ᠸᠠᠩ ᠸᠧᠢ ᠵᠥᠩ ᠨᠤᠮ ᠤ᠋ᠨ ᠬᠡᠰᠢᠭᠳᠤ ᠥᠪᠥᠷ ᠮᠣᠩᠭᠣᠯ᠎ᠤᠨ ᠪᠦᠲᠦᠭᠡᠨ ᠪᠠᠢᠭᠤᠯᠤᠯᠲᠠ᠎ᠶᠢᠨ ᠠᠵᠢᠯ ᠢ᠋ ᠪᠠᠢᠴᠠᠭᠠᠨ ᠰᠤᠳᠤᠯᠬᠤ ᠳ᠋ᠠᠭᠠᠨ ᠴᠢᠬᠤᠯᠠᠴᠢᠯᠠᠭᠰᠠᠨ ᠨᠢ — 《ᠪᠥᠬᠥ ᠠᠷᠠᠳ᠎ᠤᠨ ᠤᠩᠰᠢᠯᠭ᠎ᠠ᠎ᠶᠢ ᠠᠬᠢᠭᠤᠯᠬᠤ ᠳᠦᠷᠢᠮ》 ᠢ᠋ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ ᠨᠣᠮ ᠤᠩᠰᠢᠬᠤ ᠳᠤᠷᠠᠲᠠᠢ ᠰᠠᠢᠨ ᠨᠣᠮ ᠤᠩᠰᠢᠬᠤ ᠨᠣᠮ ᠰᠠᠢᠨ ᠤᠩᠰᠢᠬᠤ ᠭᠦᠨ ᠵᠤᠵᠠᠭᠠᠨ ᠠᠭᠤᠷ ᠠᠮᠢᠰᠬᠤᠯ᠎ᠢ ᠪᠣᠶ ᠪᠣᠯᠭᠠᠬᠤ ᠬᠡᠷᠡᠭᠲᠡᠢ
2026-04-21 09:43:05
ᠵᠣᠬᠢᠶᠠᠭ᠍ᠴᠢ᠄
​ ᠯᠢ ᠬᠠᠨ
ᠣᠩᠱᠢᠭ᠍ᠰᠠᠨ ᠣᠳᠠᠭ᠎ᠠ᠄
★★★☆☆

4 ᠰᠠᠷ᠎ᠠ᠎ᠶᠢᠨ 20 ᠤ᠋ ᠡᠳᠦᠷ᠂ ᠠᠩᠬᠠᠳᠠᠭ᠍ᠴᠢ 《ᠪᠦᠬᠦ ᠠᠷᠠᠳ᠎ᠤᠨ ᠤᠩᠰᠢᠯᠭ᠎ᠠ᠎ᠶᠢᠨ ᠠᠵᠢᠯᠯᠠᠭ᠎ᠠ ᠵᠢᠨ ᠭᠠᠷᠠᠭ》 ᠬᠦᠷᠴᠦ ᠢᠷᠡᠬᠦ ᠲᠠᠰᠢᠷᠠᠮ᠎ᠳᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ ᠵᠢᠨ ᠡᠷᠬᠢᠯᠡᠭᠴᠢ ᠸᠠᠩ ᠸᠧᠢ ᠵᠥᠩ ᠬᠥᠬᠡᠬᠣᠲᠠ᠎ᠳᠤ ᠨᠤᠮ ᠤ᠋ᠨ ᠬᠡᠰᠢᠭᠳᠤ ᠥᠪᠥᠷ ᠮᠣᠩᠭᠣᠯ᠎ᠤᠨ ᠪᠦᠲᠦᠭᠡᠨ ᠪᠠᠢᠭᠤᠯᠤᠯᠲᠠ᠎ᠶᠢᠨ ᠠᠵᠢᠯ᠎ᠢ ᠪᠠᠢᠴᠠᠭᠠᠨ ᠰᠤᠳᠤᠯᠵᠤ᠂ ᠶᠡᠷᠦᠩᠬᠡᠢ ᠱᠦᠵᠢ ᠰᠢ ᠵᠢᠨ ᠫᠢᠩ᠎ᠦᠨ ᠪᠦᠬᠦ ᠠᠷᠠᠳ᠎ᠤᠨ ᠤᠩᠰᠢᠯᠭ᠎ᠠ ᠵᠢ ᠠᠬᠢᠭᠤᠯᠵᠤ᠂ ᠨᠤᠮ ᠤ᠋ᠨ ᠬᠡᠰᠢᠭᠳᠤ ᠨᠡᠢᠭᠡᠮ᠎ᠢ ᠪᠦᠲᠦᠭᠡᠨ ᠪᠠᠶ᠋ᠢᠭᠤᠯᠬᠤ ᠲᠤᠬᠠᠢ ᠴᠢᠬᠤᠯᠠ ᠥᠭᠦᠯᠡᠯᠲᠡ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ 《ᠪᠦᠬᠦ ᠠᠷᠠᠳ᠎ᠤᠨ ᠤᠩᠰᠢᠯᠭ᠎ᠠ᠎ᠶᠢ ᠠᠬᠢᠭᠤᠯᠬᠤ ᠳᠦᠷᠢᠮ》 ᠢ᠋ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠪᠦᠬᠦ ᠠᠷᠠᠳ᠎ᠢ ᠪᠦᠷᠬᠦᠭᠦᠯᠦᠭᠰᠡᠨ᠂ ᠲᠦᠭᠡᠮᠡᠯ ᠬᠠᠷᠠᠭᠠᠯᠵᠠᠯᠳᠤ ᠥᠨᠳᠥᠷ ᠪᠦᠲᠦᠮᠵᠢᠲᠡᠶ ᠪᠦᠬᠦ ᠠᠷᠠᠳ᠎ᠤᠨ ᠤᠩᠰᠢᠯᠭ᠎ᠠ᠎ᠶᠢ ᠠᠬᠢᠭᠤᠯᠬᠤ ᠰᠢᠰᠲᠧᠮ ᠢ᠋ ᠬᠦᠴᠦᠯᠡᠨ ᠪᠠᠢᠭᠤᠯᠵᠤ᠂ ᠪᠦᠬᠦ ᠨᠡᠢᠭᠡᠮ᠎ᠳᠦ ᠨᠣᠮ ᠤᠩᠰᠢᠬᠤ ᠳᠤᠷᠠᠲᠠᠢ᠂ ᠰᠠᠢᠨ ᠨᠣᠮ ᠤᠩᠰᠢᠬᠤ᠂ ᠨᠣᠮ ᠰᠠᠢᠨ ᠤᠩᠰᠢᠬᠤ  ᠭᠦᠨ ᠵᠤᠵᠠᠭᠠᠨ ᠠᠭᠤᠷ ᠠᠮᠢᠰᠬᠤᠯ ᠢ᠋ ᠪᠤᠢ ᠪᠤᠯᠭᠠᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ 《1571》 ᠠᠵᠢᠯ᠎ᠤᠨ ᠪᠠᠢᠷᠢᠯᠠᠭᠤᠯᠤᠯᠲᠠ᠎ᠶᠢ ᠠᠬᠢᠭᠤᠯᠬᠤ᠎ᠳᠤ ᠬᠦᠴᠦᠷᠬᠡᠭ ᠶᠡᠬᠡ ᠣᠶᠤᠨ ᠰᠠᠨᠠᠭᠠᠨ᠎ᠤ ᠬᠥᠳᠡᠯᠭᠡᠬᠦ ᠬᠦᠴᠦᠨ ᠬᠠᠩᠭᠠᠬᠤ ᠬᠡᠷᠡᠭᠳᠠᠢ ᠭᠡᠵᠤ ᠴᠢᠬᠤᠯᠠᠴᠢᠯᠠᠵᠠᠢ᠃


QQ20260421-094154.png


4 ᠰᠠᠷ᠎ᠠ ᠵᠢᠨ 20 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ ᠵᠢᠨ ᠡᠷᠬᠢᠯᠡᠭᠴᠢ ᠸᠠᠩ ᠸᠧᠢ ᠵᠥᠩ ᠥᠪᠥᠷ ᠮᠣᠩᠭᠣᠯ᠎ᠤᠨ ᠰᠢᠨᠬᠤᠸᠠ ᠨᠣᠮ᠎ᠤᠨ ᠳᠡᠯᠭᠡᠭᠦᠷ᠎ᠦᠨ ᠲᠧᠩ ᠹᠧᠢ ᠵᠠᠮ᠎ᠤᠨ ᠳᠡᠯᠭᠡᠭᠦᠷ᠎ᠲᠦ ᠬᠦᠷᠴᠤ᠂  ᠨᠤᠮ ᠤ᠋ᠨ ᠳᠡᠯᠭᠡᠭᠦᠷ ᠤ᠋ᠨ ᠡᠵᠡᠩᠨᠡᠯᠲᠡ᠎ᠶᠢᠨ ᠪᠠᠢᠳᠠᠯ᠂ ᠤᠩᠰᠢᠯᠭ᠎ᠠ᠎ᠶᠢᠨ ᠦᠢᠯᠡᠴᠢᠯᠡᠭᠡᠨ᠎ᠦ ᠬᠠᠩᠭᠠᠯᠭ᠎ᠠ ᠪᠠ 《 ᠬᠣᠲᠠ᠎ᠶᠢᠨ ᠰᠣᠶᠣᠯ᠎ᠤᠨ ᠠᠭᠤᠯᠵᠠᠯᠲᠠ᠎ᠶᠢᠨ ᠥᠷᠥᠭᠡ》 ᠵᠢᠨ ᠪᠦᠲᠦᠭᠡᠨ ᠪᠠᠢᠭᠤᠯᠤᠯᠲᠠ ᠵᠡᠷᠭᠡ ᠪᠠᠢᠳᠠᠯ᠎ᠢ ᠨᠠᠷᠢᠨ ᠠᠰᠠᠭᠤᠪᠠ᠃ 

ᠲᠤᠰ ᠰᠤᠨᠢᠨ ᠤ᠋ ᠰᠤᠷᠪᠤᠯᠵᠢᠯᠠᠭᠴᠢ ᠮᠠ ᠵᠢᠶᠠᠨ ᠪᠢᠩ ᠰᠡᠭᠦᠳᠡᠷᠯᠡᠪᠡ


ᠥᠪᠥᠷ ᠮᠣᠩᠭᠣᠯ᠎ᠤᠨ ᠨᠣᠮ᠎ᠤᠨ ᠰᠠᠩ ᠪᠣᠯ ᠥᠪᠡᠷᠲᠡᠭᠡᠨ ᠵᠠᠰᠠᠬᠤ ᠣᠷᠣᠨ᠎ᠤ ᠬᠠᠮᠤᠭ᠎ᠤᠨ ᠡᠷᠲᠡ ᠪᠠᠢᠭᠤᠯᠤᠭᠳᠠᠭᠰᠠᠨ ᠣᠯᠠᠨ ᠨᠡᠶ᠋ᠢᠲᠡ᠎ᠶᠢᠨ ᠨᠣᠮ᠎ᠤᠨ ᠰᠠᠩ ᠪᠣᠯᠣᠨ᠎ᠠ᠃ ᠸᠠᠩ ᠸᠧᠢ ᠵᠦᠩ ᠤᠷᠢᠳ᠎ᠢᠶᠡᠷ ᠨᠢᠭᠡᠳᠦᠭᠡᠷ ᠳᠠᠪᠬᠤᠷᠯᠢᠭ᠋᠎ᠤᠨ ᠦᠵᠡᠭᠦᠯᠭᠡ᠎ᠶᠢᠨ ᠲᠢᠩᠬᠢᠮ᠎ᠳᠦ ᠬᠦᠷᠴᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ ᠣᠷᠳᠣᠨ᠎ᠳᠤ ᠬᠠᠳᠠᠭᠠᠯᠠᠵᠤ ᠪᠠᠢᠭ᠎ᠠ ᠡᠷᠲᠡᠨ᠎ᠦ ᠨᠣᠮ ᠪᠢᠴᠢᠭ᠎ᠦᠨ ᠦᠵᠡᠭᠦᠯᠭᠡ᠎ᠶᠢᠨ ᠪᠠᠢᠳᠠᠯ᠎ᠢ ᠨᠠᠷᠢᠨ ᠪᠠᠢᠴᠠᠭᠠᠨ ᠦᠵᠡᠪᠡ᠃ ᠲᠡᠷᠡ᠂ ᠰᠣᠶᠣᠯ ᠤ᠋ᠨ ᠡᠷᠲᠡᠨ᠎ᠦ ᠨᠣᠮ ᠰᠤᠳᠤᠷ᠎ᠢ ᠤᠯᠠᠮᠵᠢᠯᠠᠨ ᠬᠠᠮᠠᠭᠠᠯᠠᠬᠤ᠎ᠶᠢ ᠴᠢᠩᠭᠠᠳᠬᠠᠵᠤ᠂ ᠲᠣᠭᠠᠴᠢᠯᠠᠯᠳᠠ ᠪᠠ ᠣᠶᠤᠨᠴᠢᠯᠠᠯᠳᠠ ᠪᠡᠷ ᠡᠷᠲᠡᠨ᠎ᠦ ᠨᠣᠮ ᠰᠤᠳᠤᠷ᠎ᠢ ᠡᠮᠬᠢᠯᠡᠨ ᠠᠰᠢᠭ᠍ᠯᠠᠬᠤ ᠠᠵᠢᠯ᠎ᠤᠨ ᠬᠡᠯᠪᠡᠷᠢ ᠪᠡᠨ  ᠬᠤᠪᠢᠷᠠᠭᠤᠯᠤᠨ ᠲᠡᠰ ᠳᠡᠪᠰᠢᠭᠦᠯᠬᠦ᠎ᠶᠢ ᠲᠦᠷᠭᠡᠳᠬᠡᠨ ᠠᠬᠢᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ ᠳ᠋ᠤ ᠰᠣᠶᠣᠯ᠎ᠤᠨ ᠡᠷᠲᠡᠨ᠎ᠦ ᠨᠣᠮ ᠰᠤᠳᠤᠷ᠎ᠤᠨ ᠦᠢᠯᠡᠳᠦᠯ᠎ᠢ ᠨᠡᠩ ᠰᠠᠢᠲᠤᠷ ᠪᠠᠳᠠᠷᠠᠭᠤᠯᠵᠤ᠂ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠤᠨ ᠪᠦᠲᠦᠭᠡᠯᠴᠢ ᠴᠢᠨᠠᠷᠲᠠᠢ ᠤᠨᠳᠤᠤᠰᠢᠭᠤᠯᠤᠯᠳᠠ᠂ ᠰᠢᠨ᠎ᠡ᠎ᠶᠢ ᠡᠭᠦᠳᠬᠦ ᠴᠢᠨᠠᠷᠲᠠᠢ ᠬᠥᠭᠵᠢᠯᠲᠡ᠎ᠶᠢ ᠠᠬᠢᠭᠤᠯᠬᠤ ᠬᠡᠷᠡᠭᠲᠡᠢ ᠭᠡᠵᠠᠢ᠃ ᠲᠠᠷᠠᠭ᠎ᠠ ᠨᠢ ᠸᠠᠩ ᠸᠧᠢ ᠵᠥᠩ ᠨᠣᠮ᠎ᠤᠨ ᠰᠠᠩ᠎ᠤᠨ ᠬᠣᠶᠠᠳᠤᠭᠠᠷ ᠳᠠᠪᠬᠤᠷᠯᠢᠭ᠋᠎ᠤᠨ ᠣᠯᠠᠨ ᠨᠡᠶ᠋ᠢᠲᠡ᠎ᠶᠢᠨ ᠤᠩᠰᠢᠯᠭ᠎ᠠ᠎ᠶᠢᠨ ᠲᠤᠭᠤᠷᠢᠭ ᠲᠤ᠌ ᠬᠦᠷᠴᠦ᠂ ᠣᠯᠠᠨ ᠲᠦᠮᠡᠨ᠎ᠦ ᠤᠩᠰᠢᠯᠭ᠎ᠠ᠎ᠶᠢᠨ ᠪᠠᠢᠳᠠᠯ᠎ᠢ ᠣᠢᠯᠠᠭᠠᠪᠠ᠃ ᠲᠡᠷᠡ᠂ ᠨᠣᠮ᠎ᠤᠨ ᠰᠠᠩ ᠪᠣᠯ ᠰᠣᠶᠣᠯ᠎ᠤᠨ ᠬᠥᠭᠵᠢᠯᠲᠡ᠎ᠶᠢᠨ ᠲᠦᠪᠰᠢᠨ᠎ᠢ ᠢᠯᠡᠷᠡᠭᠦᠯᠬᠦ ᠴᠢᠬᠤᠯᠠ ᠪᠡᠯᠭᠡ ᠲᠡᠮᠳᠡᠭ ᠮᠥᠨ᠂ ᠦᠨᠳᠦᠰᠦᠲᠡᠨ᠎ᠦ ᠤᠶᠤᠨ᠎ᠢ ᠤᠮᠳᠠᠯᠠᠬᠤ᠂ ᠰᠣᠶᠣᠯ᠎ᠤᠨ ᠢᠲᠡᠭᠡᠯ᠎ᠢ ᠬᠥᠮᠥᠵᠢᠭᠦᠯᠬᠦ ᠴᠢᠬᠤᠯᠠ ᠲᠠᠯᠠᠪᠤᠷ ᠭᠠᠵᠠᠷ ᠮᠥᠨ᠂ ᠵᠥᠪ ᠤᠯᠤᠰ ᠲᠥᠷᠥ᠎ᠶᠢᠨ ᠴᠢᠭᠯᠡᠯ᠎ᠢ ᠪᠠᠷᠢᠮᠲᠠᠯᠠᠵᠤ᠂ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠢ ᠪᠠᠳᠠᠷᠠᠭᠤᠯᠵᠤ᠂ ᠦᠢᠯᠡᠴᠢᠯᠡᠭᠡᠨ᠎ᠦ ᠠᠷᠭ᠎ᠠ ᠬᠡᠯᠪᠡᠷᠢ᠎ᠶᠢᠨ ᠰᠢᠨ᠎ᠡ᠎ᠶᠢ ᠡᠭᠦᠳᠴᠦ᠂ ᠣᠨᠴᠠᠯᠢᠭ᠍ᠲᠤ ᠤᠩᠰᠢᠯᠭ᠎ᠠ᠎ᠶᠢᠨ ᠠᠵᠢᠯᠯᠠᠭ᠎ᠠ᠎ᠶᠢ ᠪᠠᠶᠠᠯᠢᠭ᠍ᠵᠢᠭᠤᠯᠵᠤ᠂ ᠪᠥᠬᠥ ᠠᠷᠠᠳ᠎ᠤᠨ ᠤᠩᠰᠢᠯᠭ᠎ᠠ᠎ᠶᠢ ᠠᠬᠢᠭᠤᠯᠵᠤ᠂ ᠰᠢᠯᠢᠳᠡᠭ ᠰᠣᠶᠣᠯ᠎ᠤᠨ ᠡᠬᠢ ᠪᠠᠶᠠᠯᠢᠭ᠋᠎ᠢᠶᠠᠷ ᠦᠷᠬᠡᠨ ᠣᠯᠠᠨ ᠲᠦᠮᠡᠨ᠎ᠳᠦ ᠠᠰᠢᠭ᠋ ᠬᠦᠷᠲᠡᠭᠡᠬᠦ ᠬᠡᠷᠡᠭᠳᠡᠢ ᠭᠡᠪᠡ᠃ ᠥᠪᠥᠷ ᠮᠣᠩᠭᠣᠯ᠎ᠤᠨ ᠰᠢᠨᠬᠤᠸᠠ ᠨᠣᠮ᠎ᠤᠨ ᠳᠡᠯᠭᠡᠭᠦᠷ᠎ᠦᠨ ᠲᠧᠩ ᠹᠧᠢ ᠵᠠᠮ᠎ᠤᠨ ᠳᠡᠯᠭᠡᠭᠦᠷ᠎ᠲᠦ᠂ ᠸᠠᠩ ᠸᠧᠢ ᠵᠥᠩ ᠪᠦᠯᠦᠭᠯᠡᠯ᠎ᠦᠨ ᠡᠵᠡᠩᠨᠡᠯᠲᠡ᠎ᠶᠢᠨ ᠪᠠᠢᠳᠠᠯ᠂ ᠤᠩᠰᠢᠯᠭ᠎ᠠ᠎ᠶᠢᠨ ᠦᠢᠯᠡᠴᠢᠯᠡᠭᠡᠨ᠎ᠦ ᠬᠠᠩᠭᠠᠯᠭ᠎ᠠ ᠪᠠ 《ᠬᠣᠲᠠ᠎ᠶᠢᠨ ᠰᠣᠶᠣᠯ᠎ᠤᠨ ᠠᠭᠤᠯᠵᠠᠯᠲᠠ᠎ᠶᠢᠨ ᠥᠷᠥᠭᠡ》 ᠵᠢᠨ ᠪᠦᠲᠦᠭᠡᠨ ᠪᠠᠢᠭᠤᠯᠤᠯᠲᠠ ᠵᠡᠷᠭᠡ ᠪᠠᠢᠳᠠᠯ᠎ᠢ ᠨᠠᠷᠢᠨ ᠠᠰᠠᠭᠤᠵᠤ᠂ ᠴᠠᠭ ᠦᠶ᠎ᠡ᠎ᠶᠢᠨ ᠬᠥᠭᠵᠢᠯᠲᠡ᠎ᠶᠢᠨ ᠠᠯᠬᠤᠭ᠎ᠠ᠎ᠶᠢ ᠳᠠᠭᠠᠵᠤ᠂ ᠲᠤᠭᠠᠴᠢᠯᠠᠯᠳᠠ ᠤᠶᠤᠨᠴᠢᠯᠠᠯᠳᠠ ᠪᠡᠷ ᠪᠥᠬᠥ ᠠᠷᠠᠳ᠎ᠤᠨ ᠤᠩᠰᠢᠯᠭ᠎ᠠ ᠳ᠋ᠤ ᠬᠦᠴᠦᠨ ᠣᠯᠭᠣᠵᠤ᠂ ᠨᠤᠮ ᠤ᠋ᠨ ᠬᠡᠰᠢᠭᠳᠤ ᠥᠪᠥᠷ ᠮᠣᠩᠭᠣᠯ᠎ᠢ ᠨᠠᠩ ᠮᠡᠳᠡᠭᠳᠡᠮ᠎ᠡ ᠦᠨᠡᠨ ᠪᠤᠳᠠᠳᠠᠢ ᠪᠤᠯᠭᠠᠬᠤ ᠬᠡᠷᠡᠭᠲᠡᠢ᠃ ᠨᠢᠮᠪᠠᠢ ᠲᠤᠬᠢᠷᠠᠭᠤᠯᠵᠤ ᠨᠠᠷᠢᠯᠢᠭ ᠬᠢᠬᠦ ᠵᠢ ᠪᠠᠷᠢᠮᠲᠠᠯᠠᠵᠤ᠂ ᠴᠢᠨᠠᠷ ᠰᠠᠢᠲᠠᠢ ᠤᠩᠰᠢᠯᠭ᠎ᠠ᠎ᠶᠢᠨ ᠪᠦᠲᠦᠭᠡᠭᠳᠡᠬᠦᠨ᠎ᠦ ᠬᠠᠩᠭᠠᠯᠭ᠎ᠠ᠎ᠶᠢ ᠴᠢᠩᠭᠠᠳᠬᠠᠵᠤ᠂ ᠰᠠᠢᠨ ᠨᠣᠮ ᠪᠢᠴᠢᠵᠦ᠂ ᠰᠣᠳᠣᠨ ᠪᠦᠲᠦᠭᠡᠯ᠎ᠢ ᠬᠠᠩᠭᠠᠬᠤ᠎ᠪᠠᠷ ᠬᠦᠴᠦᠯᠡᠨ ᠴᠢᠷᠮᠠᠢᠬᠤ ᠬᠡᠷᠡᠭᠲᠡᠢ᠃ ᠪᠦᠬᠦ ᠨᠡᠢᠭᠡᠮ᠎ᠳᠦ ᠰᠤᠷᠤᠯᠴᠠᠯᠭ᠎ᠠ ᠵᠢ ᠶᠡᠬᠡ ᠪᠡᠷ ᠡᠷᠬᠢᠮᠯᠡᠬᠦ ᠵᠢ ᠰᠠᠨᠠᠭᠠᠴᠢᠯᠠᠵᠤ᠂ ᠠᠷᠠᠳ ᠣᠯᠠᠨ᠎ᠤ ᠰᠢᠨᠵᠢᠯᠡᠬᠦ ᠤᠬᠠᠭᠠᠨ ᠰᠣᠶᠣᠯ᠎ᠤᠨ ᠲᠦᠪᠰᠢᠨ ᠢ᠋ ᠲᠠᠰᠤᠷᠠᠯᠲᠠ ᠥᠬᠡᠢ ᠳᠡᠭᠡᠭᠰᠢᠯᠡᠭᠦᠯᠬᠦ ᠬᠡᠷᠡᠭᠲᠡᠢ ᠭᠡᠵᠤ ᠴᠢᠬᠤᠯᠠᠴᠢᠯᠠᠵᠠᠢ᠃

ᠪᠠᠢᠴᠠᠭᠠᠨ ᠰᠤᠳᠤᠯᠤᠯᠲᠠ ᠳᠤᠮᠳᠠ ᠸᠠᠩ ᠸᠧᠢ ᠵᠦᠩ᠂ ᠪᠦᠬᠦ ᠠᠷᠠᠳ᠎ᠤᠨ ᠤᠩᠰᠢᠯᠭ᠎ᠠ᠎ᠶᠢ ᠠᠬᠢᠭᠤᠯᠵᠤ᠂ ᠨᠤᠮ ᠤ᠋ᠨ ᠬᠡᠰᠢᠭᠳᠤ ᠨᠡᠢᠭᠡᠮ᠎ᠢ ᠪᠦᠲᠦᠭᠡᠨ ᠪᠠᠶ᠋ᠢᠭᠤᠯᠬᠤ ᠨᠢ ᠨᠡᠢᠭᠡᠮ ᠵᠢᠷᠤᠮ᠎ᠤᠨ ᠰᠣᠶᠣᠯ᠎ᠢ ᠴᠡᠴᠡᠭᠯᠡᠭᠦᠯᠦᠨ ᠬᠥᠭᠵᠢᠭᠦᠯᠵᠦ᠂ ᠰᠣᠶᠣᠯ᠎ᠤᠨ ᠬᠦᠴᠦᠷᠬᠡᠭ ᠣᠷᠣᠨ᠎ᠤ ᠪᠦᠲᠦᠭᠡᠨ ᠪᠠᠢᠭᠤᠯᠤᠯᠲᠠ᠎ᠶᠢ ᠠᠬᠢᠭᠤᠯᠬᠤ ᠲᠠᠢ ᠬᠣᠯᠪᠣᠭᠳᠠᠨ᠎ᠠ᠃ ᠪᠥᠬᠥ ᠣᠷᠣᠨ᠎ᠤ ᠡᠯ᠎ᠡ ᠱᠠᠲᠤᠨ᠎ᠤ ᠬᠢᠨ ᠠᠭᠤᠯᠭ᠎ᠠ ᠨᠢ ᠡᠷᠡᠭᠦᠯ ᠰᠠᠷᠠᠭᠤᠯ ᠥᠭᠡᠳᠡᠷᠬᠡᠭ᠂ ᠰᠣᠶᠣᠯ᠎ᠤᠨ ᠤᠤᠷ ᠲᠤᠨᠳᠠᠰᠤ᠎ᠵᠢ ᠢᠯᠡᠷᠡᠭᠦᠯᠦᠭᠰᠡᠨ᠂ ᠬᠡᠯᠪᠡᠷᠢ ᠨᠢ ᠪᠠᠶᠠᠯᠢᠭ᠋ ᠣᠯᠠᠨ ᠶᠠᠩᠵᠤ᠎ᠶᠢᠨ ᠪᠥᠬᠥ ᠠᠷᠠᠳ᠎ᠤᠨ ᠤᠩᠰᠢᠯᠭ᠎ᠠ᠎ᠶᠢ ᠳᠡᠯᠭᠡᠷᠡᠭᠦᠯᠬᠦ ᠠᠵᠢᠯᠯᠠᠭ᠎ᠠ᠎ᠶᠢ ᠥᠷᠭᠡᠨ᠎ᠢᠶᠡᠷ ᠥᠷᠨᠢᠭᠦᠯᠵᠦ᠂ ᠰᠢᠯᠢᠳᠡᠭ ᠬᠡᠪᠯᠡᠭᠳᠡᠬᠦᠨ ᠪᠠ ᠪᠥᠬᠥ ᠠᠷᠠᠳ᠎ᠤᠨ ᠤᠩᠰᠢᠯᠭ᠎ᠠ᠎ᠶᠢᠨ ᠲᠡᠷᠢᠭᠦᠨ᠎ᠦ ᠨᠡᠢᠲᠡᠯᠢᠭ ᠵᠢᠱ᠌ᠢᠶ᠎ᠡ᠎ᠶᠢ ᠢᠳᠡᠪᠬᠢᠲᠡᠢ ᠤᠬᠠᠭᠤᠯᠤᠨ᠂ ᠲᠠᠲᠠᠬᠤ ᠬᠦᠴᠦᠨ᠎ᠢ ᠴᠢᠩᠭᠠᠷᠠᠭᠤᠯᠵᠤ᠂ ᠣᠷᠣᠯᠴᠠᠬᠤ ᠬᠡᠮᠵᠢᠶ᠎ᠡ᠎ᠶᠢ ᠳᠡᠭᠡᠭᠰᠢᠯᠡᠭᠦᠯᠦᠨ᠂ ᠪᠣᠳᠠᠲᠤ ᠦᠷ᠎ᠡ ᠪᠦᠲᠦᠮᠵᠢᠲᠦ ᠴᠢᠨᠠᠷ᠎ᠢ ᠴᠢᠬᠤᠯᠠᠴᠢᠯᠠᠬᠤ ᠬᠡᠷᠡᠭᠲᠡᠢ᠃ ᠪᠦᠬᠦ ᠠᠷᠠᠳ᠎ᠤᠨ ᠤᠩᠰᠢᠯᠭ᠎ᠠ᠎ᠶᠢᠨ ᠲᠤᠨᠤᠭ ᠲᠥᠬᠦᠭᠡᠷᠦᠮᠵᠢ᠎ᠶᠢ ᠦᠷᠭᠦᠯᠵᠢᠯᠡᠨ ᠲᠡᠭᠦᠯᠳᠡᠷᠵᠢᠭᠦᠯᠵᠦ᠂ ᠰᠢᠨ᠎ᠡ ᠬᠡᠯᠪᠡᠷᠢ᠎ᠶᠢᠨ ᠤᠯᠠᠨ ᠨᠡᠶ᠋ᠢᠲᠡ᠎ᠶᠢᠨ ᠤᠩᠰᠢᠯᠭ᠎ᠠ᠎ᠶᠢᠨ ᠣᠷᠣᠨ ᠵᠠᠢ᠎ᠶᠢᠨ ᠪᠠᠢᠭᠤᠯᠤᠯᠲᠠ᠎ᠶᠢ ᠴᠢᠩᠭᠠᠳᠬᠠᠵᠤ᠂ ᠠᠷᠠᠳ ᠤᠯᠠᠨ᠎ᠤ ᠤᠯᠠᠨ ᠶᠠᠩᠵᠤ᠎ᠶᠢᠨ᠂ ᠤᠯᠠᠨ ᠲᠡᠰ ᠳᠠᠪᠬᠤᠷᠭ᠎ᠠ᠎ᠶᠢᠨ᠂ ᠤᠯᠠᠨ ᠲᠠᠯ᠎ᠠ᠎ᠶᠢᠨ ᠤᠶᠤᠨ᠎ᠤ ᠰᠣᠶᠣᠯ᠎ᠤᠨ ᠬᠡᠷᠡᠭᠴᠡᠭᠡ᠎ᠶᠢ ᠨᠡᠩ ᠰᠠᠢᠲᠤᠷ ᠬᠠᠩᠭᠠᠬᠤ ᠬᠡᠷᠡᠭᠲᠡᠢ᠃ ᠨᠡᠢᠭᠡᠮ᠎ᠦᠨ ᠦᠷ᠎ᠡ ᠠᠰᠢᠭ᠋᠎ᠢ ᠲᠡᠷᠢᠭᠦᠨ᠎ᠳᠤ ᠲᠠᠯᠪᠢᠵᠤ᠂ ᠨᠡᠢᠭᠡᠮ᠎ᠦᠨ ᠦᠷ᠎ᠡ ᠠᠰᠢᠭ᠋ ᠪᠣᠯᠣᠨ ᠠᠵᠤ ᠠᠬᠤᠢ᠎ᠶᠢᠨ ᠦᠷ᠎ᠡ ᠠᠰᠢᠭ᠋᠎ᠢ ᠨᠢᠭᠡᠳᠬᠡᠬᠦ᠎ᠶᠢ ᠪᠠᠷᠢᠮᠲᠠᠯᠠᠵᠤ᠂ ᠦᠨᠳᠦᠰᠦᠨ ᠱᠠᠲᠤᠨ᠎ᠳᠤ ᠬᠠᠨᠳᠤᠭᠤᠯᠤᠨ᠂ ᠤᠯᠠᠨ ᠲᠦᠮᠡᠨ᠎ᠳᠦ ᠬᠠᠨᠳᠤᠭᠤᠯᠤᠨ ᠡᠬᠢ ᠪᠠᠶᠠᠯᠢᠭ᠋᠎ᠤᠨ ᠲᠣᠬᠢᠷᠠᠭᠤᠯᠤᠯᠲᠠ᠎ᠶᠢ ᠰᠢᠯᠢᠳᠡᠭᠵᠢᠭᠦᠯᠵᠦ᠂ ᠠᠷᠠᠳ ᠤᠯᠠᠨ᠎ᠤ ᠦᠨᠳᠦᠰᠦᠨ ᠤᠩᠰᠢᠯᠭ᠎ᠠ᠎ᠶᠢᠨ ᠡᠷᠬᠡ ᠠᠰᠢᠭ᠋᠎ᠢ ᠰᠠᠢᠲᠤᠷ ᠪᠠᠲᠤᠯᠠᠬᠤ ᠬᠡᠷᠡᠭᠲᠡᠢ ᠭᠡᠵᠤ ᠵᠢᠭᠠᠵᠤ ᠭᠠᠷᠭᠠᠵᠠᠢ᠃

ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠪᠦᠦ ᠰᠢᠶᠠᠨ ᠬᠤᠸᠠ᠂ ᠢᠦᠢ ᠯᠢ ᠰᠢᠨ ᠣᠷᠣᠯᠴᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号