ᠠᠯᠪᠠᠲᠠᠨ ᠢᠯᠡ᠎ᠪᠡᠷ ᠰᠢᠯᠢᠨ ᠰᠣᠩᠭᠣᠬᠤ ᠪᠢᠴᠢᠭ᠎ᠦᠨ ᠰᠢᠯᠭᠠᠯᠲᠠ᠎ᠶᠢᠨ ᠬᠢᠷᠢ ᠪᠦᠲᠦᠮᠵᠢ᠎ᠶᠢ ᠨᠡᠢᠲᠡᠯᠡᠪᠡ
2026-04-21 16:02:43
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

4 ᠰᠠᠷ᠎ᠠ᠎ᠶᠢᠨ 20 ᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠵᠣᠬᠢᠶᠠᠨ ᠪᠠᠶ᠋ᠢᠭᠤᠯᠬᠤ ᠬᠡᠯᠲᠡᠰ ᠠᠯᠪᠠᠨ ᠵᠠᠷᠯᠠᠯ ᠨᠡᠢᠲᠡᠯᠡᠵᠦ᠂ 2026 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠪᠠᠢᠭᠤᠯᠭ᠎ᠠ (ᠠᠯᠪᠠᠲᠠᠨ᠎ᠤ ᠬᠠᠤᠯᠢ ᠪᠡᠷ ᠯᠠᠪᠯᠠᠯᠲᠠ ᠪᠤᠯᠭᠠᠨ ᠬᠠᠮᠢᠶᠠᠷᠬᠤ ᠨᠢᠭᠡᠴᠢ)᠎ᠶᠢᠨ ᠠᠯᠪᠠᠲᠠᠨ ᠢᠯᠡ᠎ᠪᠡᠷ ᠰᠢᠯᠢᠨ ᠰᠣᠩᠭᠣᠬᠤ ᠪᠢᠴᠢᠭ᠎ᠦᠨ ᠰᠢᠯᠭᠠᠯᠲᠠ᠎ᠶᠢᠨ ᠬᠢᠷᠢ ᠪᠦᠲᠦᠮᠵᠢ᠎ᠶᠢ ᠲᠣᠰ ᠡᠳᠦᠷ᠎ᠡᠴᠡ ᠡᠬᠢᠯᠡᠨ ᠪᠠᠢᠴᠠᠭᠠᠨ ᠯᠠᠪᠯᠠᠵᠤ ᠪᠣᠯᠣᠨ᠎ᠠ ᠭᠡᠪᠡ᠃

ᠲᠣᠰ ᠤᠳᠠᠭᠠᠨ᠎ᠤ ᠪᠢᠴᠢᠭ᠎ᠦᠨ ᠰᠢᠯᠭᠠᠯᠲᠠ᠎ᠶᠢᠨ ᠬᠢᠷᠢ ᠪᠦᠲᠦᠮᠵᠢ᠎ᠶᠢᠨ ᠬᠢᠷᠢ ᠲᠡᠩᠴᠡᠬᠦ ᠬᠤᠪᠢ᠎ᠶᠢᠨ ᠱᠤᠭᠤᠮ᠎ᠢ 60 ᠬᠤᠪᠢ᠂ ᠤᠯᠤᠰ ᠲᠥᠷᠥ᠎ᠶᠢᠨ ᠬᠡᠪ ᠪᠣᠯᠪᠠᠰᠤᠷᠠᠯ᠎ᠤᠨ ᠰᠡᠳᠦᠪ (ᠪᠤᠰᠤᠳᠴᠢ ᠰᠡᠳᠦᠪ)᠎ᠦᠨ ᠬᠢᠷᠢ ᠲᠡᠩᠴᠡᠬᠦ ᠬᠤᠪᠢ ᠵᠢᠨ ᠱᠤᠭᠤᠮ᠎ᠢ 20 ᠬᠤᠪᠢ ᠪᠡᠷ ᠲᠣᠭᠲᠠᠭᠠᠪᠠ᠃

ᠬᠢᠷᠢ ᠬᠡᠮ᠎ᠢ ᠳᠠᠬᠢᠨ ᠬᠢᠨᠠᠬᠤ ᠬᠡᠪᠴᠢᠶᠡᠨ᠎ᠳᠦ ᠣᠷᠣᠭᠰᠠᠨ ᠰᠢᠯᠭᠠᠭᠤᠯᠤᠭ᠍ᠴᠢ ᠨᠡᠷ᠎ᠡ ᠮᠡᠳᠡᠭᠦᠯᠬᠦ ᠰᠦᠯᠵᠢᠶᠡᠨ ᠲᠡᠭᠡᠷᠡᠬᠢ ᠮᠡᠳᠡᠭᠳᠡᠯ᠎ᠢ ᠠᠩᠬᠠᠷᠴᠤ᠂ ᠬᠠᠮᠢᠶ᠎ᠠ ᠪᠦᠬᠦᠢ ᠱᠠᠭᠠᠷᠳᠠᠯᠭ᠎ᠠ ᠶᠤᠰᠤᠭᠠᠷ ᠲᠠᠷᠠᠭᠠᠴᠢ᠎ᠶᠢᠨ ᠬᠢᠷᠢ ᠬᠡᠮ᠎ᠦᠨ ᠳᠠᠬᠢᠨ ᠬᠢᠨᠠᠯᠲᠠ ᠪᠠ ᠨᠢᠭᠤᠷᠲᠠᠨ ᠰᠢᠯᠭᠠᠯᠲᠠ᠎ᠳᠤ ᠤᠷᠤᠯᠴᠠᠭᠠᠷᠠᠢ ᠬᠡᠵᠡᠢ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯᠲᠠᠨ᠎ᠤ ᠶᠠᠪᠤᠳᠠᠯ᠎ᠤᠨ ᠰᠢᠯᠭᠠᠯᠲᠠ᠎ᠶᠢᠨ ᠬᠦᠷᠢᠶᠡᠯᠡᠩ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号