ᠣᠢᠷ᠎ᠠ᠎ᠳᠤ ᠰᠤᠷᠪᠤᠯᠵᠢᠯᠠᠭ᠍ᠴᠢ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠳᠤ ᠰᠤᠷᠪᠤᠯᠵᠢᠯᠠᠵᠦ ᠶᠠᠪᠤᠬᠤ ᠳ᠋ᠠᠭᠠᠨ ᠰᠢᠬᠢᠷᠯᠢᠭ ᠡᠷᠳᠡᠨᠢ ᠱᠢᠰᠢ᠎ᠪᠡᠷ ᠲᠠᠷᠢᠶᠠᠴᠢᠳ᠎ᠤᠨ ᠬᠦᠰᠡᠯ ᠡᠷᠡᠮᠡᠯᠵᠡᠯ᠎ᠢ 《ᠳᠠᠷᠢᠵᠤ》᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠵᠣᠯ ᠵᠢᠷᠭᠠᠯ᠎ᠤᠨ ᠬᠡᠯᠬᠢᠶ᠎ᠡ᠎ᠶ᠋ᠢ ᠬᠡᠯᠬᠢᠭ᠌ᠰᠡᠨ 《80 ᠤᠨ ᠡᠴᠡ ᠰᠡᠭᠦᠯᠡᠷ ᠲᠦᠷᠦᠭᠰᠡᠨ》 ᠭᠦᠸᠧ ᠯᠢ ᠯᠢᠲᠡᠶ ᠲᠠᠨᠢᠯᠴᠠᠪᠠ᠃ ᠲᠡᠷᠡ ᠪᠤᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠪᠠ ᠪᠥᠬᠥ᠌ ᠤᠯᠤᠰ᠎ᠤᠨ 《3·8》 ᠤ᠋ ᠤᠯᠠᠭᠠᠨ ᠲᠤᠭ᠍ᠴᠢ ᠵᠡᠷᠭᠡ ᠢᠷᠠᠭᠤ ᠠᠯᠳᠠᠷ ᠵᠢᠡᠷ ᠮᠢᠯᠢᠶᠠᠯᠭᠠᠵᠤ ᠶᠠᠪᠤᠭ᠎ᠠ ᠡᠮᠡᠭᠳᠡᠢᠴᠤᠳ᠎ᠤᠨ ᠦᠯᠢᠭᠡᠷ ᠲᠠᠭᠤᠷᠢᠶᠠᠯ ᠪᠤᠯᠤᠨ᠎ᠠ᠃
2009 ᠣᠨ᠎ᠳᠤ ᠭᠦᠸᠧ ᠯᠢ ᠯᠢ ᠶᠡᠬᠡ ᠰᠤᠷᠭᠠᠭᠤᠯᠢ ᠡᠴᠡ ᠪᠡᠨ ᠲᠡᠭᠦᠰᠦᠭᠡᠳ ᠵᠠᠯᠠᠭᠤ ᠨᠠᠰᠤᠨ᠎ᠤ ᠬᠦᠰᠡᠯ ᠵᠡᠭᠦᠳᠦ᠍ ᠪᠡᠨ ᠲᠡᠷᠭᠡᠯᠰᠢᠬᠦᠯᠬᠦ ᠪᠡᠷ ᠪᠡᠭᠡᠵᠢᠩ ᠬᠤᠳᠠ ᠵᠢ ᠵᠤᠷᠢᠵᠤ᠂ ᠬᠡᠳᠦᠨ ᠵᠢᠯ᠎ᠤᠨ ᠰᠢᠷᠭᠠᠭᠤ ᠲᠡᠮᠡᠴᠡᠯ ᠵᠢᠡᠷ ᠪᠡᠭᠡᠵᠢᠩ᠎ᠳᠦ ᠠᠩᠬ᠎ᠠ ᠬᠦᠯ ᠲᠤᠬᠳᠡᠪᠠ᠃ ᠭᠡᠪᠡᠴᠦ᠍ ᠨᠤᠲᠤᠭ᠎ᠤᠨ ᠬᠢᠨᠢ ᠬᠠᠷ᠎ᠠ ᠬᠥᠷᠥᠰᠥᠲᠦ ᠭᠠᠵᠠᠷ᠂ ᠨᠤᠲᠤᠭ᠎ᠤᠨ ᠠᠬ᠎ᠠ ᠳᠡᠭᠦᠦ᠍᠎ᠨᠡᠷ᠎ᠦᠨ ᠪᠣᠷᠣᠭ᠍ᠵᠢᠭᠤᠨ ᠬᠦᠰᠡᠯ ᠡᠷᠡᠮᠡᠯᠵᠡᠯ ᠨᠢ ᠲᠡᠭᠦᠨ᠎ᠦ ᠰᠡᠳᠭᠢᠯᠡᠴᠨ ᠭᠠᠷᠳᠠᠭ ᠦᠬᠡᠢ᠃ 2012 ᠣᠨ᠎ᠳᠤ ᠲᠡᠷᠡ ᠶᠡᠭᠡ ᠬᠤᠳᠠ᠎ᠶ᠋ᠢᠨ ᠠᠮᠢᠳᠤᠷᠠᠯ᠎ᠢᠶᠠᠨ ᠤᠷᠬᠢᠵᠤ᠂ ᠨᠤᠲᠤᠭ᠎ᠲᠠᠭᠠᠨ ᠪᠤᠴᠠᠵᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠴᠠᠩ ᠯᠦᠩ ᠢᠦᠢ ᠵᠦ᠍ ᠲᠠᠷᠢᠶᠠᠨ ᠦᠷ᠎ᠡ᠎ᠶ᠋ᠢᠨ ᠲᠤᠰᠭᠠᠢ ᠬᠤᠷᠱᠢᠶ᠎ᠠ᠎ᠶ᠋ᠢ ᠪᠠᠢᠭᠤᠯᠵᠤ᠂ ᠨᠢᠭᠡ ᠰᠡᠳᠬᠢᠯ ᠨᠢᠭᠡ ᠵᠤᠷᠢᠬ ᠵᠢᠡᠷ ᠱᠢᠬᠢᠷᠯᠢᠭ ᠡᠷᠳᠡᠨᠢ ᠱᠢᠰᠢ ᠲᠠᠷᠢᠵᠦ᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠳᠠᠭᠠᠭᠤᠯᠤᠨ ᠪᠠᠶᠠᠵᠢᠯ᠎ᠤᠨ ᠵᠠᠮ ᠵᠢᠡᠷ ᠵᠠᠮᠨᠠᠵᠠᠢ᠃
ᠦᠢᠯᠡᠰ ᠪᠣᠰᠭᠠᠬᠤ ᠵᠠᠮ ᠭᠡᠭᠴᠢ ᠶᠡᠷᠦ᠎ᠨᠢ ᠰᠢᠭᠤᠳ ᠱᠢᠯᠤᠭᠤᠨ ᠪᠢᠰᠢ᠃ ᠨᠤᠲᠤᠭ᠎ᠤᠨ ᠬᠢᠨᠢ ᠬᠦᠮᠦᠰ ᠰᠢᠬᠢᠷᠯᠢᠭ ᠡᠷᠳᠡᠨᠢ ᠱᠢᠰᠢ᠎ᠶ᠋ᠢᠨ ᠲᠤᠬᠠᠶ ᠲᠠᠨᠢᠯᠲᠠ ᠳᠤᠲᠠᠮᠠᠭ ᠡᠴᠡ ᠪᠤᠯᠵᠤ ᠰᠡᠵᠢᠭ ᠲᠦᠷᠦᠳᠡᠭ ᠪᠠᠢᠵᠠᠢ᠃ 《ᠬᠡᠴᠢᠨᠡᠨ ᠤᠯᠠᠨ ᠵᠢᠯ ᠲᠠᠷᠢᠭᠠᠳ ᠢᠷᠡᠭᠰᠡᠨ ᠡᠩ᠎ᠦᠨ ᠡᠷᠳᠡᠨᠢ ᠱᠢᠰᠢ ᠪᠡᠨ ᠳᠠᠷᠢᠬᠤ ᠥᠬᠡᠶ᠂ ᠡᠨᠡ ᠬᠣᠪᠣᠷ ᠴᠤᠬᠠᠭ ᠡᠷᠳᠡᠨᠢ ᠱᠢᠰᠢ᠎ᠶ᠋ᠢ ᠲᠠᠷᠢᠭᠠᠳ ᠪᠦᠲᠦᠨ᠎ᠡ ᠭᠡᠵᠢᠤᠤ?》᠂ 《ᠨᠢᠭᠡ ᠬᠡᠦᠬᠡᠨ ᠬᠥᠮᠦᠨ ᠲᠠᠷᠢᠶ᠎ᠠ ᠲᠠᠷᠢᠬᠤ᠎ᠶ᠋ᠢ ᠮᠡᠳᠡᠨ᠎ᠡ ᠦᠦ ᠳ᠋ᠠ?》 ᠬᠡᠵᠦ ᠡᠯᠳᠡᠪ ᠵᠦᠢᠯ᠎ᠤᠨ ᠰᠡᠵᠢᠭᠯᠡᠯᠲᠡᠢ ᠲᠠᠭᠤᠨ ᠰᠤᠨᠤᠰᠳᠠᠳᠠᠬ ᠪᠠᠢᠵᠢ᠃
ᠤᠯᠠᠨ᠎ᠤ ᠰᠡᠵᠢᠭ᠌ᠯᠡᠯ᠎ᠦᠨ ᠡᠮᠦᠨ᠎ᠡ ᠭᠦᠸᠧ ᠯᠢ ᠯᠢ ᠬᠤᠢᠰᠢ ᠤᠬᠤᠷᠢᠭ᠍ᠰᠠᠨ ᠦᠭᠡᠢ᠂ ᠲᠡᠷᠡ ᠡᠷᠭᠢᠨ ᠲᠣᠭᠣᠷᠢᠨ᠎ᠤ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ᠎ᠢᠶᠠᠷ ᠶᠠᠪᠤᠵᠤ᠂ 23 ᠴᠢᠨᠠᠷ ᠰᠠᠢᠲᠠᠢ ᠱᠢᠬᠢᠷᠯᠢᠭ ᠡᠷᠳᠡᠨᠢ ᠱᠢᠰᠢ᠎ᠶ᠋ᠢᠨ ᠱᠢᠨ᠎ᠡ ᠡᠭᠦᠯᠳᠡᠷ᠎ᠢ ᠣᠷᠣᠭᠤᠯᠤᠨ ᠠᠪᠴᠢᠷᠠᠵᠤ ᠲᠤᠷᠱᠢᠯᠲᠠ ᠬᠢᠵᠦ᠍᠂ ᠡᠴᠦᠰ᠎ᠲᠡᠬᠡᠨ ᠥᠨᠳᠥᠷ ᠤᠨᠠᠯᠲᠠ᠎ᠲᠠᠢ ᠡᠪᠡᠳᠴᠢᠨ᠎ᠢ ᠡᠰᠡᠷᠭᠦᠴᠡᠬᠦ᠌ ᠳᠠᠯᠳᠠ ᠬᠦᠴᠦᠨ᠎ᠲᠡᠶ 3 ᠡᠭᠦᠯᠳᠡᠷ᠎ᠢ ᠰᠣᠩᠭᠣᠨ ᠭᠠᠷᠭᠠᠪᠠ᠃
《ᠲᠡᠷᠡ ᠬᠡᠰᠡᠭ ᠬᠤᠭᠤᠴᠠᠭᠠᠨ᠎ᠳᠤ ᠪᠢ ᠡᠳᠦᠷᠵᠢᠨ ᠲᠠᠷᠢᠶᠠᠨ ᠭᠠᠵᠠᠷ ᠲᠸ᠋ ᠬᠦᠷᠳᠡᠭ ᠪᠠᠢᠵᠠᠢ᠂ ᠥᠷᠯᠥᠭᠡ ᠡᠷᠲᠡ ᠨᠢᠯᠬ᠎ᠠ ᠴᠢᠬᠢ᠎ᠶ᠋ᠢᠨ ᠤᠷᠭᠤᠯᠲᠠ᠎ᠶ᠋ᠢ ᠲᠡᠮᠳᠡᠭ᠌ᠯᠡᠨ᠎ᠡ᠂ ᠭᠣᠣᠯ ᠦᠳᠡ᠎ᠳᠦ ᠬᠦᠷᠦᠰᠦ ᠵᠢᠨ ᠴᠢᠭᠢᠭ᠎ᠦᠨ ᠬᠡᠮᠵᠢᠶ᠎ᠡ᠎ᠶ᠋ᠢ ᠬᠡᠮᠵᠢᠨ᠎ᠡ ᠂ ᠣᠷᠣᠢ ᠡᠷᠦᠬᠡ ᠳᠠᠷᠠᠭᠠᠯᠠᠨ ᠲᠤᠷᠱᠢᠨ ᠲᠠᠷᠢᠬᠤ ᠰᠠᠢᠨ ᠲᠠᠢ ᠲᠠᠯ᠎ᠠ ᠵᠢ ᠲᠠᠢᠯᠪᠤᠷᠢᠯᠠᠨ᠎ᠠ᠂ ᠡᠢᠨᠬᠦ ᠭᠡᠷ ᠲᠡᠭᠡᠨ ᠬᠠᠷᠢᠬᠤ ᠳ᠋ᠤ ᠦᠷᠬᠦᠯᠵᠢ ᠰᠥᠨᠢ ᠳᠦᠯᠢ ᠪᠤᠯᠴᠢᠬᠠᠳᠠᠭ》 ᠬᠡᠵᠦ ᠭᠦᠸᠧ ᠯᠢ ᠯᠢ ᠰᠤᠷᠪᠤᠯᠵᠢᠯᠠᠬᠴᠢ ᠳ᠋ᠦ ᠭᠡᠯᠡᠪᠡ᠃
ᠲᠣᠰᠭᠣᠨ᠎ᠤ ᠠᠷᠠᠳ ᠬᠤᠤ ᠸᠸᠨ ᠵᠢᠶ᠍ᠸ᠄《ᠲᠡᠷᠡ ᠦᠶ᠎ᠡ᠎ᠳᠦ ᠯᠢ ᠯᠢ ᠡᠷᠦᠬᠡ ᠳᠠᠷᠠᠭᠠᠯᠠᠨ ᠢᠳᠭᠠᠵᠤ᠂ ᠲᠡᠭᠦᠨ᠎ᠢ ᠳᠠᠭᠠᠨ ᠱᠢᠬᠢᠷᠯᠢᠭ ᠡᠷᠳᠡᠨᠢ ᠱᠢᠰᠢ ᠲᠠᠷᠢᠪᠠᠯ ᠯᠠᠪᠲᠠᠢ ᠡᠩ᠎ᠦᠨ ᠡᠷᠳᠡᠨᠢ ᠱᠢᠰᠢ ᠲᠠᠷᠢᠬᠤᠡᠴᠠ ᠢᠯᠡᠭᠦᠦ ᠤᠷᠤᠯᠭ᠎ᠠ ᠣᠯᠤᠨ᠎ᠠ ᠭᠡᠵᠦ ᠪᠠᠢᠭᠰᠠᠨ᠃ ᠪᠢᠳᠠ ᠢᠲᠡᠭᠡᠬᠦ᠌᠎ᠲᠡᠶ ᠦᠭᠡᠢ᠎ᠲᠡᠶ ᠪᠠᠢᠵᠠᠢ᠂ ᠲᠡᠷᠡ ᠤᠷᠢᠳ᠎ᠢᠶᠠᠷ ᠥᠪᠡᠷ᠎ᠦᠨ ᠬᠠᠳᠠᠭᠠᠯᠠᠮᠵᠢ᠎ᠪᠠᠨ ᠭᠠᠷᠭᠠᠵᠤ᠂ ᠦᠨ᠎ᠡ ᠲᠥᠯᠥᠪᠦᠷᠢ ᠦᠭᠡᠢ᠎ᠪᠡᠷ ᠪᠢᠳᠡᠨ᠎ᠳᠦ ᠦᠷ᠎ᠡ ᠬᠤᠳᠠᠯᠳᠤᠨ ᠠᠪᠴᠤ ᠦᠭᠴᠦ᠂ ᠮᠡᠷᠭᠡᠵᠢᠯ ᠬᠠᠩᠭᠠᠵᠤ᠂ ᠪᠠᠰᠠ ᠬᠤᠳᠠᠯᠳᠤᠨ ᠠᠪᠬᠤ ᠬᠡᠯᠡᠯᠴᠡᠭᠡᠷ ᠲᠣᠭ᠍ᠲᠠᠪᠠ》 ᠬᠡᠵᠦ ᠲᠤᠬᠠᠢ ᠵᠢᠨ ᠦᠶ᠎ᠡ ᠵᠢᠨ ᠪᠠᠢᠳᠠᠯ᠎ᠢ ᠡᠷᠬᠢᠴᠡᠭᠦᠯᠦᠯᠡ᠃
2013 ᠣᠨ᠎ᠳᠤ ᠬᠤᠤ ᠸᠸᠨ ᠵᠢᠶ᠍ᠸ 5 ᠮᠦ᠍ ᠰᠢᠬᠢᠷᠯᠢᠭ ᠡᠷᠳᠡᠨᠢ ᠱᠢᠰᠢ᠎ᠶ᠋ᠢ ᠲᠤᠷᠱᠢᠨ ᠲᠠᠷᠢᠭᠠᠳ ᠲᠤᠬᠠᠢ᠎ᠶ᠋ᠢᠨ ᠵᠢᠯ᠎ᠳᠡᠭᠡᠨ ᠡᠯᠪᠡᠭ ᠬᠤᠷᠢᠶᠠᠯᠲᠠ ᠣᠯᠵᠤ᠂ ᠮᠦ᠍ ᠪᠦᠷᠢ᠎ᠶ᠋ᠢᠨ ᠳᠤᠮᠳᠠᠴᠢ ᠠᠱᠢᠭ ᠣᠷᠣᠯᠭ᠎ᠠ ᠨᠢ ᠡᠩ᠎ᠦᠨ ᠡᠷᠳᠡᠨᠢ ᠱᠢᠰᠢ᠎ᠶ᠋ᠢᠨ ᠬᠢ᠎ᠡᠴᠡ 3 ᠳᠠᠬᠢᠨ ᠨᠡᠮᠡᠭ᠌ᠳᠡᠵᠡᠢ᠃ 2025 ᠣᠨ᠎ᠳᠤ ᠬᠣᠷᠱᠢᠶ᠎ᠠ᠎ᠶ᠋ᠢᠨ ᠱᠢᠬᠢᠷᠯᠢᠭ ᠡᠷᠳᠡᠨᠢ ᠱᠢᠰᠢ ᠳᠠᠷᠢᠬᠤ ᠲᠠᠯᠠᠪᠠᠶ ᠨᠢ ᠠᠩᠬ᠎ᠠ ᠡᠬᠢᠨ᠎ᠤ 300 ᠮᠸ᠋ ᠪᠡᠷ ᠲᠤᠷᠰᠢᠯᠳᠠ ᠵᠢᠨ ᠲᠠᠷᠢᠶ᠎ᠠ ᠡᠴᠡ 2000 ᠮᠸ᠋ᠳᠦ ᠬᠦᠷᠴᠦ᠍᠂ 500 ᠲᠠᠷᠢᠶᠠᠴᠢᠨ ᠡᠷᠦᠬᠡ᠎ᠶ᠋ᠢ ᠳᠠᠢᠴᠢᠯᠠᠨ᠂ ᠡᠷᠦᠬᠡ ᠪᠦᠷᠢ᠎ᠶ᠋ᠢᠨ ᠵᠢᠯ᠎ᠤᠨ ᠳᠤᠮᠳᠠᠴᠢ ᠣᠷᠣᠯᠭ᠎ᠠ᠎ᠶ᠋ᠢ 3500 ᠲᠥᠭᠥᠷᠢᠭ ᠨᠡᠮᠡᠭᠳᠡᠭᠦᠯᠵᠦ᠂ 7 ᠲᠣᠰᠭᠣᠨ 28.25 ᠲᠦᠮᠡᠨ ᠲᠥᠭᠥᠷᠢᠭ᠎ᠤᠨ ᠵᠢᠯ᠎ᠤᠨ ᠠᠰᠢᠬ ᠬᠤᠪᠢᠶᠠᠷᠢᠯᠠᠪᠠ᠃ ᠭᠦᠸᠧ ᠯᠢ ᠯᠢ ᠨᠤᠲᠤᠭ᠎ᠤᠨ ᠵᠢᠡᠨ ᠬᠦᠮᠦᠰ᠎ᠤᠨ 《ᠰᠡᠵᠢᠭ᠌ᠯᠡᠯ》 ᠢ᠋ 《ᠢᠲᠡᠭᠡᠯ》 ᠪᠣᠯᠭᠠᠨ ᠬᠤᠪᠢᠷᠠᠭᠠᠵᠤ᠂ 《ᠵᠢᠵᠢᠭ ᠡᠷᠳᠡᠨᠢ ᠱᠢᠰᠢ》 ᠵᠢ ᠲᠠᠷᠢᠶᠠᠴᠢᠨ ᠡᠷᠦᠬᠡ᠎ᠶ᠋ᠢᠨ ᠣᠷᠣᠯᠭ᠎ᠠ᠎ᠶ᠋ᠢ ᠨᠡᠮᠡᠭ᠌ᠳᠡᠭᠦᠯᠬᠦ᠌ 《ᠲᠤᠮᠤ ᠠᠵᠤ ᠦᠢᠯᠡᠰ》 ᠪᠣᠯᠭᠠᠪᠠ᠃ ᠲᠡᠷᠡ ᠮᠦᠷᠳᠡᠭᠡᠨ 《ᠲᠤᠰᠬᠠᠢ ᠬᠤᠷᠱᠢᠶ᠎ᠠ + ᠲᠣᠰᠭᠣᠨ᠎ᠤ ᠬᠠᠮᠲᠤ + ᠲᠠᠷᠢᠶᠠᠴᠢᠨ ᠡᠷᠦᠬᠡ》 ᠵᠢᠨ ᠠᠱᠢᠭ ᠲᠤᠰᠠ᠎ᠶ᠋ᠢᠨ ᠬᠣᠯᠪᠣᠭᠠᠨ᠎ᠤ ᠲᠣᠭ᠍ᠲᠠᠴᠠ᠎ᠶ᠋ᠢ ᠪᠠᠢᠭᠤᠯᠵᠤ᠂ ᠱᠢᠬᠢᠷᠯᠢᠭ ᠡᠷᠳᠡᠨᠢ ᠱᠢᠰᠢ᠎ᠶ᠋ᠢ ᠲᠠᠷᠢᠬᠤ᠂ ᠡᠳ᠋ᠱᠢᠭᠦᠯᠬᠦ᠌᠂ ᠪᠣᠷᠣᠯᠠᠭᠤᠯᠬᠤ ᠪᠦᠬᠦ᠌ ᠬᠡᠯᠬᠢᠶᠡᠨ᠎ᠦ ᠬᠥᠭ᠌ᠵᠢᠯᠲᠡ᠎ᠶ᠋ᠢ ᠠᠬᠢᠭᠤᠯᠪᠠ᠃
ᠲᠠᠷᠢᠮᠠᠯ᠎ᠤᠨ ᠲᠠᠯ᠎ᠠ ᠪᠡᠷ᠂ ᠲᠡᠷᠡ 《ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ᠎ᠢᠶᠡᠷ ᠲᠠᠷᠢᠶᠠᠯᠠᠩ᠎ᠢ ᠲᠤᠰᠠᠯᠠᠬᠤ》 ᠵᠠᠭ᠍ᠪᠤᠷ᠎ᠢ ᠳᠡᠯᠭᠡᠷᠡᠭᠦᠯᠵᠦ᠍᠂ ᠣᠶᠤᠨᠴᠢ ᠴᠠᠭ ᠠᠭᠤᠷ᠎ᠤᠨ ᠱᠢᠰᠲ᠋ᠧᠮ᠂ ᠬᠥᠷᠥᠰᠥ᠍ ᠱᠢᠷᠣᠢ᠎ᠶ᠋ᠢ ᠱᠢᠯᠭᠠᠨ ᠪᠠᠢᠴᠠᠭᠠᠬᠤ ᠬᠡᠮᠵᠢᠭᠦᠷᠯᠢᠭ᠎ᠢ ᠣᠷᠣᠭᠤᠯᠤᠨ ᠠᠪᠴᠢᠷᠠᠵᠤ᠂ ᠪᠣᠬᠢᠷᠲᠤᠯ ᠦᠭᠡᠢ᠎ᠪᠡᠷ ᠲᠠᠷᠢᠬᠤ ᠮᠡᠷᠭᠡᠵᠢᠯ᠎ᠢ ᠳᠡᠯᠭᠡᠷᠡᠭᠦᠯᠪᠡ᠃ ᠡᠷᠳᠡᠨᠢ ᠱᠢᠰᠢ᠎ᠶ᠋ᠢᠨ ᠡᠰᠢ ᠰᠦᠷᠡᠯ᠎ᠢ ᠡᠳ᠋ᠱᠢᠭᠦᠯᠦᠨ ᠡᠪᠡᠰᠦ ᠪᠣᠷᠳᠣᠭ᠎ᠠ ᠪᠣᠯᠭᠠᠵᠤ ᠮᠠᠯ᠎ᠢᠶᠠᠨ ᠲᠡᠵᠢᠭᠡᠵᠦ᠍᠂ ᠮᠠᠯ ᠵᠢᠭᠦᠷᠲᠡᠨ᠎ᠦ ᠪᠠᠭᠠᠰᠤ ᠪᠣᠷᠳᠣᠭᠤᠷ᠎ᠢ ᠣᠷᠭᠠᠨᠢᠭ ᠪᠣᠷᠳᠣᠭᠤᠷ ᠪᠣᠯᠭᠠᠨ ᠲᠠᠷᠢᠶᠠᠨ᠎ᠳᠤ ᠣᠷᠣᠭᠤᠯᠵᠤ᠂ ᠲᠠᠷᠢᠵᠤ ᠲᠡᠵᠢᠭᠡᠬᠦ᠌᠎ᠶ᠋ᠢ ᠤᠶᠠᠯᠳᠤᠭᠤᠯᠤᠭ᠍ᠰᠠᠨ ᠣᠷᠴᠢᠯ ᠠᠮᠢ ᠠᠬᠤᠢ᠎ᠶ᠋ᠢ ᠪᠦᠷᠢᠯᠳᠦᠭᠦᠯᠪᠡ᠃ ᠡᠳ᠋ᠰᠢᠬᠦᠯᠦᠨ ᠪᠣᠯᠪᠠᠰᠤᠷᠠᠭᠤᠯᠬᠤ ᠲᠠᠯ᠎ᠠ ᠪᠡᠷ ᠂ ᠲᠡᠷᠡ ᠦᠢᠯᠡᠳᠪᠦᠷᠢ᠎ᠪᠡᠨ ᠲᠠᠷᠢᠶᠠᠨ ᠭᠠᠵᠠᠷ᠎ᠲᠤ ᠪᠠᠢᠭᠤᠯᠵᠤ᠂ ᠡᠷᠳᠡᠨᠢ ᠱᠢᠰᠢ᠎ᠶ᠋ᠢ ᠲᠡᠭᠦᠵᠦ᠍ ᠬᠤᠷᠢᠶᠠᠬᠤ ᠡᠳ᠋ᠱᠢᠭᠦᠯᠬᠦ᠌ ᠴᠠᠭ᠎ᠢ 3 ᠴᠠᠭ᠎ᠠᠴᠠ 1 ᠴᠠᠭ ᠪᠣᠯᠭᠠᠨ ᠪᠣᠭᠣᠨᠢᠰᠭᠠᠵᠤ ᠂ ᠰᠢᠬᠢᠷᠯᠢᠭ ᠡᠷᠳᠡᠨᠢ ᠰᠢᠰᠢ ᠵᠢᠨ ᠱᠢᠨ᠎ᠡ ᠰᠣᠷᠭᠣᠭ᠎ᠢ ᠪᠠᠲᠤᠯᠠᠬᠰᠠᠨ ᠮᠦᠷᠳᠡᠭᠡᠨ ᠪᠠᠰᠠ ᠬᠣᠷᠣᠭ᠍ᠳᠠᠯ᠎ᠤᠨ ᠨᠤᠷᠮ᠎ᠠ᠎ᠶ᠋ᠢ ᠪᠠᠭᠤᠷᠠᠭᠤᠯᠵᠠᠢ᠃ ᠤᠢ᠍ᠢᠷ᠎ᠠ ᠬᠠᠪᠢ ᠵᠢᠨ 100 ᠭᠠᠷᠤᠢ ᠲᠠᠷᠢᠶᠠᠴᠢᠳ ᠲᠸ᠋ ᠠᠵᠢᠯ ᠣᠯᠭᠣᠵᠤ᠂ ᠬᠥᠮᠦᠨ ᠳᠤᠮᠳᠠᠴᠢ᠎ᠶ᠋ᠢᠨ ᠵᠢᠯ᠎ᠦᠨ ᠣᠷᠣᠯᠭ᠎ᠠ ᠵᠢ 5000 ᠲᠥᠭᠥᠷᠢᠭ ᠨᠡᠮᠡᠭ᠌ᠳᠡᠬᠦᠯᠪᠡ᠃
《ᠥᠩᠭᠡᠷᠡᠭ᠌ᠰᠡᠨ᠎ᠳᠦ ᠭᠡᠷ᠎ᠲᠡᠬᠡᠨ ᠬᠡᠳᠦᠨ ᠮᠦ᠍ ᠲᠠᠷᠢᠶ᠎ᠠ ᠪᠡᠨ ᠲᠠᠷᠢᠵᠤ᠂ ᠨᠢᠭᠡ ᠵᠢᠯ᠎ᠳᠦ ᠳᠡᠮᠡᠢ ᠬᠡᠳᠦᠨ ᠵᠣᠭᠣᠰ ᠣᠯᠵᠤ ᠳᠡᠢᠯᠬᠦ᠌ ᠦᠭᠡᠢ ᠂ ᠠᠮᠢᠳᠤᠷᠠᠯ ᠮᠠᠰᠢ ᠬᠦᠴᠢᠷᠲᠡᠢ ᠪᠠᠢᠵᠠᠢ᠃ ᠣᠲᠣ ᠲᠤᠰᠬᠠᠢ ᠬᠣᠷᠱᠢᠶ᠎ᠠ᠎ᠳᠤ ᠣᠷᠣᠭᠠᠳ᠂ ᠠᠵᠢᠯᠴᠢ ᠱᠠᠯᠠᠮᠠᠭᠠᠢ ᠪᠣᠯ ᠰᠠᠷ᠎ᠠ᠎ᠳᠠᠭᠠᠨ 5000 ᠭᠠᠷᠤᠶ ᠲᠥᠭᠥᠷᠢᠭ ᠣᠯᠤᠨ᠎ᠠ᠂ ᠬᠡᠷ᠎ᠢᠶᠡᠨ ᠬᠠᠷᠠᠭᠠᠯᠵᠠᠵᠤ ᠴᠢᠳᠠᠬᠤ᠎ᠪᠠᠷ ᠪᠠᠷᠠᠬᠤ ᠥᠬᠡᠶ ᠣᠷᠣᠯᠭ᠎ᠠ᠎ᠪᠠᠨ ᠴᠤ᠌ ᠲᠣᠭ᠍ᠲᠠᠭᠤᠨ᠎ᠢᠶᠠᠷ ᠨᠡᠮᠡᠭ᠌ᠳᠡᠭᠦᠯᠵᠦ᠍ ᠴᠢᠳᠠᠨ᠎ᠠ》ᠭᠡᠵᠦ᠍ ᠲᠣᠰᠭᠣᠨ᠎ᠤ ᠠᠷᠠᠳ ᠶᠠᠩ ᠴᠢᠦ ᠪᠦᠦ ᠬᠡᠯᠡᠪᠡ᠃
ᠠᠵᠤ ᠦᠶ᠋ᠯᠡᠰ᠎ᠢᠶᠡᠷ ᠳᠠᠢᠴᠢᠯᠠᠬᠤ᠎ᠠᠴᠠ ᠭᠠᠳᠠᠨ᠎ᠠ ᠭᠦᠸᠧ ᠯᠢ ᠯᠢ ᠪᠠᠰᠠ ᠨᠤᠲᠤᠬ᠎ᠤᠨ ᠵᠢᠡᠨ ᠬᠦᠮᠦᠰ᠎ᠢ ᠬᠠᠪᠰᠤᠷᠤᠨ ᠲᠡᠳᠬᠦᠵᠦ᠂ ᠨᠡᠢᠲᠡ 30 ᠲᠦᠮᠡᠨ ᠲᠥᠭᠥᠷᠢᠭ᠎ᠦᠨ ᠪᠠᠯᠠ ᠣᠷᠣᠭᠤᠯᠵᠤ᠂ ᠲᠠᠷᠢᠶᠠᠴᠢᠨ ᠡᠷᠦᠬᠡ᠎ᠳᠦ ᠦᠷ᠎ᠡ᠂ ᠠᠩᠭᠠᠬᠠᠶ ᠵᠡᠷᠭᠡ ᠦᠶ᠋ᠯᠡᠳᠪᠦᠷᠢᠯᠡᠯ᠎ᠦᠨ ᠡᠳ᠋ ᠪᠣᠳᠠᠰ᠎ᠢ ᠦᠨ᠎ᠡ ᠲᠥᠯᠥᠪᠦᠷᠢ ᠥᠬᠡᠶ᠎ᠪᠡᠷ ᠲᠠᠷᠬᠠᠭᠠᠵᠤ᠂ ᠤᠷᠢᠳ ᠬᠤᠵᠢᠳ ᠨᠡᠢᠲᠡ 10 ᠲᠦᠮᠡ ᠭᠠᠷᠤᠢ ᠲᠥᠭᠥᠷᠢᠭ᠎ᠦᠨ ᠵᠣᠭᠣᠰ ᠪᠠ ᠡᠳ᠋ ᠪᠣᠳᠠᠰ ᠬᠠᠨᠳᠢᠪᠯᠠᠪᠠ᠃ ᠭᠦᠸᠧ ᠯᠢ ᠯᠢ᠄ 《ᠠᠷᠠᠳ ᠲᠦᠮᠡᠨ ᠨᠠᠮᠠᠶ᠋ᠢ ᠲᠥᠯᠥᠭᠡᠯᠡᠭ᠌ᠴᠢ᠎ᠪᠡᠷ ᠰᠣᠩᠭᠣᠪᠠ᠂ ᠪᠢ ᠠᠷᠠᠳ ᠲᠦᠮᠡᠨ᠎ᠦ ᠲᠥᠯᠥᠭᠡ ᠲᠥᠯᠥᠭᠡᠯᠡᠭ᠌ᠴᠢ ᠪᠣᠯᠤᠨ᠎ᠠ᠃ ᠨᠤᠲᠤᠭ᠎ᠤᠨ ᠠᠬ᠎ᠠ ᠳᠡᠭᠦᠦ᠍᠎ᠨᠡᠷ ᠨᠠᠮᠠᠶ᠋ᠢ ᠢᠲᠡᠭᠡᠪᠡᠯ᠂ ᠪᠢ ᠢᠲᠡᠭᠡᠯ ᠨᠢᠭᠡᠪᠦᠷᠢ ᠵᠢ ᠨᠢ ᠦᠨᠡᠨ ᠪᠣᠳᠠᠲᠠᠢ ᠬᠠᠪᠰᠤᠷᠤᠯᠭ᠎ᠠ ᠳᠡᠮᠵᠢᠯᠭᠡ ᠪᠣᠯᠭᠠᠨ ᠬᠤᠪᠢᠷᠠᠭᠤᠯᠵᠤ᠂ ᠤᠯᠠᠨ᠎ᠢ ᠨᠡᠩ ᠰᠠᠢ᠌ᠨ ᠰᠠᠢᠬᠠᠨ ᠠᠮᠢᠳᠤᠷᠠᠭᠤᠯᠬᠤ ᠵᠢᠨ ᠲᠦᠯᠦᠭᠡ ᠴᠢᠷᠮᠠᠢᠨ᠎ᠠ》 ᠬᠡᠯᠡ᠃
ᠡᠨᠡ ᠬᠡᠳᠦᠨ ᠡᠳᠦᠷ ᠶᠠᠭ ᠬᠠᠪᠤᠷ᠎ᠤᠨ ᠲᠠᠷᠢᠶᠠᠯᠠᠭ᠎ᠠ᠎ᠳᠤ ᠪᠡᠯᠡᠳᠭᠡᠬᠦ᠌ ᠴᠠᠭ ᠪᠣᠯᠬᠣᠷ ᠤᠨᠠᠬᠰᠠᠨ ᠮᠠᠯᠠᠭᠠᠢ ᠠᠪᠬᠤ ᠵᠢᠨ ᠵᠠᠪ ᠦᠬᠡᠢ ᠶᠠᠭᠠᠷᠠᠵᠦ ᠪᠠᠢᠯ᠎ᠠ᠃ ᠲᠡᠷᠡ ᠠᠢᠯ ᠲᠣᠰᠭᠣᠨ ᠲᠠᠷᠢᠶᠠᠴᠢᠳ᠎ᠤᠨ ᠭᠡᠷ ᠲᠸ᠋ ᠬᠦᠷᠴᠤ ᠭᠡᠷ ᠵᠠᠭᠤᠷ᠎ᠠ᠎ᠶ᠋ᠢᠨ ᠵᠣᠭᠣᠭ ᠳᠡᠯᠭᠡᠨ᠂ ᠬᠡᠷᠡᠭ᠌ᠴᠡᠭᠡ ᠱᠠᠭᠠᠷᠳᠠᠯᠭ᠎ᠠ᠎ᠶ᠋ᠢ ᠠᠰᠠᠭᠤᠵᠤ᠂ ᠱᠢᠬᠢᠷᠯᠢᠭ ᠡᠷᠳᠡᠨᠢ ᠱᠢᠰᠢ ᠲᠠᠷᠢᠬᠤ ᠲᠥᠯᠥᠪᠯᠡᠭᠡ᠂ ᠠᠵᠤ ᠦᠢᠯᠡᠰ᠎ᠦᠨ ᠬᠥᠭ᠌ᠵᠢᠯᠲᠡ᠎ᠶ᠋ᠢᠨ ᠰᠡᠳᠭᠢᠴᠡ᠎ᠶ᠋ᠢ ᠬᠠᠮᠲᠤ᠎ᠪᠠᠷ ᠵᠥᠪᠳᠡᠯᠴᠡᠨᠠ᠃
ᠡᠳᠦᠭᠡ ᠭᠦᠸᠧ ᠯᠢ ᠯᠢ ᠰᠢᠬᠢᠷᠯᠢᠭ ᠡᠷᠳᠡᠨᠢ ᠱᠢᠰᠢ᠎ᠶ᠋ᠢᠨ ᠠᠵᠤ ᠦᠢᠯᠡᠰ᠎ᠢ ᠤᠯᠠᠮ ᠬᠦᠭᠵᠢᠭᠦᠯᠵᠦ᠂ ᠠᠵᠤ ᠦᠢᠯᠡᠰ᠎ᠦᠨ ᠬᠡᠯᠬᠢᠶ᠎ᠡ᠎ᠶ᠋ᠢ ᠤᠷᠲᠤᠳᠭᠠᠬᠤ᠎ᠶ᠋ᠢ ᠠᠬᠢᠭᠤᠯᠵᠤ᠂ ᠬᠥᠳᠡᠭᠡ ᠠᠵᠤ ᠠᠬᠤᠢ ᠰᠣᠶᠣᠯ ᠵᠢᠭᠤᠯᠴᠢᠯᠠᠯ᠎ᠢ ᠠᠭᠤᠰᠤᠯᠴᠠᠭᠤᠯᠤᠨ ᠬᠥᠭ᠌ᠵᠢᠭᠦᠯᠬᠦ᠌ ᠵᠠᠮ᠎ᠢ ᠬᠠᠢᠨ ᠰᠦᠪᠡᠭ᠌ᠴᠢᠯᠡᠨ᠎ᠡ᠃ ᠲᠠᠷᠢᠶᠠᠨ ᠳᠠᠯᠠᠩ ᠲᠡᠭᠡᠷᠡᠬᠢ 《ᠬᠦᠰᠡᠯ ᠵᠡᠭᠦᠳᠦ᠍᠎ᠪᠡᠨ ᠬᠥᠭᠡᠭᠡᠴᠡᠯᠳᠦᠭ᠌ᠴᠢ》 ᠡᠴᠡ ᠠᠵᠤ ᠦᠢᠯᠡᠰ᠎ᠦᠨ ᠬᠡᠯᠬᠢᠢ᠎ᠡ ᠳᠡᠭᠡᠷᠡᠬᠢ 《ᠵᠠᠮᠴᠢᠯᠠᠭ᠍ᠴᠢ》 ᠬᠦᠷᠲᠡᠯ᠎ᠡ᠂ ᠦᠨᠳᠦᠰᠦᠨ ᠱᠠᠲᠤᠨ᠎ᠤ ᠲᠥᠯᠥᠭᠡᠯᠡᠭ᠌ᠴᠢ᠎ᠡᠴᠡ ᠡᠮᠡᠭ᠌ᠲᠡᠢᠴᠦᠳ᠎ᠦᠨ ᠳᠠᠭᠤᠷᠢᠶᠠᠯ ᠬᠦᠷᠲᠡᠯ᠎ᠡ᠂ ᠭᠦᠸᠧ ᠯᠢ ᠯᠢ ᠤᠬ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠠᠵᠢᠯᠴᠢ ᠬᠥᠳᠡᠯᠮᠦᠷᠢᠴᠢ ᠭᠠᠷ᠎ᠢᠶᠠᠷ᠎ᠢᠶᠠᠨ ᠦᠨᠳᠦᠰᠦᠨ ᠱᠠᠲᠤᠨ᠎ᠤ ᠡᠮᠡᠭ᠌ᠲᠡᠢᠴᠦᠳ᠎ᠦᠨ ᠲᠡᠮᠡᠴᠡᠯ᠎ᠦᠨ ᠢᠷᠠᠭᠤ ᠬᠠᠭᠤᠳᠠᠰᠤ᠎ᠶ᠋ᠢ ᠪᠢᠴᠢᠭ᠌ᠯᠡᠨ᠎ᠡ᠃ ᠲᠡᠭᠦᠨ᠎ᠦ ᠳᠠᠭᠠᠭᠤᠯᠭ᠎ᠠ ᠳᠤᠤᠷ᠎ᠠ᠂ ᠤᠯᠠᠮᠡᠴᠠ ᠣᠯᠠᠨ ᠨᠤᠲᠤᠭ᠎ᠤᠨ ᠡᠭᠡᠴᠢ ᠳᠡᠭᠦᠦ᠍᠎ᠨᠡᠷ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠡᠮᠦᠨ᠎ᠡ ᠹᠷᠣᠨᠲ᠎ᠲᠤ ᠣᠷᠣᠯᠴᠠᠵᠤ᠂ ᠡᠷᠡᠯᠬᠡᠭ᠌ᠯᠡᠨ ᠲᠡᠮᠡᠴᠡᠵᠦ᠍ ᠦᠶ᠋ᠯᠡᠰ ᠪᠦᠲᠦᠭᠡᠵᠦ᠍᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠴᠢᠨᠠᠷ ᠰᠠᠢᠲᠠᠶ ᠬᠥᠭ᠌ᠵᠢᠯᠲᠡ᠎ᠶ᠋ᠢᠨ ᠰᠠᠢᠨ ᠰᠠᠢᠬᠠᠨ ᠬᠠᠭᠤᠳᠠᠰᠤ᠎ᠶ᠋ᠢ ᠬᠠᠮᠲᠤ᠎ᠪᠠᠷ ᠵᠢᠷᠤᠭ᠍ᠯᠠᠨ᠎ᠠ᠃