ᠭᠠᠭᠴᠠ ᠬᠢᠷᠦᠭᠡ ᠤᠭᠤᠳᠠ ᠮᠤᠳᠤ ᠲᠠᠢ ᠪᠠᠢᠭᠰᠠᠨ ᠡᠴᠡ ᠪᠠᠨ ᠵᠢᠯ ᠤ᠋ᠨ 120 ᠲᠦᠮᠡᠨ ᠲᠦᠬᠦᠷᠢᠭ ᠤ᠋ᠨ ᠪᠤᠷᠤᠯᠠᠭᠤᠯᠭ᠎ᠠ ᠲᠠᠢ ᠪᠤᠯᠵᠠᠢ — ᠮᠠᠯᠴᠢᠨ ᠤᠯᠠᠭᠠᠨᠭᠡᠷᠡᠯ ᠤ᠋ᠨ ᠨᠢᠯᠪᠤᠰᠤ ᠬᠢᠭᠡᠳ ᠢᠨᠢᠶᠡᠳᠦ
2026-04-24 10:29:17
ᠵᠣᠬᠢᠶᠠᠭ᠍ᠴᠢ᠄
​ᠬᠦᠭᠵᠢᠯᠳᠦ ᠴᠤᠪᠤᠭᠤ
ᠣᠩᠱᠢᠭ᠍ᠰᠠᠨ ᠣᠳᠠᠭ᠎ᠠ᠄
★★★☆☆

ᠬᠦᠬᠡᠬᠤᠳᠠ ᠶ᠋ᠢᠨ ᠰᠢᠨ᠎ᠠ ᠬᠤᠳᠠ ᠲᠤᠭᠤᠷᠢᠭ ᠤ᠋ᠨ ᠯᠦᠧᠧ ᠵᠢᠶᠠ ᠶᠢᠩ ᠲᠤᠰᠬᠤᠨ ᠳ᠋ᠤ ᠪᠠᠢᠷᠢᠯᠠᠳᠠᠭ ᠨᠠᠮ ᠰᠡᠯᠡᠬᠦᠬᠡᠨ ᠦᠢᠯᠡᠳᠪᠦᠷᠢ ᠶ᠋ᠢᠨ ᠳᠠᠰᠤᠭ ᠲᠤ᠌ ᠤᠳᠤᠬᠢᠴᠢᠯᠠᠭᠰᠠᠨ ᠰᠢᠨ᠎ᠠ ᠮᠠᠶᠢᠭ ᠤ᠋ᠨ ᠮᠠᠰᠢᠨ ᠵᠤᠭᠰᠤᠯ ᠦᠬᠡᠢ ᠠᠵᠢᠯᠯᠠᠵᠦ᠂ ᠬᠡᠰᠡᠭ ᠬᠡᠰᠡᠭ ᠮᠤᠳᠤᠨ ᠬᠠᠪᠳᠠᠰᠤ ᠶ᠋ᠢ ᠰᠡᠢᠯᠪᠦᠷᠢᠯᠠᠵᠦ ᠭᠠᠷᠭᠠᠨ᠎ᠠ᠃ ᠲᠡᠬᠦᠨ ᠤ᠋ ᠬᠠᠵᠠᠭᠤ ᠪᠡᠷ ᠪᠠᠢᠨ ᠪᠠᠢᠨ ᠤᠴᠢᠵᠦ ᠨᠠᠷᠢᠯᠢᠭ ᠦᠵᠡᠵᠦ ᠨᠢᠮᠪᠠᠢ ᠰᠢᠨᠵᠢᠵᠦ ᠪᠠᠢᠭᠰᠠᠨ ᠨᠢ ᠦᠢᠯᠡᠳᠪᠦᠷᠢ ᠶ᠋ᠢᠨ ᠡᠵᠡᠨ ᠤᠯᠠᠭᠠᠨᠭᠡᠷᠡᠯ ᠪᠠᠢᠯ᠎ᠠ᠃

ᠪᠢᠳᠡ ᠬᠡᠷ ᠲᠤᠨᠢ ᠤᠷᠤᠵᠦ ᠨᠡᠷ᠎ᠠ ᠤᠰᠤ ᠪᠠᠨ ᠮᠡᠳᠡᠯᠴᠡᠨ᠂ ᠦᠢᠯᠡᠳᠪᠦᠷᠢ ᠠᠮᠢᠳᠤᠷᠠᠯ ᠤ᠋ᠨ ᠬᠢᠨᠢ ᠲᠤᠬᠠᠢ ᠵᠤᠭᠤᠭ ᠳᠡᠯᠭᠡᠯ᠎ᠠ᠃


QQ20260424-102722.png


《ᠬᠦᠬᠡᠬᠤᠳᠠ ᠳ᠋ᠤ ᠢᠷᠡᠭᠰᠡᠨ 22 ᠵᠢᠯ ᠤ᠋ᠨ ᠲᠤᠷᠰᠢ ᠵᠦᠭ ᠪᠦᠷᠢ ᠡᠴᠡ ᠭᠡᠷ ᠲᠦᠷᠢᠶᠡᠰᠦᠯᠡᠵᠦ᠂ ᠮᠤᠳᠤᠨ ᠰᠡᠢᠯᠦᠮᠡᠯ ᠬᠢᠵᠦ ᠶᠠᠪᠤᠯ᠎ᠠ》 ᠭᠡᠳ ᠤᠯᠠᠭᠠᠨᠭᠡᠷᠡᠯ᠎ᠬᠦᠨ ᠰᠠᠨᠠᠭ᠎ᠠ ᠠᠯᠳᠠᠭᠰᠠᠨ ᠶ᠋ᠢᠡᠨ᠂ ᠪᠤᠰᠤᠳ ᠬᠡᠨ ᠬᠦᠮᠦᠨ ᠳ᠋ᠤ ᠴᠤ᠌ ᠪᠠᠢᠮᠠᠷ ᠦᠬᠡᠢ ᠰᠦᠰᠦ ᠵᠤᠷᠢᠭ ᠬᠢᠭᠡᠳ ᠰᠦ ᠠᠮᠳᠠᠯᠠᠭᠳᠠᠭᠰᠠᠨ ᠦᠢᠯᠡ ᠤᠴᠠᠷᠠᠯ ᠶ᠋ᠢᠡᠨ ᠰᠡᠬᠦᠪᠡ᠃

ᠤᠷᠳᠤᠰ ᠬᠤᠳᠠ ᠶ᠋ᠢᠨ ᠥᠥᠰᠢᠨ ᠬᠤᠰᠢᠭᠤᠨ ᠤ᠋ ᠭᠠᠯᠠᠭᠤᠳᠤ ᠰᠤᠮᠤ ᠵᠢᠨ ᠰᠠᠷᠠᠭᠤᠯᠨᠤᠲᠤᠭ ᠭᠠᠴᠠᠭᠠᠨ ᠳ᠋ᠤ ᠲᠦᠷᠦᠵᠦ ᠦᠰᠦᠭᠰᠡᠨ ᠤᠯᠠᠭᠠᠨᠭᠡᠷᠡᠯ ᠤ᠋ᠨ ᠬᠤᠪᠢ ᠵᠠᠶᠠᠭ᠎ᠠ᠂ ᠠᠮᠢᠳᠤᠷᠠᠯ ᠤ᠋ᠨ ᠵᠠᠮ ᠨᠢ ᠨᠤᠭᠤᠷᠡᠯ ᠪᠦᠳᠦᠷᠢᠯ ᠶᠡᠬᠡᠳᠡᠢ ᠪᠠᠢᠭᠰᠠᠨ ᠢ᠋ ᠬᠡᠨ ᠮᠡᠳᠡᠯ᠎ᠠ᠃ ᠪᠦᠰᠡᠬᠦᠢ ᠬᠦᠮᠦᠨ ᠤ᠋ ᠵᠠᠶᠠᠭ᠎ᠠ ᠲᠦᠭᠡᠷᠢᠬᠡ ᠬᠡᠬᠦ ᠤᠤ?ᠪᠠᠷᠢᠮᠳᠠᠯᠠᠵᠦ ᠳᠠᠳᠤᠭᠰᠠᠨ ᠵᠠᠩᠰᠢᠯ ᠡᠴᠡ ᠬᠡᠬᠦ ᠤᠤ?ᠪᠤᠤ ᠮᠡᠳᠡ᠂ ᠡᠪᠦᠭᠡ ᠶ᠋ᠢᠨ ᠶ᠋ᠢᠡᠨ ᠰᠠᠨᠠᠭᠠᠴᠢᠯᠠᠭ᠎ᠠ ᠲᠤᠬᠢᠷᠠᠭᠤᠯᠭ᠎ᠠ ᠪᠡᠷ ᠤᠯᠠᠭᠠᠨᠭᠡᠷᠡᠯ 20 ᠨᠠᠰᠤ ᠳᠠᠢ ᠳ᠋ᠠᠭᠠᠨ ᠥᠥᠰᠢᠨ ᠬᠤᠰᠢᠭᠤᠨ ᠤ᠋ ᠰᠦᠯᠳᠡ ᠰᠤᠮᠤ ᠶ᠋ᠢᠨ ᠲᠤᠭᠤᠷᠢᠮ ᠭᠠᠴᠠᠭᠠᠨ ᠤ᠋ ᠨᠢᠭᠡᠨ ᠶᠠᠳᠠᠭᠤ ᠮᠠᠯᠴᠢᠨ ᠤ᠋ ᠳ᠋ᠤ ᠮᠤᠷᠳᠠᠵᠤ ᠂ ᠬᠠᠨᠢ ᠶ᠋ᠢᠨ ᠵᠠᠶᠠᠭ᠎ᠠ ᠲᠦᠰᠢᠵᠠᠢ᠃ ᠲᠤᠬᠠᠢ ᠶ᠋ᠢᠨ ᠦᠶ᠎ᠠ ᠳ᠋ᠤ ᠨᠤᠲᠤᠭ ᠪᠡᠯᠴᠢᠬᠡᠷ ᠭᠡᠬᠦ ᠳ᠋ᠤ ᠶᠠᠭᠠᠬᠢᠬᠤ ᠶ᠋ᠢᠨ ᠠᠷᠭ᠎ᠠ ᠦᠬᠡᠢ ᠡᠯᠡᠰᠦ ᠪᠠᠯᠠᠷ ᠶᠡᠬᠡᠳᠡᠢ᠂ ᠠᠮᠢᠳᠤᠷᠠᠯ ᠤ᠋ᠨ ᠰᠠᠭᠤᠷᠢ ᠨᠢᠮᠬᠡᠨ ᠪᠠᠢᠭᠰᠠᠨ ᠪᠤᠯᠬᠤᠷ ᠤᠷᠠᠨ ᠳᠠᠷᠬᠠᠨ ᠠᠪᠤ ᠶ᠋ᠢᠨ ᠶ᠋ᠢᠡᠨ ᠨᠦᠯᠦᠬᠡ ᠪᠡᠷ ᠮᠤᠳᠤᠨ ᠤᠷᠠᠯᠠᠯ ᠤᠷᠤᠯᠳᠤᠳᠠᠭ ᠤᠯᠠᠭᠠᠨᠭᠡᠷᠡᠯ ᠠᠮᠢᠳᠤᠷᠠᠯ ᠳ᠋ᠠᠭᠠᠨ ᠲᠤᠰᠠ ᠳᠡᠮ ᠪᠤᠯᠬᠤ ᠬᠡᠮᠡᠡ ᠡᠯᠳᠡᠪ ᠮᠤᠳᠤ᠂ ᠭᠤᠷᠭᠤᠤᠯ ᠰᠢᠪᠠᠭᠤᠨ ᠤ᠋ ᠦᠳᠦ ᠪᠡᠷ ᠵᠠᠰᠠᠯ ᠴᠢᠮᠡᠭᠯᠡᠯ ᠤ᠋ᠨ ᠡᠳ᠋ ᠬᠢᠵᠦ᠂ ᠬᠠᠰᠠᠭ ᠲᠡᠷᠭᠡ ᠪᠡᠷ ᠠᠢᠯ ᠳᠠᠷᠠᠭᠠᠯᠠᠨ ᠲᠤᠭᠤᠷᠢᠵᠦ᠂ ᠬᠠᠶᠠ ᠭᠠᠭᠴᠠ ᠬᠤᠶᠠᠷ ᠬᠤᠨᠢ ᠮᠠᠯ ᠰᠤᠯᠢᠳᠠᠭ ᠪᠠᠢᠭᠰᠠᠨ ᠠᠵᠢ᠃

ᠦᠷ᠎ᠠ ᠶ᠋ᠢᠨ ᠵᠠᠶᠠᠭ᠎ᠠ ᠦᠨᠦᠷᠯᠡᠵᠦ᠂ ᠠᠮᠢᠳᠤᠷᠠᠯ ᠶ᠋ᠢᠡᠨ ᠤᠯᠠᠮ ᠦᠬᠡᠳᠡ ᠳᠠᠳᠠᠬᠤ ᠭᠡᠵᠦ ᠤᠯᠠᠭᠠᠨᠭᠡᠷᠡᠯ 29 ᠨᠠᠰᠤ ᠲᠠᠢ ᠵᠢᠯ ᠳ᠋ᠡᠭᠡᠨ ᠬᠡᠷ ᠶ᠋ᠢᠡᠷ ᠶ᠋ᠢᠡᠨ ᠬᠤᠰᠢᠭᠤ ᠤᠷᠤᠵᠦ᠂ ᠰᠤᠯᠠ ᠠᠵᠢᠯ᠂ ᠬᠦᠴᠦᠨ ᠤ᠋ ᠠᠵᠢᠯ᠂ ᠭᠠᠷ ᠤᠷᠠᠯᠠᠯ ᠬᠢᠬᠦ ᠬᠡᠬᠦᠴᠢᠯᠡᠨ ᠠᠮᠢᠳᠤᠷᠠᠯ ᠶ᠋ᠢᠡᠨ ᠳᠡᠭᠡᠭᠰᠢᠯᠡᠬᠦᠯᠬᠦ ᠪᠡᠷ ᠮᠡᠷᠡᠢᠨ ᠵᠢᠳᠬᠦᠪᠠ᠃ ᠬᠡᠬᠦ ᠳ᠋ᠤ ᠨᠦᠬᠦᠷ ᠨᠢ ᠬᠠᠷᠢᠨ ᠤᠯᠠᠮ ᠡᠴᠡ ᠠᠷᠢᠬᠢᠨ ᠳ᠋ᠤ ᠤᠷᠤᠵᠦ᠂ ᠬᠡᠷ ᠪᠦᠯᠢ ᠶ᠋ᠢᠨ ᠡᠶ᠎ᠠ ᠨᠠᠢᠷ ᠨᠢ ᠡᠪᠳᠡᠷᠡᠨ᠂ ᠲᠤᠵᠢ ᠳ᠋ᠠᠭᠠᠨ ᠬᠡᠷᠡᠬᠦᠯ ᠵᠤᠳᠤᠭᠠᠨ ᠦᠷᠬᠦᠯᠵᠢᠯᠡᠬᠦ ᠪᠤᠯᠵᠠᠢ᠃ ᠠᠷᠭ᠎ᠠ ᠮᠤᠬᠤᠷᠳᠠᠵᠦ ᠰᠡᠳᠬᠢᠯ ᠴᠦᠬᠦᠭᠰᠡᠨ ᠤᠯᠠᠭᠠᠨᠭᠡᠷᠡᠯ 35 ᠨᠠᠰᠤ ᠲᠠᠢ ᠵᠢᠯ ᠳ᠋ᠡᠬᠡᠨ ᠤᠷᠤᠭ ᠰᠠᠯᠤᠭᠰᠠᠨ ᠪᠤᠯᠪᠠᠴᠤ ᠬᠠᠮᠢᠭ᠎ᠠ ᠤᠴᠢᠬᠤ ᠪᠠᠨ ᠮᠡᠳᠡᠬᠦ ᠦᠬᠡᠢ ᠲᠡᠨᠦᠵᠦ ᠶᠠᠪᠤᠭᠰᠠᠭᠠᠷ ᠪᠠᠢᠵᠦ᠂ ᠳ᠋ᠦᠩᠱᠧᠩ ᠬᠤᠳᠠ ᠳ᠋ᠤ 1 ᠵᠢᠯ ᠠᠮᠢ ᠵᠢᠭᠤᠯᠭ᠎ᠠ ᠬᠢᠵᠦ ᠰᠠᠭᠤᠭᠰᠠᠨ ᠶ᠋ᠢᠡᠨ ᠬᠡᠥᠬᠡᠳ ᠲᠡᠭᠡᠨ ᠠᠮᠤᠷ ᠲᠤᠭᠳᠠᠭᠤᠨ ᠰᠤᠷᠤᠯᠭ᠎ᠠ ᠠᠮᠢᠳᠤᠷᠠᠯ ᠤ᠋ᠨ ᠤᠷᠴᠢᠨ ᠲᠠᠢ ᠪᠤᠯᠭᠠᠬᠤ ᠭᠡᠵᠦ ᠬᠤᠶᠠᠷ ᠬᠡᠥᠬᠡᠳ ᠶ᠋ᠢᠡᠨ ᠠᠪᠤ ᠡᠵᠢ ᠳ᠋ᠡᠭᠡᠨ ᠨᠠᠢᠳᠠᠵᠦ᠂ ᠭᠠᠭᠴᠠ ᠤᠭᠤᠳᠠ ᠠᠷᠴᠠ ᠶ᠋ᠢᠨ ᠮᠤᠳᠤ ᠪᠤᠯᠤᠨ ᠭᠠᠭᠴᠠ ᠬᠢᠷᠦᠭᠡ ᠪᠠᠨ ᠡᠬᠦᠷᠤᠨ ᠭᠠᠭᠴᠠᠭᠠᠷ ᠶ᠋ᠢᠡᠨ ᠬᠦᠬᠡᠬᠤᠳᠠ ᠶ᠋ᠢ ᠵᠤᠷᠢᠭᠰᠠᠨ ᠨᠢ 22 ᠵᠢᠯ ᠤ᠋ᠨ ᠡᠮᠦᠨᠡᠬᠢ ᠤᠴᠢᠷ ᠶᠤᠮᠰᠠᠨ᠃


QQ20260424-102803.png


ᠬᠦᠬᠡᠬᠤᠳᠠ ᠳ᠋ᠤ ᠢᠷᠡᠮᠡᠭᠴᠡ ᠰᠠᠢᠬᠠᠨ ᠲᠤᠭᠤᠷᠢᠭ ᠤ᠋ᠨ ᠬᠠᠷ᠎ᠠ ᠪᠤᠳᠠ ᠲᠤᠰᠬᠤᠨ(ᠤᠳᠤ ᠶ᠋ᠢᠨ ᠵᠡᠬᠦᠨ ᠸᠠᠨ ᠳ᠋ᠠ ᠠᠭᠤᠳᠠᠮ ᠳᠠᠯᠠᠪᠠᠢ) ᠳ᠋ᠦ ᠬᠡᠷ ᠲᠦᠷᠢᠶᠡᠰᠦᠯᠡᠨ᠂ ᠭᠠᠭᠴᠠ ᠬᠤᠶᠠᠷ ᠮᠤᠳᠤᠨ ᠰᠡᠢᠯᠦᠮᠡᠯ ᠬᠢᠵᠦ ᠳᠠᠨᠢᠯ ᠬᠦᠮᠦᠨ ᠤ᠋ ᠳᠡᠯᠭᠡᠭᠦᠷ ᠲᠤ᠌ ᠳᠠᠯᠪᠢᠨ ᠬᠤᠳᠠᠯᠳᠤᠵᠦ᠂ ᠠᠢᠯ ᠤ᠋ᠨ ᠲᠠᠷᠢᠶᠠᠨ ᠭᠠᠵᠠᠷ ᠡᠴᠡ ᠠᠷᠭᠠᠯ ᠳᠡᠬᠦᠵᠦ ᠲᠦᠯᠡᠰᠢ ᠪᠤᠯᠭᠠᠨ᠂ ᠦᠷᠯᠦᠬᠡ ᠪᠠᠢᠪᠠᠯ ᠦᠳᠡᠰᠢ ᠦᠬᠡᠢ᠂ ᠦᠨᠦᠳᠦᠷ ᠪᠠᠢᠪᠡᠯ ᠮᠠᠷᠭᠠᠰᠢ ᠦᠬᠡᠢ ᠰᠢᠷ᠎ᠠ ᠡᠳᠦᠷ ᠪᠤᠷᠤ ᠬᠤᠨᠤᠭ ᠢ᠋ 《ᠦᠷ᠎ᠠ ᠶ᠋ᠢᠡ ᠶ᠋ᠢᠡᠨ ᠲᠦᠯᠦᠬᠡ》 ᠭᠡᠰᠡᠨ ᠭᠠᠭᠴᠠ ᠵᠤᠷᠢᠭ ᠶ᠋ᠢᠡᠷ ᠰᠢᠳᠦ ᠵᠠᠭᠤᠨ ᠨᠦᠭᠴᠢᠭᠡᠵᠦ ᠶᠠᠪᠤᠵᠠᠢ᠃ ᠬᠤᠶᠠᠷ ᠬᠡᠥᠬᠡᠨ ᠶ᠋ᠢᠡᠨ ᠬᠠᠵᠠᠭᠤ ᠳ᠋ᠠᠭᠠᠨ ᠠᠪᠴᠢᠷᠠᠵᠦ᠂ ᠰᠡᠳᠬᠢᠯ᠎ᠠᠯᠭᠠᠰᠠᠯ ᠦᠬᠡᠢ ᠪᠡᠷ ᠠᠵᠢᠯ ᠬᠦᠳᠡᠯᠮᠦᠷᠢ ᠬᠢᠵᠦ ᠪᠤᠯᠬᠤ ᠪᠤᠯᠤᠭᠰᠠᠨ ᠶ᠋ᠢᠡᠷ ᠲᠡᠷᠡ ᠪᠦᠯᠬᠦᠮᠳᠡᠯ ᠰᠠᠭᠤᠭᠠᠯᠢ ᠲᠤᠭᠤᠷᠢᠭ ᠲᠤ᠌ 《ᠬᠤᠯᠠ ᠶ᠋ᠢᠨ ᠬᠦᠳᠡᠭᠡ》 ᠬᠡᠮᠡᠬᠦ 3 ᠰᠢᠷᠡᠭᠡ ᠲᠠᠢ ᠵᠢᠵᠢᠭᠬᠡᠨ ᠬᠤᠭᠤᠯᠠᠨ ᠬᠡᠷ ᠡᠷᠬᠢᠯᠡᠪᠡ᠃ 《ᠲᠡᠷᠡ ᠨᠢ ᠵᠦᠪᠬᠡᠨ ᠬᠡᠥᠬᠡᠳ ᠲᠠᠢ ᠪᠠᠨ ᠠᠮᠢᠳᠤᠷᠠᠯ ᠶ᠋ᠢᠡᠨ ᠠᠷᠭᠠᠴᠠᠭᠠᠬᠤ ᠵᠦᠢᠯ ᠯᠡ ᠪᠠᠢᠭᠰᠠᠨ ᠲᠡᠳᠦᠢ᠂ ᠵᠢᠯ ᠭᠠᠷᠤᠢ ᠬᠢᠭᠡᠳ ᠶᠠᠭᠠᠬᠢᠭᠰᠠᠨ ᠴᠤ᠌ ᠦᠪᠡᠷ ᠤ᠋ᠨ ᠲᠤᠷᠠᠳᠠᠢ ᠪᠠᠬᠠᠳᠠᠢ ᠵᠦᠢᠯ ᠶ᠋ᠢᠡᠨ ᠬᠢᠶ᠎ᠠ ᠭᠡᠵᠦ ᠪᠤᠳᠤᠭᠠᠳ ᠬᠤᠭᠤᠯᠠᠨ ᠬᠡᠷ ᠶ᠋ᠢᠡᠨ ᠵᠤᠭᠰᠤᠭᠠᠴᠢᠬᠠᠭᠰᠠᠨ᠂ ᠨᠠᠳᠠ ᠳ᠋ᠤ ᠲᠤᠰᠠ ᠪᠤᠯᠬᠤ ᠭᠡᠵᠦ ᠠᠪᠤ ᠮᠢᠨᠢ 700 ᠲᠦᠬᠦᠷᠢᠭ ᠶ᠋ᠢᠡᠷ ᠬᠠᠭᠤᠴᠢᠨ ᠴᠠᠬᠢᠯᠭᠠᠨ ᠬᠢᠷᠦᠭᠡ ᠠᠪᠴᠤ ᠦᠭᠬᠦᠭᠰᠡᠨ ᠶᠤᠮ》 ᠬᠡᠵᠤ ᠤᠯᠠᠭᠠᠨᠭᠡᠷᠡᠯ ᠡᠷᠬᠢᠴᠡᠬᠦᠯᠬᠦ ᠳ᠋ᠤ ᠬᠤᠭᠤᠯᠠᠢ ᠨᠢ ᠵᠠᠩᠬᠢᠷᠠᠵᠤ ᠭᠠᠷᠤᠯ᠎ᠠ᠃

ᠲᠡᠭᠡᠵᠦ ᠦᠪᠡᠷ ᠤ᠋ᠨ ᠪᠠᠭ᠎ᠠ ᠰᠠᠭ᠎ᠠ ᠬᠤᠷᠠᠮᠳᠤᠭᠤᠯᠭ᠎ᠠ ᠪᠠᠨ ᠭᠠᠷᠭᠠᠨ ᠪᠠᠭᠠᠵᠢ ᠬᠡᠷᠡᠭᠰᠡᠯ ᠠᠪᠴᠤ᠂ ᠵᠢᠷᠠ ᠭᠠᠷᠤᠭᠰᠠᠨ ᠨᠢᠭᠡ ᠡᠪᠦᠭᠡᠨ ᠢ᠋ ᠡᠳᠦᠷ ᠲᠤ᠌ 50 ᠲᠦᠬᠦᠷᠢᠭ ᠶ᠋ᠢᠡᠷ ᠬᠦᠯᠦᠰᠦᠯᠡᠨ᠂ ᠭᠠᠷ ᠤᠷᠠᠯᠠᠯ ᠤ᠋ᠨ ᠦᠢᠯᠡᠳᠪᠦᠷᠢ ᠶ᠋ᠢᠨ ᠵᠢᠡᠨ ᠠᠩᠬᠠᠨ ᠤ᠋ ᠰᠠᠭᠤᠷᠢ ᠵᠢ ᠳᠠᠯᠪᠢᠵᠠᠢ᠃ ᠲᠡᠭᠡᠬᠦ ᠳ᠋ᠤ ᠨᠤᠲᠤᠭ ᠡᠴᠡ ᠪᠠᠨ ᠡᠬᠦᠷᠴᠦ ᠢᠷᠡᠭᠰᠡᠨ ᠠᠷᠴᠠ ᠶ᠋ᠢᠨ ᠮᠤᠳᠤᠨ ᠤ᠋ ᠪᠠᠨ ᠬᠠᠭᠠᠰ ᠢ᠋ ᠨᠢ ᠬᠡᠷᠡᠭᠯᠡᠨ ᠬᠦᠬᠦᠷ ᠬᠢᠵᠦ ᠬᠤᠳᠠᠯᠳᠤᠭᠠᠳ ᠵᠢᠭᠠᠬᠠᠨ ᠦᠭᠡᠳᠡ ᠲᠠᠢ ᠪᠤᠯᠵᠦ ᠢᠷᠡᠭᠰᠡᠨ ᠪᠤᠯᠪᠠᠴᠤ ᠬᠤᠶᠠᠷ ᠬᠡᠥᠬᠡᠨ ᠤ᠋ ᠰᠤᠷᠤᠯᠭ᠎ᠠ ᠶ᠋ᠢᠨ ᠰᠦᠢᠳᠬᠡᠯ ᠢ᠋ ᠲᠦᠯᠦᠬᠦ ᠬᠡᠵᠦ ᠪᠠᠰᠠ ᠯᠠ ᠭᠠᠷ ᠨᠤᠬᠤᠯᠠᠨ ᠭᠠᠴᠢᠭᠳᠠᠵᠦ ᠡᠬᠢᠯᠡᠵᠡᠢ᠃ ᠲᠡᠭᠡᠭᠡᠳ ᠳᠠᠨᠢᠯ ᠬᠦᠮᠦᠨ ᠤ᠋ ᠳᠠᠨᠢᠯᠴᠠᠭᠤᠯᠭ᠎ᠠ ᠪᠡᠷ ᠬᠤᠶᠠᠷ ᠬᠡᠥᠬᠡᠨ ᠶ᠋ᠢᠡᠨ ᠳᠠᠭᠠᠭᠤᠯᠤᠨ ᠭᠠᠨᠰᠤ ᠮᠤᠵᠢ ᠳ᠋ᠤ ᠬᠦᠷᠴᠦ᠂ ᠰᠠᠷ᠎ᠠ ᠳ᠋ᠤ 3500 ᠲᠦᠬᠦᠷᠢᠭ ᠤ᠋ᠨ ᠴᠠᠯᠢᠩ ᠦᠭᠬᠦ ᠬᠡᠯᠡᠯᠴᠡᠭᠡᠷ ᠶ᠋ᠢᠡᠷ ᠭᠠᠷ ᠤᠷᠠᠯᠠᠯ ᠤ᠋ᠨ ᠦᠢᠯᠡᠳᠪᠦᠷᠢ ᠳ᠋ᠤ ᠠᠵᠢᠯᠯᠠᠭᠰᠠᠨ ᠶᠤᠮ᠃ 《ᠲᠡᠷᠡ ᠦᠶ᠎ᠠ ᠳ᠋ᠤ ᠮᠢᠨᠤ ᠬᠤᠶᠠᠷ ᠬᠡᠥᠬᠡᠨ ᠨᠠᠳᠠ ᠳ᠋ᠤ ᠬᠠᠪᠰᠤᠷᠤᠭᠠᠳ ᠠᠵᠦ ᠬᠢᠴᠢᠬᠡᠨ᠎ᠠ᠂ ᠬᠡᠶ᠎ᠠ ᠪᠤᠳᠠᠭᠠᠨ ᠳ᠋ᠤᠨᠢ ᠴᠠᠳᠬᠤ ᠦᠬᠡᠢ᠂ ᠪᠠᠰᠠ ᠳᠠᠳᠬᠤ ᠦᠬᠡᠢ ᠦᠨᠡᠬᠡᠷ ᠬᠡᠴᠡᠬᠦᠦ ᠪᠠᠢᠭᠰᠠᠨ》 ᠭᠡᠳ ᠤᠯᠠᠭᠠᠨᠭᠡᠷᠡᠯ ᠤ᠋ᠨ ᠨᠢᠳᠦ ᠨᠢ ᠵᠠᠢᠷᠳᠤᠯ᠎ᠠ᠃ ᠨᠢᠭᠡ ᠰᠠᠷ᠎ᠠ ᠶ᠋ᠢᠨ ᠠᠵᠢᠯ ᠳᠠᠭᠤᠰᠴᠤ ᠬᠠᠷᠢᠵᠦ ᠢᠷᠡᠬᠦ ᠬᠡᠬᠦ ᠳ᠋ᠤᠨᠢ ᠰᠢᠨᠡᠯᠡᠬᠦ ᠤᠢᠷᠠᠳᠤᠭᠰᠠᠨ ᠡᠴᠡ ᠲᠡᠷᠭᠡᠨ ᠪᠢᠯᠧᠲ ᠤᠯᠳᠠᠬᠤ ᠪᠠᠨ ᠪᠠᠢᠴᠢᠬᠠᠵᠦ᠂ ᠠᠷᠭ᠎ᠠ ᠪᠤᠰᠤ ᠭᠤᠷᠪᠠᠭᠤᠯᠠ ᠪᠠᠨ 《ᠰᠡᠬᠦᠳᠡᠷ ᠡᠴᠡ ᠪᠠᠨ ᠦᠬᠡᠷ᠎ᠠ ᠨᠦᠬᠦᠷ ᠦᠬᠡᠢ᠂ ᠰᠡᠬᠦᠯ ᠡᠴᠡ ᠪᠠᠨ ᠦᠬᠡᠷ᠎ᠠ ᠳᠠᠰᠢᠭᠤᠷ ᠦᠬᠡᠢ》 ᠬᠦᠨᠳᠡᠯᠡᠨ ᠤ᠋ ᠭᠠᠵᠠᠷ ᠨᠢᠭᠡᠨ ᠴᠠᠭᠠᠨ ᠰᠠᠷ᠎ᠠ ᠶ᠋ᠢ ᠦᠩᠭᠡᠷᠡᠬᠦᠯᠵᠡᠢ᠃


QQ20260424-102820.png


ᠴᠠᠭᠠᠨ ᠰᠠᠷ᠎ᠠ ᠦᠩᠭᠡᠷᠡᠵᠦ ᠬᠠᠷᠢᠵᠦ ᠢᠷᠡᠭᠰᠡᠨ ᠤ᠋ ᠪᠡᠨ ᠳᠠᠷᠠᠭ᠎ᠠ᠂ ᠭᠠᠨᠰᠤ ᠮᠤᠵᠢ ᠶ᠋ᠢᠨ ᠪᠠᠰᠠ ᠨᠢᠭᠡᠨ ᠮᠤᠳᠤᠨ ᠡᠳ᠋ᠯᠡᠯ ᠤ᠋ᠨ ᠦᠢᠯᠡᠳᠪᠦᠷᠢ ᠶ᠋ᠢᠨ ᠡᠵᠡᠨ ᠤᠯᠠᠭᠠᠨᠭᠡᠷᠡᠯ ᠤ᠋ᠨ ᠬᠢᠭᠰᠡᠨ ᠡᠳ᠋ ᠢ᠋ ᠦᠵᠡᠵᠦ ᠲᠡᠬᠦᠨ ᠢ᠋ ᠦᠢᠯᠡᠳᠪᠦᠷᠢ ᠳ᠋ᠡᠭᠡᠨ ᠬᠡᠷᠡᠭᠯᠡᠬᠦ ᠪᠡᠷ ᠤᠷᠢᠪᠠ᠃ ᠡᠬᠢᠨ ᠳ᠋ᠡᠭᠡᠨ ᠰᠠᠷ᠎ᠠ ᠳ᠋ᠤ 5000 ᠲᠦᠬᠦᠷᠢᠭ ᠦᠭᠬᠦ ᠪᠡᠷ ᠲᠤᠬᠢᠷᠠᠭᠰᠠᠨ ᠪᠤᠯᠪᠠᠴᠤ ᠤᠴᠢᠭᠰᠠᠨ ᠤ᠋ ᠬᠢᠨᠢ ᠳᠠᠷᠠᠭ᠎ᠠ ᠤᠯᠠᠭᠠᠨᠭᠡᠷᠡᠯ ᠢ᠋ ᠤᠷᠲᠦ ᠬᠤᠭᠤᠴᠠᠭ᠎ᠠ ᠵᠠᠷᠤᠬᠤ ᠶ᠋ᠢ ᠪᠤᠳᠤᠵᠦ᠂ ᠴᠠᠯᠢᠩ ᠬᠦᠯᠦᠰᠦ ᠶ᠋ᠢ ᠨᠢ ᠶᠡᠷᠦ ᠨᠢ ᠪᠠᠭ᠎ᠠ ᠪᠠᠭ᠎ᠠ ᠪᠡᠷ ᠬᠤᠢᠰᠢᠯᠠᠭᠤᠯᠤᠨ ᠦᠭᠳᠡᠭ ᠪᠤᠯᠵᠠᠢ᠃ ᠲᠡᠭᠡᠬᠦ ᠳ᠋ᠤ ᠪᠤᠳᠤᠯᠭ᠎ᠠ ᠴᠢᠩᠭ᠎ᠠ ᠤᠯᠠᠭᠠᠨᠭᠡᠷᠡᠯ ᠤᠯᠤᠭᠰᠠᠨ ᠵᠤᠭᠤᠰ ᠶ᠋ᠢᠡᠷ ᠶ᠋ᠢᠡᠨ ᠭᠠᠨᠰᠤ ᠳ᠋ᠤ ᠤᠨᠴᠠ ᠪᠠᠢᠳᠠᠭ ᠬᠠᠳᠠᠭᠤ ᠤᠯᠠᠭᠠᠨ ᠮᠤᠳᠤ ᠶ᠋ᠢ ᠨᠢᠭᠡ ᠲᠡᠷᠭᠡ ᠬᠤᠳᠠᠯᠳᠤᠨ ᠠᠪᠴᠤ᠂ ᠠᠷᠭ᠎ᠠ ᠰᠦᠪᠡᠭᠴᠢᠯᠡᠨ ᠬᠦᠬᠡᠬᠤᠳᠠ ᠳ᠋ᠤ ᠠᠪᠴᠤ ᠢᠷᠡᠭᠰᠡᠨ ᠨᠢ ᠳᠡᠪᠰᠢ ᠬᠢᠬᠦ ᠳ᠋ᠤ ᠶᠡᠬᠡ ᠲᠤᠬᠢᠷᠠᠮᠵᠢᠳᠠᠢ ᠮᠦᠷᠳᠡᠭᠡᠨ ᠦᠢᠯᠡᠳᠪᠦᠷᠢ ᠶ᠋ᠢᠨ ᠬᠢᠨᠢ ᠠᠩᠬᠠᠨ ᠤ᠋ ᠪᠡᠯᠡ ᠪᠤᠯᠵᠠᠢ᠃

ᠳᠠᠬᠢᠵᠦ ᠬᠠᠷᠢᠵᠦ ᠢᠷᠡᠭᠡᠳ 2006 ᠤᠨ ᠤ᠋ ᠦᠶ᠎ᠠ ᠡᠴᠡ ᠮᠤᠳᠤᠨ ᠰᠡᠢᠯᠦᠮᠡᠯ ᠶ᠋ᠢᠡᠨ ᠰᠢᠭᠤᠳᠪᠤᠷᠢᠳᠠᠢ ᠬᠢᠵᠦ ᠶᠠᠪᠤᠵᠠᠢ᠃ 《ᠲᠡᠷᠡ ᠦᠶ᠎ᠠ ᠳ᠋ᠤ ᠪᠢ ᠦᠨᠡᠬᠡᠷ ᠵᠤᠪᠠᠯᠠᠩ ᠤ᠋ᠨ ᠶᠡᠬᠡ ᠶ᠋ᠢ ᠠᠮᠰᠠᠭᠰᠠᠨ᠂ ᠶᠠᠭᠠᠬᠢᠵᠦ ᠪᠠᠢᠭᠰᠠᠨ ᠴᠤ᠌ ᠬᠤᠶᠠᠷ ᠬᠡᠥᠬᠡᠳ ᠶ᠋ᠢᠡᠨ ᠁》 ᠭᠡᠵᠤ ᠤᠯᠠᠭᠠᠨᠭᠡᠷᠡᠯ ᠦᠩᠬᠡᠷᠡᠭᠰᠡᠨ ᠤ᠋ ᠬᠠᠯᠠ ᠵᠤᠪᠠᠯᠠᠩ ᠵᠢᠡᠨ ᠡᠷᠬᠢᠴᠡᠬᠦᠯᠬᠦ ᠳ᠋ᠤ ᠦᠬᠡ ᠨᠢ ᠲᠠᠰᠤᠳᠠᠨ ᠮᠡᠭᠰᠢᠵᠤ ᠭᠠᠷᠤᠯ᠎ᠠ᠃ ᠪᠠᠯᠴᠢᠷ ᠨᠠᠰᠤᠨ ᠡᠴᠡ ᠪᠠᠨ ᠢᠯᠡᠬᠦᠦ ᠲᠦᠬᠦᠬᠡ ᠰᠠᠭᠤᠭᠰᠠᠨ ᠬᠤᠶᠠᠷ ᠬᠡᠥᠬᠡᠨ ᠨᠢ ᠡᠪᠦᠯ ᠵᠤᠨ ᠤ᠋ ᠴᠢᠯᠦᠬᠡ ᠳᠠᠯᠪᠢᠮᠠᠭᠴᠠ ᠡᠵᠢ ᠳ᠋ᠡᠭᠡᠨ ᠬᠠᠮᠵᠢᠨ ᠮᠤᠳᠤᠨ ᠰᠡᠢᠯᠦᠮᠠᠯ ᠬᠢᠳᠡᠭ ᠪᠠᠢᠭᠰᠠᠨ ᠢ᠋ ᠨᠢ ᠤᠯᠠᠭᠠᠨᠭᠡᠷᠡᠯ 《ᠦᠪᠡᠷ ᠶ᠋ᠢᠡᠨ ᠰᠤᠶᠤᠯ ᠤ᠋ᠨ ᠪᠠᠯᠠᠢ ᠶᠤᠮ᠂ ᠬᠡᠥᠬᠡᠳ ᠲᠡᠭᠡᠨ ᠢᠯᠡᠬᠦᠦ ᠨᠢᠭᠡ ᠶᠠᠭᠤᠮ᠎ᠠ ᠰᠤᠷᠭᠠᠶ᠎ᠠ》 ᠬᠡᠰᠡᠨ ᠴᠢᠩᠭ᠎ᠠ ᠪᠤᠳᠤᠯ ᠢ᠋ ᠪᠠᠷᠢᠮᠳᠠᠯᠠᠵᠤ ᠶᠠᠫᠤᠨ ᠬᠡᠯᠡ ᠰᠤᠷᠭᠠᠭᠰᠠᠨ ᠨᠢ ᠬᠤᠶᠠᠷ ᠬᠡᠥᠬᠡᠨ ᠤ᠋ ᠬᠢᠨᠢ ᠠᠵᠢᠯ ᠰᠤᠷᠤᠯᠭ᠎ᠠ ᠳ᠋ᠤ ᠳᠠᠷᠳᠠᠩ ᠵᠠᠮ ᠳᠡᠪᠢᠰᠴᠤ ᠦᠭᠴᠡᠢ᠃《ᠮᠢᠨᠤ ᠬᠤᠶᠠᠷ ᠬᠡᠥᠬᠡᠨ ᠪᠠᠰᠠ ᠰᠠᠢᠨ ᠴᠢᠷᠮᠠᠢᠯ᠎ᠠ᠂ ᠦᠨᠳᠦᠷ ᠲᠤᠮᠳᠠᠳᠦ ᠪᠠᠨ ᠳᠡᠬᠦᠰᠤᠬᠡᠳ ᠬᠤᠶᠠᠭᠤᠯᠠ ᠪᠠᠨ ᠶᠠᠫᠤᠨ ᠳ᠋ᠤ ᠶᠠᠪᠤᠬᠤ ᠪᠡᠷ ᠪᠤᠯᠤᠭᠰᠠᠨ᠂ ᠨᠢᠭᠡ ᠬᠤᠭᠤᠴᠠᠭᠠᠨ ᠤ᠋ ᠰᠤᠷᠤᠯᠭ᠎ᠠ ᠶ᠋ᠢᠨ ᠰᠦᠢᠳᠬᠡᠯ ᠨᠢ 5 ᠲᠦᠮᠡ ᠭᠠᠷᠤᠢ ᠲᠦᠭᠦᠷᠢᠭ᠂ ᠪᠢ ᠪᠦᠷ ᠵᠢᠭᠡᠯᠡᠯᠭᠡ ᠵᠢᠬᠡᠯᠡᠵᠦ ᠲᠦᠯᠦᠭᠰᠡᠨ ᠶᠤᠮ》ᠭᠡᠳ ᠤᠯᠠᠭᠠᠨᠭᠡᠷᠡᠯ ᠤᠮᠤᠭᠰᠢᠯ ᠳᠠᠢ ᠬᠡᠯᠡᠨ᠎ᠠ᠃

ᠬᠦᠬᠡᠬᠤᠳᠠ ᠭᠡᠵᠦ ᠲᠦᠮᠡ ᠲᠦᠴᠢᠬᠢᠨᠡᠵᠦ ᠪᠤᠮᠠ ᠪᠤᠵᠢᠬᠢᠨᠠᠭᠰᠠᠨ ᠬᠦᠯ ᠶᠡᠬᠡᠳᠡᠢ ᠭᠠᠵᠠᠷ᠂ ᠬᠦᠮᠦᠨ ᠤᠯᠠᠨ ᠤ᠋ ᠲᠤᠮᠳᠠ ᠰᠠᠷᠪᠠᠢᠭᠰᠠᠨ ᠪᠦᠬᠦᠨ ᠶ᠋ᠢᠡᠨ ᠠᠪᠴᠤ ᠴᠢᠳᠠᠳᠠᠭ ᠪᠡᠯᠡ ᠲᠠᠢ ᠠᠪᠤ ᠶ᠋ᠢᠨ ᠬᠦᠦ ᠮᠤᠩ ᠦᠬᠡᠢ ᠴᠤ᠌ ᠲᠡᠬᠦᠨ ᠤ᠋ ᠲᠤᠮᠳᠠ ᠤᠯᠠᠭᠠᠨᠭᠡᠷᠡᠯ ᠰᠢᠭ᠋ ᠭᠠᠭᠴᠠ ᠪᠡᠶ᠎ᠠ ᠪᠦᠰᠡᠬᠦᠢ ᠬᠤᠶᠠᠷ ᠭᠠᠷ ᠬᠤᠭᠤᠰᠤᠨ ᠨᠢᠳᠤᠷᠭ᠎ᠠ ᠪᠡᠷ ᠬᠤᠶᠠᠷ ᠬᠡᠥᠬᠡᠳ ᠶ᠋ᠢᠡᠨ ᠬᠦᠮᠦᠨ ᠤ᠋ ᠳᠠᠢᠳᠠᠢ ᠦᠰᠭᠡᠵᠦ ᠬᠠᠷᠢ ᠬᠦᠷᠦᠨ ᠳ᠋ᠤ ᠰᠤᠷᠤᠯᠴᠠᠭᠤᠯᠵᠦ ᠴᠢᠳᠠᠳᠠᠭ ᠨᠢ ᠬᠡᠨ ᠬᠦᠮᠦᠨ ᠪᠤᠯᠭᠠᠨ ᠪᠡᠶᠡᠯᠡᠬᠦᠯᠵᠦ ᠴᠢᠳᠠᠳᠠᠭ ᠵᠦᠢᠯ ᠪᠢᠰᠢ ᠶᠤᠮ᠃

《 ᠤᠳᠤ ᠮᠢᠨᠤ ᠦᠢᠯᠡᠳᠪᠦᠷᠢ ᠠᠷᠪᠠᠭᠠᠳ ᠲᠤᠭᠳᠠᠭᠰᠠᠨ ᠠᠵᠢᠯᠴᠢᠨ ᠲᠠᠢ᠂ ᠵᠢᠯ ᠳ᠋ᠤ 120 ᠲᠦᠮᠡ ᠭᠠᠷᠤᠢ ᠳᠦᠬᠦᠷᠢᠭ ᠤ᠋ᠨ ᠪᠤᠷᠤᠯᠠᠭᠤᠯᠭ᠎ᠠ ᠲᠠᠢ ᠪᠤᠯᠵᠤ᠂ ᠶᠡᠬᠡ ᠬᠡᠥᠬᠡᠨ ᠶᠠᠫᠤᠨ ᠳ᠋ᠤ ᠠᠮᠢᠳᠤᠷᠠᠨ᠂ ᠪᠠᠭ᠎ᠠ ᠬᠡᠥᠬᠡᠨ ᠬᠡᠷ ᠪᠦᠯᠢ ᠪᠡᠷ ᠵᠢᠡᠨ ᠨᠠᠳᠠ ᠳ᠋ᠤ ᠬᠠᠨᠢ ᠪᠤᠯᠵᠦ ᠬᠦᠬᠡᠬᠤᠳᠠ ᠳ᠋ᠤ ᠠᠵᠤ ᠲᠦᠷᠦᠵᠤ ᠪᠠᠢᠨ᠎ᠠ᠃ ᠤᠳᠤ ᠶᠤᠰᠤᠳᠠᠢ ᠠᠮᠢᠳᠤᠷᠠᠯ ᠤ᠋ᠨ ᠵᠢᠷᠭᠠᠯ ᠢ᠋ ᠡᠳ᠋ᠯᠡᠵᠤ ᠪᠠᠢᠨ᠎ᠠ ᠰᠢᠤ!》 ᠬᠡᠵᠤ ᠬᠡᠯᠡᠬᠦ ᠳ᠋ᠤ ᠤᠯᠠᠭᠠᠨᠭᠡᠷᠡᠯ ᠤ᠋ᠨ ᠴᠢᠷᠠᠢ ᠳ᠋ᠤ ᠪᠠᠶᠠᠷ ᠵᠢᠷᠭᠠᠯ ᠤ᠋ᠨ ᠢᠨᠢᠶᠡᠳᠤ ᠪᠢᠯᠬᠠᠨ᠎ᠠ᠃ 《ᠵᠤᠪᠠᠭᠤᠷᠢ ᠵᠢᠨ ᠦᠵᠦᠬᠦᠷ ᠵᠢᠷᠭᠠᠯ᠂ ᠵᠦᠳᠡᠬᠦᠷᠢ ᠵᠢᠨ ᠦᠵᠦᠬᠦᠷ ᠴᠡᠩᠬᠡᠯ》ᠬᠡᠭᠴᠢ ᠡᠨᠡ ᠪᠢᠯᠢᠤ⁈

ᠲᠡᠳᠡᠨ ᠤ᠋ ᠬᠢᠵᠦ ᠪᠠᠢᠭ᠎ᠠ ᠮᠤᠳᠤᠨ ᠳᠡᠪᠰᠢ᠂ ᠰᠢᠷᠡᠭᠡ ᠰᠠᠨᠳᠠᠯᠢ᠂ ᠮᠤᠳᠤᠨ ᠫᠢᠯᠠ᠂ ᠮᠢᠬᠠᠨ ᠤ᠋ ᠡᠯᠬᠦᠬᠦᠷ᠂ ᠵᠠᠰᠠᠯ ᠤ᠋ᠨ ᠬᠠᠢᠷᠴᠠᠭ᠂ ᠠᠪᠳᠠᠷ᠎ᠠ ᠬᠤᠷᠭᠤ ᠡᠴᠡ ᠠᠪᠤᠭᠠᠳ ᠬᠠᠰᠠᠭ ᠲᠡᠷᠭᠡ᠂ ᠮᠤᠨᠭᠭᠤᠯ ᠬᠡᠷ ᠵᠡᠷᠭᠡ ᠤᠯᠠᠨ ᠲᠦᠷᠦᠯ ᠤ᠋ᠨ ᠪᠦᠳᠦᠭᠡᠭᠳᠡᠬᠦᠨ ᠨᠢ ᠦᠪᠦᠷ ᠮᠤᠨᠭᠭᠤᠯ ᠲᠡᠳᠤᠢ ᠦᠬᠡᠢ ᠭᠠᠨᠰᠤ᠂ ᠰᠢᠨᠵᠢᠶᠡᠩ᠂ ᠴᠢᠨᠠᠭᠰᠢᠯᠠᠪᠠᠯ ᠮᠤᠨᠭᠭᠤᠯ ᠤᠯᠤᠰ ᠲᠤ᠌ ᠪᠤᠷᠤᠯᠠᠭᠤᠯᠤᠭᠳᠠᠵᠦ᠂ ᠪᠦᠳᠦᠭᠡᠭᠳᠡᠬᠦᠨ ᠤ᠋ ᠶᠠᠰᠤ ᠴᠢᠨᠠᠷ ᠬᠢᠭᠡᠳ ᠦᠨᠡᠨᠴᠢ ᠢᠳᠡᠬᠡᠮᠵᠢ ᠪᠡᠷ ᠵᠢᠡᠨ ᠬᠡᠷᠡᠭᠯᠡᠭᠴᠢᠳ ᠤ᠋ᠨ ᠬᠦᠷᠢᠶᠡᠯᠡᠯ ᠢ᠋ ᠤᠯᠵᠦ ᠶᠠᠪᠤᠨ᠎ᠠ᠃ ᠲᠡᠬᠡᠬᠦ ᠳ᠋ᠤ ᠤᠯᠠᠭᠠᠨᠭᠡᠷᠡᠯ ᠦᠢᠯᠡᠳᠪᠦᠷᠢᠯᠡᠯ ᠶ᠋ᠢᠡᠨ ᠤᠯᠠᠮ ᠦᠷᠭᠡᠳᠬᠡᠵᠦ᠂ ᠬᠡᠵᠢᠶᠡᠳᠡ ᠪᠡᠯᠡᠨ ᠪᠠᠷᠠᠭ᠎ᠠ ᠪᠠᠨ ᠢᠯᠡᠬᠦᠬᠡᠨ ᠪᠠᠢᠯᠭᠠᠬᠤ ᠶ᠋ᠢ ᠪᠠᠷᠢᠮᠳᠠᠯᠠᠳᠠᠭ᠃ 《ᠡᠩ ᠤ᠋ᠨ ᠦᠶ᠎ᠠ ᠳ᠋ᠤ ᠢᠯᠡᠬᠦᠬᠡᠨ ᠪᠡᠯᠡᠳᠬᠡᠴᠢᠬᠡᠪᠡᠯ ᠲᠤᠮᠤ ᠵᠠᠬᠢᠶᠠᠯᠠᠭ᠎ᠠ ᠢᠷᠡᠭᠰᠡᠬᠡᠷ ᠴᠠᠭ ᠤ᠋ᠨ ᠴᠠᠭ ᠲᠤᠨᠢ ᠪᠠᠷᠠᠭ᠎ᠠ ᠪᠠᠨ ᠲᠤᠰᠢᠶᠠᠵᠤ᠂ ᠬᠡᠨ ᠠᠯᠢᠨ ᠳ᠋ᠤ ᠪᠦᠷ ᠲᠦᠬᠦᠮ ᠶᠤᠮ》 ᠭᠡᠵᠦ ᠲᠡᠷᠡ ᠤᠴᠢᠷᠯᠠᠨ᠎ᠠ᠃

ᠤᠯᠠᠨ ᠵᠢᠯ ᠵᠠᠬ᠎ᠠ ᠵᠡᠭᠡᠯᠢ ᠶ᠋ᠢᠨ ᠠᠷᠠᠯᠵᠢᠶᠠᠨ ᠳ᠋ᠤ ᠳᠠᠪᠳᠠᠭᠳᠠᠵᠦ ᠢᠷᠡᠭᠰᠡᠨ ᠬᠠᠭᠤᠴᠢᠨ ᠬᠦᠮᠦᠨ ᠤ᠋ ᠬᠤᠪᠢ ᠡᠴᠡ ᠮᠤᠳᠤᠨ ᠰᠡᠢᠯᠦᠮᠡᠯ᠂ ᠮᠤᠳᠤᠨ ᠡᠳ᠋ᠯᠡᠯ ᠤ᠋ᠨ ᠵᠠᠬ᠎ᠠ ᠳᠡᠯᠭᠡᠬᠦᠷ ᠤ᠋ᠨ ᠲᠦᠷᠢᠯᠳᠡ᠂ ᠦᠨ᠎ᠠ ᠬᠠᠩᠰᠢ ᠪᠠ ᠬᠡᠯᠪᠡᠷᠢ ᠶᠠᠩᠵᠦ ᠬᠢᠴᠡ ᠤᠷᠠᠯᠠᠯ ᠢ᠋ ᠬᠠᠭᠤᠯᠪᠤᠷᠢᠯᠠᠨ ᠳᠠᠭᠤᠷᠢᠶᠠᠬᠤ ᠬᠡᠬᠦ ᠮᠡᠳᠦ ᠶ᠋ᠢᠨ ᠤᠯᠠᠨ ᠠᠰᠠᠭᠤᠳᠠᠯ ᠳ᠋ᠤ ᠤᠯᠠᠭᠠᠨᠭᠡᠷᠡᠯ᠄ 《ᠪᠢᠳᠡ ᠳᠠᠰᠤᠷᠠᠯᠳᠠ ᠦᠬᠡᠢ ᠰᠢᠨ᠎ᠠ ᠵᠢ ᠰᠡᠳᠦᠵᠦ᠂ ᠰᠢᠨ᠎ᠠ ᠶ᠋ᠢ ᠬᠢᠵᠦ ᠬᠤᠳᠠᠯᠳᠤᠨ᠎ᠠ᠃ ᠮᠠᠨ ᠤ᠋ ᠬᠢ ᠶ᠋ᠢ ᠳᠠᠭᠤᠷᠢᠶᠠᠨ ᠬᠢᠵᠦ ᠬᠤᠳᠠᠯᠳᠤᠭᠰᠠᠨ ᠪᠦᠬᠦᠨ ᠡᠴᠡ ᠬᠡᠷᠡᠭ ᠨᠡᠬᠡᠮᠵᠢᠯᠡᠭᠡᠳ ᠲᠡᠢᠯᠳᠡᠭ ᠶᠠᠭᠤᠮ᠎ᠠ ᠪᠢᠰᠢ》 ᠬᠡᠮᠡᠨ ᠲᠤᠷᠰᠢᠯᠭ᠎ᠠ ᠪᠠᠨ ᠶᠠᠷᠢᠨ᠎ᠠ᠃

ᠤᠯᠠᠭᠠᠨᠭᠡᠷᠡᠯ ᠤᠯᠠ ᠶ᠋ᠢᠨ ᠬᠦᠯᠦᠰᠦ ᠪᠠᠨ ᠤᠷᠤᠢ ᠳ᠋ᠠᠭᠠᠨ ᠭᠠᠷᠳᠠᠯ᠎ᠠ ᠵᠢᠳᠬᠦᠨ ᠪᠠᠢᠵᠤ ᠪᠠᠢᠭᠤᠯᠤᠭᠰᠠᠨ ᠮᠤᠳᠤᠨ ᠰᠡᠢᠯᠦᠮᠡᠯ ᠮᠤᠳᠤᠨ ᠡᠳ᠋ᠯᠡᠯ ᠤ᠋ᠨ ᠦᠢᠯᠡᠳᠪᠦᠷᠢ ᠨᠢ ᠬᠡᠳᠤᠢᠪᠡᠷ ᠤᠯᠠᠨ ᠡᠴᠡ ᠤᠨᠴᠠᠭᠠᠢ ᠲᠤᠮᠤ ᠪᠢᠰᠢ ᠪᠤᠯᠪᠠᠴᠦ ᠬᠦᠯ ᠦᠬᠡᠢ ᠶᠡᠬᠡ ᠵᠠᠬ᠎ᠠ ᠲᠠᠯᠬᠡᠬᠦᠷ ᠲᠦ᠍ ᠨᠢᠬᠡᠨᠳᠡ ᠬᠦᠯ ᠲᠤᠭᠳᠠᠴᠢᠬᠠᠵᠠᠢ᠃ ᠭᠠᠭᠴᠠ ᠬᠢᠷᠦᠭᠡ ᠤᠭᠤᠳᠠ ᠮᠤᠳᠤ ᠪᠠᠨ ᠡᠬᠦᠷᠴᠦ᠂ ᠡᠯᠡᠰᠦᠨ ᠨᠤᠲᠤᠭ ᠡᠴᠡ ᠬᠤᠯᠠ ᠶ᠋ᠢ ᠵᠤᠷᠢᠭᠰᠠᠨ ᠮᠠᠯᠴᠢᠨ ᠪᠦᠰᠡᠬᠦᠢ ᠶ᠋ᠢᠨ ᠶᠠᠪᠤᠵᠦ ᠦᠩᠬᠡᠷᠡᠬᠦᠯᠦᠭᠰᠡᠨ ᠵᠠᠮ ᠢ᠋ 《ᠴᠢᠷᠮᠠᠢᠯᠭ᠎ᠠ ᠬᠦᠮᠦᠨ ᠢ᠋ ᠭᠤᠮᠤᠳᠠᠭᠠᠬᠤ ᠦᠬᠡᠢ》 ᠭᠡᠳᠡᠭ ᠤᠯᠠᠭᠠᠨᠭᠡᠷᠡᠯ ᠤ᠋ᠨ ᠭᠠᠭᠴᠠ ᠦᠬᠡ ᠦᠨᠡᠯᠡᠨ ᠳ᠋ᠦᠩᠨᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号