ᠥᠪᠥᠷ ᠮᠣᠩᠭᠣᠯ᠎ᠤᠨ
ᠥᠪᠡᠷᠲᠡᠭᠡᠨ ᠵᠠᠰᠠᠬᠤ ᠣᠷᠣᠨ᠎ᠤ 2026 ᠣᠨ᠎ᠤ ᠲᠣᠰ ᠬᠤᠭᠤᠴᠠᠭᠠᠨ᠎ᠤ ᠰᠢᠯᠢᠳᠡᠭ ᠶᠡᠬᠡ ᠳᠡᠭᠡᠳᠤ ᠰᠤᠷᠭᠠᠭᠤᠯᠢ
ᠲᠡᠭᠦᠰᠦᠭᠰᠡᠳ᠎ᠢ ᠲᠥᠪᠯᠡᠷᠡᠭᠦᠯᠦᠨ ᠰᠣᠩᠭᠣᠨ ᠰᠢᠯᠵᠢᠬᠦᠯᠬᠦ ᠪᠢᠴᠢᠭ᠎ᠦᠨ ᠰᠢᠯᠭᠠᠯᠲᠠ᠎ᠶᠢᠨ ᠬᠢᠷᠢ ᠪᠦᠲᠦᠮᠵᠢ
ᠵᠢᠴᠢ ᠨᠢᠭᠤᠷᠲᠠᠨ ᠰᠢᠯᠭᠠᠯᠲᠠ᠎ᠶᠢᠨ ᠬᠣᠯᠪᠣᠭᠳᠠᠯ ᠪᠦᠬᠦᠢ ᠵᠦᠢᠯᠡᠰ᠎ᠤᠨ ᠲᠤᠬᠠᠢ ᠠᠯᠪᠠᠨ ᠵᠠᠷᠯᠠᠯ
ᠰᠢᠯᠭᠠᠭᠤᠯᠤᠭᠰᠠᠳ ᠡ᠄
ᠥᠪᠥᠷ ᠮᠣᠩᠭᠣᠯ᠎ᠤᠨ ᠥᠪᠡᠷᠲᠡᠭᠡᠨ
ᠵᠠᠰᠠᠬᠤ ᠣᠷᠣᠨ᠎ᠤ 2026 ᠣᠨ᠎ᠤ ᠲᠣᠰ ᠬᠤᠭᠤᠴᠠᠭᠠᠨ᠎ᠤ ᠰᠢᠯᠢᠳᠡᠭ ᠶᠡᠬᠡ ᠳᠡᠭᠡᠳᠤ ᠰᠤᠷᠭᠠᠭᠤᠯᠢ ᠲᠡᠭᠦᠰᠦᠭᠰᠡᠳ᠎ᠢ
ᠲᠥᠪᠯᠡᠷᠡᠭᠦᠯᠦᠨ ᠰᠣᠩᠭᠣᠨ ᠰᠢᠯᠵᠢᠭᠦᠯᠬᠦ ᠠᠵᠢᠯ᠎ᠤᠨ ᠲᠣᠬᠢᠷᠠᠭᠤᠯᠤᠯᠲᠠ᠎ᠶᠢ ᠦᠨᠳᠦᠰᠦᠯᠡᠨ᠂ ᠪᠢᠴᠢᠭ᠎ᠦᠨ ᠰᠢᠯᠭᠠᠯᠲᠠ᠎ᠶᠢᠨ
ᠬᠢᠷᠢ ᠪᠦᠲᠦᠮᠵᠢ ᠵᠢᠴᠢ ᠨᠢᠭᠤᠷᠲᠠᠨ ᠰᠢᠯᠭᠠᠯᠲᠠ᠎ᠶᠢᠨ ᠬᠣᠯᠪᠣᠭᠳᠠᠯ ᠪᠦᠬᠦᠢ ᠵᠦᠢᠯᠡᠰ᠎ᠢ ᠡᠳᠦᠭᠡ ᠳᠣᠣᠷᠠᠬᠢ ᠮᠡᠲᠦ
ᠵᠠᠷᠯᠠᠶ᠎ᠠ ᠃
ᠨᠢᠭᠡ᠂ ᠪᠢᠴᠢᠭ᠎ᠦᠨ ᠰᠢᠯᠭᠠᠯᠲᠠ᠎ᠶᠢᠨ
ᠬᠢᠷᠢ ᠪᠦᠲᠦᠮᠵᠢ ᠵᠢᠴᠢ ᠨᠢᠭᠤᠷᠲᠠᠨ ᠰᠢᠯᠭᠠᠯᠲᠠ᠎ᠳᠤ ᠣᠷᠣᠯᠴᠠᠬᠤ ᠬᠥᠮᠥᠰ᠎ᠦᠨ ᠨᠡᠷᠡᠰ
ᠲᠣᠰ ᠡᠳᠦᠷ᠎ᠡᠴᠡ ᠡᠬᠢᠯᠡᠨ ᠰᠢᠯᠭᠠᠭᠤᠯᠤᠭ᠍ᠴᠢ ᠨᠡᠷ᠎ᠡ
ᠮᠡᠳᠡᠭᠦᠯᠬᠦ ᠰᠦᠯᠵᠢᠶᠡᠨ᠎ᠳᠦ ᠭᠠᠷᠴᠤ ᠪᠢᠴᠢᠭ ᠦᠨ ᠰᠢᠯᠭᠠᠯᠲᠠ᠎ᠶᠢᠨ ᠬᠢᠷᠢ ᠪᠦᠲᠦᠮᠵᠢ ᠵᠢᠴᠢ ᠨᠢᠭᠤᠷᠲᠠᠨ ᠰᠢᠯᠭᠠᠯᠲᠠ᠎ᠳᠤ
ᠣᠷᠣᠯᠴᠠᠬᠤ ᠡᠰᠡᠬᠦ ᠪᠡᠨ ᠯᠠᠪᠯᠠᠵᠤ ᠪᠣᠯᠣᠨ᠎ᠠ ᠃
ᠬᠣᠶᠠᠷ᠂ ᠨᠢᠭᠤᠷᠲᠠᠨ ᠰᠢᠯᠭᠠᠬᠤ
ᠴᠠᠭ᠂ ᠭᠠᠵᠠᠷ
ᠨᠢᠭᠤᠷᠲᠠᠨ ᠰᠢᠯᠭᠠᠯᠲᠠ᠎ᠶᠢ
4 ᠰᠠᠷ᠎ᠠ᠎ᠶᠢᠨ 25᠎ᠤ ᠡᠳᠦᠷ (ᠭᠠᠷᠠᠭ᠎ᠤᠨ ᠵᠢᠷᠭᠤᠭᠠᠨ) ᠬᠥᠬᠡᠬᠣᠲᠠ᠎ᠳᠤ ᠨᠢᠭᠡᠳᠦᠯᠲᠡᠢ ᠶᠠᠪᠤᠭᠳᠠᠭᠤᠯᠤᠨ᠎ᠠ᠂ ᠰᠢᠯᠭᠠᠭᠤᠯᠤᠭ᠍ᠴᠢ 4 ᠰᠠᠷ᠎ᠠ᠎ᠶᠢᠨ
23᠎ᠤ ᠡᠳᠦᠷ᠎ᠦᠨ 15᠄ 00 ᠴᠠᠭ ᠡᠴᠡ ᠨᠡᠷ᠎ᠡ ᠮᠡᠳᠡᠭᠦᠯᠬᠦ ᠰᠦᠯᠵᠢᠶᠡᠨ᠎ᠳᠦ ᠭᠠᠷᠴᠤ 《ᠨᠢᠭᠤᠷᠲᠠᠨ ᠰᠢᠯᠭᠠᠬᠤ ᠮᠡᠳᠡᠭᠳᠡᠯ᠎ᠦᠨ ᠪᠢᠴᠢᠭ》 ᠵᠢᠡᠨ ᠥᠪᠡᠰᠦᠪᠡᠨ ᠪᠠᠭᠤᠯᠭᠠᠨ ᠠᠪᠴᠤ ᠳᠠᠷᠤᠮᠠᠯᠯᠠᠵᠤ ᠪᠤᠯᠤᠨ᠎ᠠ᠂ ᠪᠣᠳᠠᠲᠠᠢ ᠴᠠᠭ ᠪᠠ
ᠭᠠᠵᠠᠷ᠎ᠢ 《ᠨᠢᠭᠤᠷᠲᠠᠨ ᠰᠢᠯᠭᠠᠬᠤ ᠮᠡᠳᠡᠭᠳᠡᠯ᠎ᠦᠨ ᠪᠢᠴᠢᠭ》᠎ᠡᠴᠡ ᠨᠠᠷᠢᠪᠴᠢᠯᠠᠨ ᠦᠵᠡᠭᠡᠷᠡᠢ᠃
ᠭᠤᠷᠪᠠ᠂ ᠪᠡᠯᠡᠳᠬᠡᠬᠦ ᠴᠢᠬᠤᠯᠠᠲᠠᠢ
ᠮᠠᠲᠧᠷᠢᠶᠠᠯ
1. ᠬᠦᠴᠦᠨ᠎ᠪᠦᠬᠦᠢ ᠬᠤᠭᠤᠴᠠᠭᠠᠨ᠎ᠳᠠᠬᠢ ᠬᠣᠶᠠᠳᠤᠭᠠᠷ ᠦᠶ᠎ᠡ᠎ᠶᠢᠨ
ᠪᠡᠶ᠎ᠡ᠎ᠶᠢᠨ ᠦᠨᠡᠮᠯᠡᠯ (ᠲᠦᠷ ᠴᠠᠭ᠎ᠤᠨ ᠪᠡᠶ᠎ᠡ᠎ᠶᠢᠨ ᠦᠨᠡᠮᠯᠡᠯ);
2. 《ᠨᠢᠭᠤᠷᠲᠠᠨ ᠰᠢᠯᠭᠠᠬᠤ ᠮᠡᠳᠡᠭᠳᠡᠯ᠎ᠦᠨ ᠪᠢᠴᠢᠭ》᠃
ᠳᠥᠷᠪᠡ᠂ ᠨᠢᠭᠤᠷᠲᠠᠨ ᠰᠢᠯᠭᠠᠬᠤ
ᠠᠷᠭ᠎ᠠ ᠮᠠᠶᠢᠭ᠋
1. ᠨᠢᠭᠤᠷᠲᠠᠨ ᠰᠢᠯᠭᠠᠯᠲᠠ᠎ᠶᠢ ᠪᠦᠲᠦᠴᠡ᠎ᠶᠢᠨ ᠴᠢᠨᠠᠷᠲᠠᠢ ᠨᠢᠭᠤᠷᠲᠠᠨ
ᠰᠢᠯᠭᠠᠬᠤ ᠠᠷᠭ᠎ᠠ᠎ᠪᠠᠷ ᠶᠠᠪᠤᠭᠳᠠᠭᠤᠯᠤᠨ᠎ᠠ᠂ ᠨᠢᠭᠤᠷᠲᠠᠨ ᠰᠢᠯᠭᠠᠯᠲᠠ᠎ᠶᠢᠨ ᠶᠡᠷᠦᠩᠬᠡᠢ ᠬᠤᠪᠢ ᠨᠢ 100 ᠬᠤᠪᠢ
ᠪᠣᠯᠣᠨ᠎ᠠ᠃
2. ᠲᠥᠪᠯᠡᠷᠡᠭᠦᠯᠦᠨ ᠰᠣᠩᠭᠣᠨ
ᠰᠢᠯᠵᠢᠭᠦᠯᠬᠦ ᠰᠢᠯᠭᠠᠯᠲᠠ ᠪᠣᠯ ᠠᠵᠢᠯ᠎ᠤᠨ ᠪᠠᠢᠷᠢ ᠲᠣᠭᠲᠠᠭᠠᠬᠤ ᠦᠭᠡᠢ᠎ᠪᠡᠷ ᠡᠯᠰᠡᠬᠦ ᠰᠢᠯᠭᠠᠯᠲᠠ ᠪᠣᠯᠬᠣᠷ
ᠰᠢᠯᠭᠠᠯᠲᠠ᠎ᠶᠢᠨ ᠡᠷᠬᠡ ᠲᠡᠭᠰᠢ ᠲᠥᠪ ᠭᠣᠥᠯᠴᠢ᠂ ᠦᠨᠡᠯᠡᠬᠦ ᠪᠠᠷᠢᠮᠵᠢᠶ᠎ᠠ᠎ᠶᠢ ᠨᠢᠭᠡᠳᠦᠯᠲᠡᠢ ᠪᠠᠢᠬᠤ ᠵᠢ
ᠪᠠᠳᠤᠯᠠᠵᠤ᠂ ᠵᠣᠬᠢᠶᠠᠨ ᠪᠠᠢᠭᠤᠯᠬᠤ ᠥᠨᠳᠥᠷ ᠪᠦᠲᠦᠮᠵᠢᠲᠡᠶ ᠪᠠᠢᠬᠤ᠎ᠶᠢ ᠬᠠᠮᠲᠤ ᠳ᠋ᠤᠨᠢ ᠬᠠᠷᠠᠭᠠᠯᠵᠠᠬᠤ᠎ᠶᠢᠨ
ᠲᠥᠯᠥᠭᠡ᠂ ᠲᠣᠰ ᠤᠳᠠᠭᠠᠨ᠎ᠤ ᠲᠥᠪᠯᠡᠷᠡᠭᠦᠯᠦᠨ ᠰᠣᠩᠭᠣᠨ ᠰᠢᠯᠵᠢᠭᠦᠯᠬᠦ ᠨᠢᠭᠤᠷᠲᠠᠨ ᠰᠢᠯᠭᠠᠯᠲᠠ᠎ᠳᠤ ᠸᠢᠳᠢᠤ᠋
ᠰᠢᠩᠭᠡᠬᠡᠵᠦ ᠬᠤᠪᠢ ᠲᠣᠭᠲᠠᠭᠠᠬᠤ ᠠᠷᠭ᠎ᠠ᠎ᠶᠢ ᠬᠡᠷᠡᠭᠯᠡᠨ᠎ᠡ᠂ ᠲᠤᠬᠠᠢᠯᠠᠪᠠᠯ ᠤᠷᠢᠳ᠎ᠢᠶᠠᠷ ᠲᠤᠬᠠᠢ᠎ᠶᠢᠨ ᠲᠠᠯᠠᠪᠤᠷ᠎ᠲᠤ
ᠰᠢᠯᠭᠠᠭᠤᠯᠤᠭ᠍ᠴᠢ᠎ᠶᠢᠨ ᠰᠡᠳᠦᠪ ᠬᠠᠷᠢᠭᠤᠯᠬᠤ ᠶᠠᠪᠤᠴᠠ᠎ᠶᠢ ᠰᠢᠩᠭᠡᠭᠡᠵᠦ᠂ ᠳᠠᠷᠠᠭ᠎ᠠ ᠨᠢ ᠰᠢᠯᠭᠠᠬᠴᠢᠶᠢ ᠵᠣᠬᠢᠶᠠᠨ
ᠪᠠᠢᠭᠤᠯᠤᠨ ᠰᠢᠯᠭᠠᠭᠤᠯᠤᠭ᠍ᠴᠢ ᠶᠢᠨ ᠰᠡᠳᠦᠪ ᠬᠠᠷᠢᠭᠤᠯᠤᠬᠰᠠᠨ ᠸᠢᠳᠢᠤ᠋᠎ᠶᠢ ᠨᠢᠭᠡᠳᠦᠯᠲᠡᠢ ᠦᠵᠡᠭᠦᠯᠵᠦ ᠬᠤᠪᠢ
ᠲᠣᠭᠲᠠᠭᠠᠵᠤ᠂ ᠨᠢᠭᠤᠷᠲᠠᠨ ᠰᠢᠯᠭᠠᠯᠲᠠ᠎ᠶᠢᠨ ᠬᠢᠷᠢ ᠪᠦᠲᠦᠮᠵᠢ᠎ᠶᠢ ᠲᠥᠪᠯᠡᠷᠡᠭᠦᠯᠦᠨ ᠨᠡᠢᠲᠡᠯᠡᠨ᠎ᠡ᠃
ᠲᠠᠪᠤ᠂ ᠨᠡᠢᠭᠡᠮ᠎ᠦᠨ ᠬᠢᠨᠠᠯᠲᠠᠲᠠᠯᠪᠢᠬᠴᠢ
ᠵᠢ ᠤᠷᠢᠬᠤ
ᠠᠯᠪᠠᠲᠠᠨ᠎ᠤ ᠰᠢᠯᠭᠠᠯᠲᠠ᠎ᠶᠢᠨ
ᠣᠯᠠᠨ ᠨᠡᠶ᠋ᠢᠲᠡ᠎ᠶᠢ ᠢᠲᠡᠭᠡᠭᠦᠯᠬᠦ ᠬᠦᠴᠦᠨ ᠪᠠ ᠢᠯᠡ ᠲᠤᠳᠤᠬᠡᠮᠵᠢᠶᠡᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ᠎ᠶᠢᠨ
ᠲᠥᠯᠥᠭᠡ᠂ 《ᠬᠣᠶᠠᠷ ᠲᠥᠯᠥᠭᠡᠯᠡᠭᠴᠢ ᠨᠢᠭᠡ ᠭᠡᠰᠢᠭᠦᠨ》᠂ ᠨᠡᠢᠭᠡᠮ᠎ᠦᠨ
ᠵᠣᠬᠢᠶᠠᠨ ᠪᠠᠢᠭᠤᠯᠤᠯᠲᠠ (ᠵᠢᠱ᠌ᠢᠶᠡᠯᠡᠪᠡᠯ ᠠᠯᠪᠠᠲᠠᠨ᠎ᠤ ᠰᠢᠯᠭᠠᠯᠲᠠ
ᠵᠢᠨ ᠪᠣᠯᠪᠠᠰᠤᠷᠠᠯ᠎ᠤᠨ ᠪᠠᠢᠭᠤᠯᠤᠮᠵᠢ)᠂ ᠰᠢᠯᠭᠠᠭᠤᠯᠤᠭ᠍ᠴᠢ᠎ᠶᠢᠨ ᠭᠡᠷ᠎ᠦᠨ
ᠠᠬᠠᠮᠠᠳ (ᠡᠯ᠎ᠡ ᠲᠥᠷᠥᠯ᠎ᠦᠨ 1 ︱ 2 ᠬᠥᠮᠥᠨ) ᠢ ᠤᠷᠢᠵᠤ ᠲᠣᠰ ᠤᠳᠠᠭᠠᠨ᠎ᠤ ᠨᠢᠭᠤᠷᠲᠠᠨ
ᠰᠢᠯᠭᠠᠯᠲᠠ᠎ᠳᠤ ᠲᠤᠬᠠᠢ᠎ᠶᠢᠨ ᠲᠠᠯᠠᠪᠤᠷ᠎ᠲᠤ ᠬᠢᠨᠠᠯᠲᠠ ᠲᠠᠯᠪᠢᠭᠤᠯᠬᠤ᠎ᠪᠠᠷ ᠪᠣᠶ᠃ ᠨᠡᠢᠭᠡᠮ᠎ᠦᠨ ᠵᠣᠬᠢᠶᠠᠨ ᠪᠠᠢ᠍ᠭᠤᠯᠤᠯᠲᠠ
ᠵᠢᠨ ᠬᠢᠨ ᠬᠡᠷᠪᠡ ᠰᠠᠨᠠᠮᠵᠢ᠎ᠲᠠᠢ ᠪᠣᠯ 《ᠨᠡᠢ᠍ᠢᠭᠡᠮᠦᠨ ᠬᠢᠨᠠᠯᠳᠠ
ᠲᠠᠯᠪᠢᠬᠴᠢ ᠵᠢᠨ ᠨᠡᠷ᠎ᠡ ᠮᠡᠳᠡᠭᠦᠯᠬᠦ ᠬᠦᠰᠦᠨᠦᠭᠲᠦ》᠎ᠶᠢ ᠦᠨᠡᠨ ᠮᠥᠨ᠎ᠢᠶᠡᠷ
ᠲᠠᠭᠯᠠᠵᠤ᠂ 4 ᠰᠠᠷ᠎ᠠ᠎ᠶᠢᠨ 22᠎ᠤᠨ ᠡᠳᠦᠷ᠎ᠡᠴᠡ ᠡᠮᠦᠨ᠎ᠡ ᠢᠮᠸᠯ ᠵᠢᠡᠷ ᠶᠠᠪᠤᠭᠤᠯᠤᠭᠠᠷᠠᠢ᠄ nmgwyec@163.com
《ᠬᠣᠶᠠᠷ ᠲᠥᠯᠥᠭᠡᠯᠡᠭᠴᠢ ᠨᠢᠭᠡ ᠭᠡᠰᠢᠭᠦᠨ》᠂ ᠰᠢᠯᠭᠠᠭᠤᠯᠤᠭ᠍ᠴᠢ᠎ᠶᠢᠨ
ᠭᠡᠷ᠎ᠦᠨ ᠠᠬᠠᠮᠠᠳ᠎ᠢ ᠬᠣᠯᠪᠣᠭᠳᠠᠯ ᠪᠦᠬᠦᠢ ᠰᠠᠯᠠᠭ᠎ᠠ ᠮᠥᠴᠢᠷ ᠵᠢᠴᠢ ᠶᠡᠬᠡ ᠳᠡᠭᠡᠳᠦ ᠰᠤᠷᠭᠠᠭᠤᠯᠢ᠎ᠠᠴᠠ ᠲᠠᠨᠢᠯᠴᠠᠭᠤᠯᠵᠤ᠂
ᠠᠯᠪᠠᠲᠠᠨ᠎ᠤ ᠡᠷᠭᠢᠯᠡᠨ ᠬᠠᠮᠢᠶᠠᠷᠬᠤ ᠰᠠᠯᠠᠭ᠎ᠠ ᠮᠥᠴᠢᠷ ᠨᠡᠷ᠎ᠡ ᠮᠡᠳᠡᠭᠦᠯᠦᠭᠰᠡᠨ ᠪᠠᠢᠳᠠᠯ᠎ᠢ ᠦᠨᠳᠦᠰᠦᠯᠡᠨ
ᠵᠢᠱ᠌ᠢᠭᠳᠡᠭᠴᠢ᠎ᠶᠢ ᠲᠣᠬᠢᠶᠠᠯᠳᠤᠯ᠎ᠢᠶᠠᠷ ᠲᠣᠭᠲᠠᠭᠠᠬᠤ᠎ᠶᠢᠨ ᠬᠠᠮᠲᠤ ᠬᠣᠯᠪᠣᠭᠳᠠᠯ ᠪᠦᠬᠦᠢ ᠵᠦᠢᠯᠡᠰ᠎ᠢ ᠤᠲᠠᠰᠤ᠎ᠪᠠᠷ
ᠮᠡᠳᠡᠭᠳᠡᠨ᠎ᠡ ᠃
ᠥᠪᠦᠷ ᠮᠤᠨᠭᠭᠤᠯ᠎ᠤᠨ
ᠥᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ
ᠵᠢᠨ ᠵᠤᠬᠢᠶᠠᠨ ᠪᠠᠢᠭᠤᠯᠬᠤ ᠬᠡᠯᠳᠡᠰ
2026 ᠣᠨ᠎ᠤ 4 ᠰᠠᠷ᠎ᠠ᠎ᠶᠢᠨ
20᠎ᠤ ᠡᠳᠦᠷ
ᠢᠷᠡᠯᠲᠡ᠄ ᠥᠪᠦᠷ
ᠮᠤᠨᠭᠭᠤᠯ᠎ᠤᠨ ᠠᠵᠢᠯᠳᠠᠨ᠎ᠤ ᠶᠠᠪᠤᠳᠠᠯ᠎ᠤᠨ ᠰᠢᠯᠭᠠᠯᠳᠠ ᠵᠢᠨ ᠰᠦᠯᠵᠢᠶ᠎ᠡ᠂ ᠠᠵᠢᠯᠳᠠᠨ ᠤ
ᠶᠠᠪᠤᠳᠠᠯ᠎ᠤᠨ ᠰᠢᠯᠭᠠᠯᠳᠠ ᠵᠢᠨ ᠬᠦᠷᠢᠶᠡᠯᠡᠡᠭ