ᠰᠤᠷᠪᠤᠯᠵᠢᠯᠠᠭᠴᠢ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠤᠢᠷ᠎ᠠ ᠳ᠋ᠤ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠬᠢᠲᠠᠳ ᠡᠮᠨᠡᠯᠭᠡ ᠶ᠋ᠢᠨ ᠨᠠᠢᠷᠠᠯᠭᠠᠳᠤ ᠮᠦᠬᠦᠯᠢᠭ ᠡᠮ ᠤ᠋ᠨ ᠪᠠᠷᠢᠮᠵᠢᠶ᠎ᠠ ᠶ᠋ᠢ ᠳᠤᠭᠳᠠᠭᠠᠬᠤ ᠠᠵᠢᠯ ᠤ᠋ᠨ ᠵᠢᠷᠦᠮ ᠵᠢᠴᠢ ᠳᠡᠪᠰᠢᠭᠦᠯᠬᠦ ᠪᠢᠴᠢᠭ ᠮᠠᠲᠧᠷᠢᠶᠠᠯ ᠤ᠋ᠨ ᠱᠠᠭᠠᠷᠳᠠᠯᠭ᠎ᠠ》 (ᠲᠤᠤᠷ᠎ᠠ《ᠱᠠᠭᠠᠷᠳᠠᠯᠭ᠎ᠠ》 ᠬᠡᠵᠤ ᠲᠤᠪᠴᠢᠯᠠᠨ᠎ᠠ) ᠶ᠋ᠢ ᠨᠡᠢᠳᠡᠯᠡᠵᠦ᠂ ᠬᠢᠲᠠᠳ ᠡᠮᠨᠡᠯᠭᠡ ᠶ᠋ᠢᠨ ᠨᠠᠢᠷᠠᠯᠭᠠᠳᠤ ᠮᠦᠬᠦᠯᠢᠭ ᠡᠮ ᠤ᠋ᠨ ᠪᠠᠷᠢᠮᠵᠢᠶ᠎ᠠ ᠶ᠋ᠢ ᠳᠤᠭᠳᠠᠭᠠᠬᠤ ᠠᠵᠢᠯ ᠢ᠋ ᠳᠦᠷᠢᠮᠵᠢᠭᠦᠯᠪᠡ᠃
《ᠱᠠᠭᠠᠷᠳᠠᠯᠭ᠎ᠠ 》 ᠳ᠋ᠤ ᠂ ᠤᠯᠠᠮᠵᠢᠯᠠᠬᠤ ᠬᠢᠭᠡᠳ ᠰᠢᠨ᠎ᠠ ᠶ᠋ᠢ ᠡᠭᠦᠳᠬᠦ ᠶ᠋ᠢ ᠵᠡᠷᠭᠡ ᠪᠡᠷ ᠴᠢᠬᠤᠯᠠᠴᠢᠯᠠᠵᠤ᠂ ᠤᠯᠠᠮᠵᠢᠯᠠᠯᠳᠤ ᠬᠢᠲᠠᠳ ᠡᠮ ᠡᠮᠨᠡᠯᠭᠡ ᠶ᠋ᠢᠨ ᠲᠤᠷᠰᠢᠯᠭ᠎ᠠ ᠶ᠋ᠢ ᠬᠦᠨᠳᠤᠳᠭᠡᠬᠦ ᠪᠦᠭᠡᠳ ᠰᠢᠨ᠎ᠠ ᠮᠡᠷᠭᠡᠵᠢᠯ ᠢ᠋ ᠬᠡᠷᠡᠭᠯᠡᠬᠦ ᠶ᠋ᠢ ᠵᠤᠷᠢᠭᠵᠢᠭᠤᠯᠤᠨ᠎ᠠ; ᠰᠢᠨᠵᠢᠯᠡᠬᠦ ᠤᠬᠠᠭᠠᠨᠴᠢ ᠲᠦᠪ ᠴᠢᠬᠢᠮᠠᠢ ᠳᠦᠷᠢᠮᠵᠢᠭᠦᠨ ᠪᠠᠢᠵᠤ᠂ ᠤᠯᠤᠰ ᠤ᠋ᠨ ᠬᠤᠯᠪᠤᠭᠳᠠᠯ ᠪᠦᠬᠦᠢ ᠮᠡᠷᠭᠡᠵᠢᠯ ᠤ᠋ᠨ ᠱᠠᠭᠠᠷᠳᠠᠯᠭ᠎ᠠ ᠶ᠋ᠢ ᠴᠢᠩᠭ᠎ᠠ ᠵᠢᠷᠦᠮᠯᠡᠨᠠ; ᠠᠵᠤ ᠠᠬᠤᠢ ᠶ᠋ᠢᠨ ᠲᠠᠯ᠎ᠠ ᠪᠡᠷ ᠵᠤᠭᠤᠰ ᠮᠦᠩᠬᠦ ᠶ᠋ᠢ ᠠᠷᠪᠢᠯᠠᠨ ᠭᠠᠮᠨᠠᠬᠤ ᠪᠦᠭᠡᠳ ᠪᠤᠳᠠᠳᠤ ᠬᠡᠷᠡᠭᠴᠡᠭᠡ ᠶ᠋ᠢ ᠴᠢᠬᠤᠯᠠᠴᠢᠯᠠᠵᠤ᠂ ᠤᠷᠤᠨ ᠤ᠋ ᠲᠤᠳᠤᠭᠠᠳᠤ ᠶ᠋ᠢᠨ ᠦᠢᠯᠡᠳᠪᠤᠷᠢᠯᠡᠯ ᠬᠢᠭᠡᠳ ᠡᠮᠴᠢᠯᠡᠭᠡᠨ ᠤ᠋ ᠱᠠᠭᠠᠷᠳᠠᠯᠭ᠎ᠠ ᠲᠠᠢ ᠤᠶᠠᠯᠳᠤᠭᠤᠯᠤᠨ᠂ ᠤᠷᠤᠨ ᠤ᠋ ᠭᠠᠳᠠᠨᠠᠬᠢ ᠨᠢᠭᠡᠨᠳᠡ ᠨᠡᠢᠳᠡᠯᠡᠭᠰᠡᠨ ᠪᠠᠷᠢᠮᠵᠢᠶ᠎ᠠ ᠳ᠋ᠤ ᠵᠠᠷᠴᠢᠮ ᠳᠡᠭᠡᠷ᠎ᠠ ᠪᠡᠨ ᠤᠨᠳᠤᠤᠰᠢᠭᠤᠯᠤᠨ ᠦᠨᠡᠯᠡᠨ ᠳᠤᠭᠳᠠᠭᠠᠬᠤ ᠠᠷᠭ᠎ᠠ ᠬᠡᠯᠪᠡᠷᠢ ᠠᠪᠴᠤ᠂ ᠪᠠᠷᠢᠮᠵᠢᠶ᠎ᠠ ᠳᠤᠭᠳᠠᠭᠠᠬᠤ ᠠᠵᠢᠯ ᠤ᠋ᠨ ᠦᠷ᠎ᠠ ᠪᠦᠲᠦᠮᠵᠢ ᠶ᠋ᠢ ᠳᠡᠭᠡᠭᠰᠢᠯᠡᠭᠦᠯᠬᠦ ᠵᠡᠷᠭᠡ 3 ᠦᠨᠳᠦᠰᠤᠨ ᠵᠠᠷᠴᠢᠮ ᠢ᠋ ᠲᠤᠳᠤᠷᠬᠠᠢᠯᠠᠵᠠᠢ᠃
《ᠱᠠᠭᠠᠷᠳᠠᠯᠭ᠎ᠠ 》 ᠳ᠋ᠤ᠂ ᠠᠭᠤᠯᠤᠨ ᠪᠠᠭᠳᠠᠭᠠᠬᠤ ᠲᠦᠷᠦᠯ ᠵᠦᠢᠯ ᠨᠢ ᠦᠪᠦᠷ ᠮᠤᠩᠭᠤᠯ ᠳ᠋ᠤ ᠡᠮᠴᠢᠯᠡᠭᠡᠨ ᠳ᠋ᠤ ᠬᠡᠷᠡᠭᠯᠡᠭᠰᠡᠨ ᠲᠡᠦᠬᠡ ᠲᠠᠢ᠂ ᠬᠠᠷᠠᠭᠠᠯᠵᠠᠭᠰᠠᠨ ᠴᠢᠨᠠᠬᠤ ᠡᠮ ᠨᠢ ᠤᠯᠤᠰ ᠪᠤᠶᠤ ᠮᠤᠵᠢ ᠶ᠋ᠢᠨ ᠱᠠᠳᠤᠨ ᠤ᠋ ᠪᠠᠷᠢᠮᠵᠢᠶ᠎ᠠ ᠲᠠᠢ ᠪᠦᠭᠡᠳ ᠮᠦᠬᠦᠯᠢᠭ ᠡᠮ ᠪᠤᠯᠭᠠᠨ ᠦᠢᠯᠡᠳᠪᠤᠷᠢᠯᠡᠬᠦ ᠳ᠋ᠤ ᠵᠤᠬᠢᠷᠠᠬᠤ ᠲᠦᠷᠦᠯ ᠵᠦᠢᠯ ᠪᠠᠢᠵᠤ᠂ ᠤᠯᠤᠰ ᠤ᠋ᠨ ᠬᠢᠲᠠᠳ ᠡᠮᠨᠡᠯᠭᠡ ᠶ᠋ᠢᠨ ᠨᠠᠢᠷᠠᠯᠭᠠᠳᠤ ᠮᠦᠬᠦᠯᠢᠭ ᠡᠮ ᠤ᠋ᠨ ᠪᠠᠷᠢᠮᠵᠢᠶ᠎ᠠ ᠳ᠋ᠤ ᠦᠯᠦ ᠤᠷᠤᠭᠰᠠᠨ ᠪᠠᠢᠬᠤ ᠬᠡᠷᠡᠭᠳᠠᠢ;ᠦᠢᠯᠡᠳᠪᠤᠷᠢᠯᠡᠯ ᠤ᠋ᠨ ᠤᠷ᠎ᠠ ᠮᠡᠷᠭᠡᠰᠢᠯ ᠤ᠋ᠨ ᠬᠤᠪᠢ ᠳ᠋ᠤ᠂ ᠬᠡᠯᠪᠡᠷᠢᠵᠢᠭᠦᠯᠬᠦ ᠭᠤᠭᠴᠤᠭ᠎ᠠ ᠡᠴᠡ ᠪᠤᠰᠤᠳ ᠨᠢ ᠤᠯᠠᠮᠵᠢᠯᠠᠯᠳᠦ ᠲᠠᠩ ᠡᠮ ᠲᠠᠢ ᠦᠨᠳᠦᠰᠦᠨ ᠳ᠋ᠡᠭᠡᠨ ᠨᠢᠭᠡᠳᠦᠯᠳᠠᠢ ᠪᠠᠢᠵᠤ᠂ ᠲᠤᠰᠠᠯᠠᠬᠤ ᠮᠠᠲᠧᠷᠢᠶᠠᠯ ᠬᠢᠭᠡᠳ ᠵᠠᠪᠰᠠᠷ ᠤ᠋ᠨ ᠪᠡᠶ᠎ᠠ (ᠢᠳᠡᠭᠡᠰᠢᠮᠡᠯ ᠬᠠᠨᠳᠠ ᠪᠤᠶᠤ ᠬᠠᠭᠤᠷᠠᠢ ᠬᠠᠨᠳᠠ᠂ ᠬᠠᠭᠰᠠᠭᠠᠬᠤ ᠡᠳ᠋ ᠶ᠋ᠢᠡᠷ ᠲᠤᠭᠠᠴᠢᠨ ᠪᠤᠳᠤᠨ᠎ᠠ) ᠶ᠋ᠢᠨ ᠡᠵᠡᠯᠡᠬᠦ ᠬᠠᠷᠢᠴᠠᠯ ᠢ᠋ ᠵᠠᠷᠴᠢᠮ ᠳᠡᠭᠡᠷ᠎ᠠ ᠪᠡᠨ 1᠄ 1 ᠡᠴᠡ ᠳᠠᠪᠠᠭᠤᠯᠵᠤ ᠪᠤᠯᠬᠤ ᠦᠭᠡᠢ᠂ ᠮᠦᠬᠦᠯᠢᠭ ᠡᠮ ᠤ᠋ᠨ ᠶᠠᠰᠤ ᠴᠢᠨᠠᠷ ᠬᠢᠭᠡᠳ ᠴᠢᠨᠠᠬᠤ ᠪᠠᠷᠢᠮᠵᠢᠶ᠎ᠠ ᠲᠠᠩ ᠡᠮ ᠨᠢ ᠰᠢᠨᠵᠢ ᠴᠢᠨᠠᠷ ᠤ᠋ᠨ ᠬᠤᠪᠢ ᠳ᠋ᠤ ᠬᠠᠷᠢᠯᠴᠠᠨ ᠨᠢᠭᠡᠳᠦᠯᠳᠠᠢ ᠪᠠᠢᠬᠤ ᠶ᠋ᠢ ᠪᠠᠳᠤᠯᠠᠬᠤ ᠬᠡᠷᠡᠭᠳᠠᠢ ᠭᠡᠵᠦ ᠲᠤᠳᠤᠷᠬᠠᠢᠯᠠᠪᠠ᠃
《 ᠱᠠᠭᠠᠷᠳᠠᠯᠭ᠎ᠠ 》 ᠳ᠋ᠤ᠂ ᠤᠷᠤᠨ ᠤ᠋ ᠭᠠᠳᠠᠨ᠎ᠠ ᠬᠠᠷᠠᠬᠠᠨ ᠨᠡᠢᠳᠡᠯᠡᠭᠡ ᠦᠭᠡᠢ ᠪᠠᠷᠢᠮᠵᠢᠶ᠎ᠠ ᠶ᠋ᠢᠨ ᠵᠦᠢᠯ ᠳ᠋ᠤ᠂ ᠲᠦᠷᠦᠯ ᠵᠦᠢᠯ ᠢ᠋ ᠤᠯᠠᠨ ᠳ᠋ᠤ ᠵᠠᠷᠯᠠᠵᠤ ᠡᠯᠰᠡᠨ ᠳᠤᠭᠳᠠᠭᠠᠬᠤ᠂ ᠰᠤᠳᠤᠯᠭᠠᠨ ᠦᠷᠨᠢᠭᠦᠯᠬᠦ ᠪᠡᠷ ᠡᠷᠡᠮᠡᠯᠵᠡᠬᠦ᠂ ᠬᠢᠨᠠᠵᠤ ᠨᠤᠳᠠᠯᠠᠬᠤ᠂ ᠪᠠᠷᠢᠮᠵᠢᠶ᠎ᠠ ᠶ᠋ᠢ ᠳᠠᠬᠢᠨ ᠬᠢᠨᠠᠬᠤ᠂ ᠮᠡᠷᠭᠡᠵᠢᠯ ᠢ᠋ ᠬᠢᠨᠠᠨ ᠬᠠᠷᠭᠤᠭᠤᠯᠵᠤ ᠤᠯᠠᠨ ᠳ᠋ᠤ ᠵᠠᠷᠯᠠᠬᠤ ᠵᠡᠷᠭᠡ ᠭᠤᠭᠴᠤᠭ᠎ᠠ ᠶ᠋ᠢ ᠦᠩᠬᠡᠷᠡᠬᠦᠯᠵᠤ᠂ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠡᠴᠡ ᠬᠢᠨᠡᠨ ᠶᠠᠷᠢᠯᠴᠠᠬᠤ ᠪᠡᠷ ᠳᠠᠮᠵᠢᠨ ᠨᠡᠢᠳᠡᠯᠡᠬᠦ ᠪᠦᠭᠡᠳ ᠤᠯᠤᠰ ᠤ᠋ᠨ ᠡᠮ ᠤ᠋ᠨ ᠲᠤᠯᠢ ᠶ᠋ᠢᠨ ᠵᠦᠪᠯᠡᠯ ᠳ᠋ᠤ ᠮᠡᠳᠡᠭᠦᠯᠦᠨ ᠳᠠᠩᠰᠠᠯᠠᠭᠤᠯᠤᠨ᠎ᠠ; ᠤᠷᠤᠨ ᠤ᠋ ᠭᠠᠳᠠᠨ᠎ᠠ ᠨᠢᠭᠡᠨᠳᠡ ᠨᠡᠢᠳᠡᠯᠡᠭᠰᠡᠨ ᠪᠠᠷᠢᠮᠵᠢᠶ᠎ᠠ ᠶ᠋ᠢᠨ ᠵᠦᠢᠯ ᠳ᠋ᠤ᠂ ᠰᠠᠢᠨ ᠢ᠋ ᠨᠢ ᠰᠤᠩᠭᠤᠨ ᠤᠨᠳᠤᠤᠰᠢᠭᠤᠯᠵᠤ ᠦᠨᠡᠯᠡᠨ ᠳᠤᠭᠳᠠᠭᠠᠭᠰᠠᠨ ᠤ᠋ ᠳᠠᠷᠠᠭ᠎ᠠ ᠤᠯᠠᠨ ᠳ᠋ᠤ ᠵᠠᠷᠯᠠᠨ ᠨᠡᠢᠳᠡᠯᠡᠬᠦ ᠵᠢᠷᠦᠮ ᠢ᠋ ᠬᠡᠷᠡᠭᠵᠢᠭᠦᠯᠦᠨ᠎ᠠ ᠭᠡᠵᠦ ᠨᠠᠷᠢᠨ ᠲᠤᠳᠤᠷᠬᠠᠢᠯᠠᠵᠠᠢ᠃