠠ ᠠᠰᠠᠭᠤᠳᠠᠯ᠎ᠢ ᠲᠤᠰᠭᠠᠵᠤ ᠪᠣᠯᠤᠨ᠎ᠠ᠃ ᠲᠤᠰᠭᠠᠭ᠍ᠰᠠᠨ ᠠᠰᠠᠭᠤᠳᠠᠯ ᠳ᠋ᠤ ᠪᠠᠢᠴᠠᠭᠠᠯᠳᠠ ᠬᠢᠵᠤ ᠬᠢᠨᠡᠨ ᠲᠤᠳᠤᠯᠠᠬᠤ᠎ᠳᠤ ᠲᠥᠬᠥᠮ ᠪᠤᠯᠭᠠᠬᠤ ᠵᠢᠨ ᠲᠦᠯᠦᠭᠡ᠂ ᠠᠰᠠᠭᠤᠳᠠᠯ᠎ᠢ ᠲᠤᠰᠭᠠᠬᠤ ᠳ᠋ᠠᠭᠠᠨ ᠬᠣᠯᠪᠣᠭ᠍ᠳᠠᠯ ᠪᠥᠬᠥᠶ ᠰᠦᠪᠡᠭ᠌ᠴᠢ ᠵᠢᠴᠢ ᠲᠣᠰ ᠬᠥᠮᠦᠨ᠎ᠦ ᠦᠨᠡᠨ ᠣᠪᠣᠭ ᠨᠡᠷ᠎ᠡ᠂ ᠬᠠᠷᠢᠯᠴᠠᠬᠤ ᠠᠷᠭ᠎ᠠ ᠪᠤᠶᠤ ᠠᠵᠢᠯᠯᠠᠵᠤ ᠪᠠᠢᠭ᠎ᠠ ᠪᠠᠢᠭᠤᠯᠭ᠎ᠠ ᠵᠡᠷᠭᠡ ᠮᠡᠳᠡᠭᠡ ᠵᠠᠩᠭᠢ᠎ᠵᠢ ᠬᠠᠩᠭᠠᠭᠠᠷᠠᠶ᠂ ᠪᠢᠳᠡ ᠠᠵᠢᠯ᠎ᠤᠨ ᠰᠠᠬᠢᠯᠭ᠎ᠠ ᠪᠠᠲᠤ᠎ᠶ᠋ᠢ ᠴᠢᠩᠭ᠎ᠠ ᠵᠢᠷᠤᠮᠯᠠᠵᠤ᠂ ᠨᠢᠭᠤᠴᠠ᠎ᠶ᠋ᠢ ᠬᠠᠮᠠᠭᠠᠯᠠᠬᠤ ᠡᠭᠦᠷᠭᠡ᠎ᠪᠡᠨ ᠭᠦᠶ᠋ᠴᠡᠳᠭᠡᠵᠦ᠍᠂ ᠬᠢᠨᠠᠨ ᠲᠤᠳᠤᠯᠠᠬᠰᠡᠨ ᠪᠠᠢᠳᠠᠯ᠎ᠢ᠋ ᠴᠠᠭ ᠲᠤᠬᠠᠶ᠎ᠳᠤᠨᠢ ᠬᠠᠷᠢᠭᠤ ᠲᠤᠰᠭᠠᠨ᠎ᠠ᠃

ᠬᠦᠯᠢᠶᠡᠨ ᠠᠪᠴᠤ ᠰᠢᠢᠳᠪᠤᠷᠢᠯᠡᠬᠦ ᠴᠠᠭ᠄ ᠠᠵᠢᠯᠯᠠᠬᠤ ᠡᠳᠦᠷ ᠤ᠋ᠨ

ᠦᠳᠡ᠎ᠶ᠋ᠢᠨ ᠡᠮᠦᠨ᠎ᠠ  9᠄ 00 —12᠄ 00

ᠦᠳᠡ᠎ᠶ᠋ᠢᠨ ᠬᠣᠢᠨ᠎ᠠ  13᠄ 30 —17᠄ 00

ᠬᠦᠯᠢᠶᠡᠨ ᠠᠪᠴᠤ ᠰᠢᠢᠳᠪᠤᠷᠢᠯᠡᠬᠦ ᠤᠲᠠᠰᠤ᠄(0471)12380

ᠵᠠᠬᠢᠳᠠᠯ᠎ᠢᠷᠡᠬᠦᠯᠬᠦ ᠬᠠᠶᠢᠭ᠄ ᠬᠥᠬᠡᠬᠣᠲᠠ᠎ᠶ᠋ᠢᠨ ᠰᠠᠢᠬᠠᠨ ᠲᠣᠭᠣᠷᠢᠭ᠎ᠤᠨ ᠴᠡᠯᠡᠭᠡᠷ ᠲᠠᠯ᠎ᠠ ᠶᠡᠬᠡ ᠵᠡᠭᠡᠯᠢ᠎ᠶ᠋ᠢᠨ 1 ᠳ᠋ᠤᠭᠡᠷ ᠨᠣᠮᠧᠷᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠵᠣᠬᠢᠶᠠᠨ ᠪᠠᠢᠭᠤᠯᠬᠤ ᠬᠡᠯᠲᠡᠰ᠎ᠦᠨ ᠢᠯᠡᠴᠢᠯᠡᠨ ᠮᠡᠳᠡᠭᠦᠯᠬᠦ᠌ ᠲᠥᠪ (ᠱᠢᠤᠳᠠᠨ ᠨᠣᠮᠧᠷ᠄ 010098)

ᠢᠯᠡᠴᠢᠯᠡᠨ ᠮᠡᠳᠡᠭᠦᠯᠬᠦ᠌ ᠰᠦᠯᠵᠢᠶᠡᠨ᠎ᠦ ᠬᠠᠶᠢᠭ᠄ 

12380 . nmgdj . gov . cn

ᠣᠨᠴᠠᠭᠠᠢᠯᠠᠨ ᠵᠠᠷᠯᠠᠪᠠ

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠵᠣᠬᠢᠶᠠᠨ ᠪᠠᠢᠭᠤᠯᠬᠤ ᠬᠡᠯᠲᠡᠰ

         2026 ᠣᠨ᠎ᠤ 4 ᠰᠠᠷ᠎ᠠ᠎ᠶ᠋ᠢᠨ 17 ᠎ᠤ᠋ ᠡᠳᠦᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号