4 ᠰᠠᠷ᠎ᠠ ᠵᠢᠨ 26 ᠤ᠋ ᠤᠷᠤᠢ᠂ ᠬᠦᠬᠡᠬᠤᠳᠠ ᠵᠢᠨ ᠪᠡᠶ᠎ᠠ ᠵᠢᠨ ᠲᠠᠮᠢᠷ ᠤ᠋ᠨ ᠤᠷᠳᠤᠨ ᠳ᠋ᠤ ᠳᠠᠭᠤᠤ ᠬᠤᠭᠤᠷ ᠬᠠᠩᠬᠢᠨᠠᠵᠦ᠂ ᠪᠠᠶᠠᠷ ᠬᠦᠷ ᠵᠢᠡᠷ ᠪᠢᠯᠬᠠᠨ᠎ᠠ᠃ 2026 ᠣᠨ ᠤ᠋ ᠥᠪᠥᠷ ᠮᠣᠩᠭᠣᠯ ᠤ᠋ᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ ᠡᠬᠢᠯᠡᠯᠳᠡ ᠵᠢᠨ ᠲᠤᠭᠯᠠᠯᠳᠠ ᠪᠤᠯᠬᠤ 《ᠲᠦᠷᠦᠭᠳᠡᠯ》 ᠳᠠᠭᠤᠤ ᠪᠦᠵᠢᠭ ᠤ᠋ᠨ ᠲᠤᠰᠬᠠᠢ ᠳᠠᠯᠠᠪᠠᠢ ᠦᠳᠡᠰᠢᠯᠡᠬᠡ ᠲᠦᠮᠡᠨ ᠤᠯᠠᠨ ᠤ᠋ ᠬᠦᠰᠡᠨ ᠬᠦᠯᠢᠶᠡᠯᠳᠡ ᠲᠤᠮᠳᠠ ᠪᠤᠯᠵᠤᠭ᠎ᠠ ᠶᠤᠰᠤᠭᠠᠷ ᠡᠬᠢᠯᠡᠯ᠎ᠠ᠃
ᠦᠪᠡᠷᠳᠡᠬᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠳᠡᠰ ᠭᠤᠤᠯᠯᠠᠨ ᠡᠷᠬᠢᠯᠡᠵᠦ᠂ ᠬᠢᠩᠭᠠᠨ ᠠᠢᠮᠠᠭ ᠤ᠋ᠨ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠳᠡᠰ ᠳᠠᠭᠠᠭᠠᠴᠢᠯᠠᠨ ᠡᠷᠬᠢᠯᠡᠵᠦ᠂ ᠬᠢᠩᠭᠠᠨ ᠠᠢᠮᠠᠭ ᠤ᠋ᠨ ᠤᠯᠠᠭᠠᠨᠮᠦ᠋ᠴᠢᠷ᠂ ᠬᠢᠩᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤ ᠪᠤᠯᠤᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠤᠯᠠᠭᠠᠨᠮᠦ᠋ᠴᠢᠷ ᠡᠴᠡ ᠬᠠᠮᠳᠤᠷᠠᠨ ᠲᠤᠭᠯᠠᠭᠰᠠᠨ ᠡᠨᠡ ᠬᠦ᠌ ᠤᠷᠠᠯᠢᠭ ᠰᠤᠶᠤᠯ ᠤ᠋ᠨ ᠦᠪᠡᠳᠡᠭᠰᠢ ᠨᠠᠢᠷ ᠨᠢ ᠦᠪᠦᠷ ᠮᠤᠨᠭᠭᠤᠯ ᠤ᠋ᠨ ᠰᠤᠩᠭᠤᠳᠠᠭ ᠳᠠᠭᠤᠤ 《ᠲᠩᠷᠢ ᠵᠢᠨ ᠬᠠᠶᠠᠭ᠎ᠠ》 ᠪᠠ 《ᠮᠠᠯᠴᠢᠳ ᠤ᠋ᠨ ᠳᠠᠭᠤᠯᠠᠯ》᠂ ᠡᠷᠲᠡᠨᠦ ᠱᠢᠯᠦᠭ ᠢ᠋ ᠱᠢᠨ᠎ᠡ ᠪᠡᠷ ᠨᠠᠢᠷᠠᠭᠤᠯᠤᠭ᠍ᠰᠠᠨ 《ᠴᠢᠯᠧ ᠵᠢᠨ ᠳᠠᠭᠤᠯᠠᠯ》᠂ ᠣᠮᠣᠭ ᠲᠡᠭᠦᠯᠳᠡᠷ 《ᠮᠣᠷᠢᠳᠠᠨ ᠤ᠋ ᠨᠠᠢᠷᠠᠯ》 ᠪᠠ 《ᠪᠥᠬᠡ ᠵᠢᠨ ᠵᠢᠪᠬᠤᠭ᠎ᠠ》᠂ ᠣᠨᠴᠠᠯᠢᠭ᠍ᠲᠤ ᠠᠷᠠᠳ ᠤ᠋ᠨ ᠵᠠᠩ ᠦᠢᠯᠡ ᠵᠢᠨ ᠪᠥᠵᠢᠭ《ᠠᠶᠠᠭᠠᠨ ᠪᠦᠵᠢᠭ》᠂ 《ᠳᠡᠭᠦᠯᠢᠯᠲᠡ》 ᠪᠠ 《ᠬᠤᠨ ᠭᠠᠯᠠᠭᠤ》 ᠵᠢᠴᠢ ᠣᠷᠭᠢᠯᠤᠮ᠎ᠠ ᠬᠠᠯᠠᠭᠤᠨ ᠰᠡᠳᠭᠢᠯᠭᠡ ᠲᠡᠶ ᠠᠨᠳᠠᠢ ᠪᠥᠵᠢᠭ ᠵᠡᠷᠭᠡ ᠰᠣᠳᠣᠨ ᠲᠣᠭ᠍ᠯᠠᠯᠲᠠ ᠪᠡᠷ ᠭᠣᠢᠳᠠ ᠰᠠᠢᠬᠠᠨ ᠶᠠᠪᠤᠭᠳᠠᠵᠦ᠂ ᠰᠤᠶᠤᠯ ᠤᠷᠠᠯᠢᠭ ᠤ᠋ᠨ ᠰᠢᠨ᠎ᠠ ᠦᠷ᠎ᠠ ᠪᠦᠳᠦᠭᠡᠯ ᠢ᠋ ᠴᠤ ᠰᠢᠨ᠎ᠠ ᠬᠡᠯᠪᠡᠷᠢ ᠮᠠᠶᠢᠭ ᠵᠢᠡᠷ ᠬᠠᠷᠠᠭᠤᠯᠵᠦ᠂ ᠤᠯᠠᠭᠠᠨᠮᠦ᠋ᠴᠢᠷ ᠤ᠋ᠨ ᠦᠭᠡᠷᠡᠴᠢᠯᠡᠯᠳᠡ ᠵᠢ ᠬᠦᠨᠵᠡᠬᠡᠢᠷᠡᠬᠦᠯᠤᠨ᠂ ᠵᠠᠬ᠎ᠠ ᠳᠡᠯᠭᠡᠭᠦᠷᠴᠢᠯᠡᠭᠰᠡᠨ ᠡᠵᠡᠩᠨᠡᠯᠳᠡ ᠵᠢᠨ ᠰᠢᠨ᠎ᠠ ᠲᠦᠷᠰᠦ ᠪᠠᠢᠳᠠᠯ ᠢ᠋ ᠢᠯᠡᠷᠡᠬᠦᠯᠵᠡᠢ᠃ 《ᠲᠤᠰ ᠦᠳᠡᠰᠢᠯᠡᠬᠡ ᠨᠢ ᠦᠪᠦᠷ ᠮᠤᠨᠭᠭᠤᠯ ᠤ᠋ᠨ ᠳᠥᠷᠪᠡᠨ ᠤᠯᠠᠷᠢᠯ ᠤ᠋ᠨ ᠥᠩᠭᠡ ᠦᠵᠡᠮᠵᠢ ᠪᠡᠷ ᠰᠠᠨᠠᠭ᠎ᠠ ᠠᠬᠤᠶ ᠪᠣᠯᠭᠠᠵᠤ᠂ 〈ᠠᠮᠢ ᠨᠠᠰᠤ ᠵᠢ ᠮᠠᠭ᠍ᠲᠠᠨ ᠳᠠᠭᠤᠯᠠᠵᠤ ᠪᠠᠢᠭᠠᠯᠢ ᠳᠡᠯᠡᠬᠡᠢ ᠵᠢ ᠪᠠᠬᠠᠳᠤᠨ ᠳᠠᠭᠤᠯᠠᠬᠤ〉 ᠭᠤᠤᠯ ᠵᠣᠷᠢᠯᠲᠠ ᠵᠢᠨ ᠲᠣᠭᠣᠷᠢᠨ ᠳ᠋ᠤ ᠣᠷᠳᠣ ᠵᠢᠨ ᠳᠠᠭᠤᠤ᠂ ᠬᠥᠭᠡᠮᠡᠶ᠂ ᠥᠯᠢᠭᠡᠷ ᠵᠡᠷᠭᠡ ᠪᠣᠳᠠᠰ ᠤ᠋ᠨ ᠪᠤᠰᠤ ᠰᠣᠶᠣᠯ ᠤ᠋ᠨ ᠥᠪ ᠢ᠋ ᠣᠲᠣ ᠦᠶ᠎ᠡ ᠵᠢᠨ ᠲᠠᠢᠰᠠᠨ ᠤ᠋ ᠤᠷᠠᠯᠢᠭ ᠤ᠋ᠨ ᠱᠢᠨ᠎ᠡ ᠡᠭᠦᠳᠦᠯᠲᠡ ᠲᠡᠶ ᠠᠭᠤᠰᠤᠯᠴᠠᠭᠤᠯᠵᠤ᠂ 360 ᠭᠷᠠᠳᠦ᠋ᠰ ᠤ᠋ᠨ ᠭᠦᠨ ᠰᠠᠭᠤᠭ᠍ᠳᠠᠯᠳᠤ ᠪᠣᠳᠠᠲᠤ ᠦᠵᠡᠮᠵᠢᠳᠦ ᠰᠢᠨ᠎ᠠ ᠮᠠᠶᠢᠭ ᠤ᠋ᠨ ᠳᠠᠢᠰᠠᠨ ᠲᠤᠭᠯᠠᠯᠳᠠ ᠪᠡᠷ ᠦᠵᠡᠭ᠌ᠴᠢᠳ ᠲᠦ᠍ ᠶᠡᠬᠡ ᠬᠢᠩᠭᠠᠨ ᠳᠠᠪᠠᠭ᠎ᠠ ᠵᠢᠨ ᠰᠦᠷ ᠵᠢᠪᠬᠤᠭ᠎ᠠ ᠪᠣᠯᠤᠨ ᠲᠠᠯ᠎ᠠ ᠨᠤᠲᠤᠭ ᠤ᠋ᠨ ᠭᠤᠤ᠎ᠠ ᠰᠠᠢᠬᠠᠨ ᠢ᠋ ᠰᠣᠨᠢᠷᠬᠠᠭᠤᠯᠵᠠᠢ᠃ ᠮᠦᠨ ᠠᠷᠠᠳ ᠲᠦ᠍ ᠠᠰᠢᠭ ᠬᠦᠷᠳᠡᠭᠡᠬᠦ ᠵᠤᠷᠢᠯᠳᠠ ᠪᠡᠷ ᠬᠠᠮᠤᠭ ᠤ᠋ᠨ ᠬᠢᠮᠳᠠ ᠳ᠋ᠠᠭᠠᠨ 9.9 ᠲᠥᠭᠥᠷᠢᠭ ᠤ᠋ᠨ ᠪᠢᠯᠧᠲ ᠲᠣᠬᠢᠷᠠᠭᠤᠯᠵᠤ᠂ ᠣᠯᠠᠨ ᠲᠦᠮᠡᠨ ᠳ᠋ᠤ ᠤᠯᠠᠭᠠᠨᠮᠥ᠋ᠴᠢᠷ ᠤ᠋ᠨ ᠤᠷᠠᠯᠢᠭ ᠤ᠋ᠨ ᠷᠢᠳᠢ ᠱᠢᠳᠢ ᠶ᠋ᠢ ᠣᠢᠷ᠎ᠠ ᠵᠠᠶ ᠡᠴᠡ ᠮᠡᠳᠡᠷᠡᠭᠦᠯᠬᠦ ᠵᠢ ᠵᠤᠷᠢᠪᠠ》 ᠭᠡᠵᠦ ᠦᠳᠡᠰᠢᠯᠡᠬᠡ ᠵᠢᠨ ᠤᠳᠤᠷᠢᠳᠤᠭᠠᠴᠢ ᠭᠤᠧᠠᠩ ᡁᠢ ᠰᠤᠷᠪᠤᠯᠵᠢᠯᠠᠭᠴᠢ ᠳ᠋ᠤ ᠳᠠᠨᠢᠯᠴᠠᠭᠤᠯᠪᠠ᠃
2026 ᠣᠨ ᠤ᠋ ᠥᠪᠥᠷ ᠮᠣᠩᠭᠣᠯ ᠤ᠋ᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ ᠰᠢᠷᠢᠰ ᠠᠵᠢᠯᠯᠠᠭ᠎ᠠ ᠨᠢ ᠳᠤᠮᠳᠠᠳᠤ ᠵᠢᠨ ᠰᠣᠶᠣᠯ ᠤ᠋ᠨ ᠠᠭᠤᠯᠤᠭ᠍ᠳᠠᠬᠤᠨ ᠢ᠋ ᠢᠯᠡᠷᠡᠭᠦᠯᠵᠦ᠍᠂ ᠮᠠᠯ ᠠᠵᠤ ᠠᠬᠤᠶ ᠲᠠᠷᠢᠶᠠᠯᠠᠩ ᠰᠣᠶᠣᠯ ᠵᠢᠭᠤᠯᠴᠢᠯᠠᠯ ᠪᠡᠶ᠎ᠡ ᠵᠢᠨ ᠲᠠᠮᠢᠷ ᠠᠷᠠᠯᠵᠢᠶ᠎ᠠ ᠬᠤᠳᠠᠯᠳᠤᠭ᠎ᠠ ᠶ᠋ᠢ ᠨᠢᠭᠡ ᠴᠤᠭ᠍ᠴᠠᠵᠢᠭᠤᠯᠤᠨ ᠬᠥᠭ᠌ᠵᠢᠭᠦᠯᠬᠦ᠌ᠶ᠋ᠢ ᠠᠬᠢᠭᠤᠯᠬᠤ ᠪᠡᠷ ᠭᠠᠷᠳᠠᠴᠠ ᠪᠤᠯᠭᠠᠨ᠂ 《ᠵᠤᠭᠠᠯᠠᠵᠤ ᠪᠣᠯᠬᠤ᠂ ᠦᠵᠡᠵᠦ᠍ ᠪᠣᠯᠬᠤ᠂ ᠬᠤᠳᠠᠯᠳᠤᠨ ᠠᠪᠴᠤ᠌ ᠪᠣᠯᠬᠤ᠂ ᠨᠠᠭᠠᠳᠴᠤ᠌ ᠪᠣᠯᠬᠤ》 ᠬᠠᠮ ᠰᠣᠶᠣᠯ ᠤ᠋ᠨ ᠦᠪᠡᠳᠡᠭ᠌ᠰᠢ ᠨᠠᠢᠷ ᠢ᠋ ᠴᠣᠭ᠍ᠴᠠᠯᠠᠵᠤ᠂ ᠪᠥᠬᠥ᠌ ᠣᠷᠣᠨ ᠤ᠋ ᠠᠵᠤ ᠠᠬᠤᠶ ᠵᠢᠨ ᠴᠢᠨᠠᠷ ᠰᠠᠢᠲᠠᠶ ᠬᠥᠭ᠌ᠵᠢᠯᠲᠡ ᠳ᠋ᠤ ᠱᠢᠨ᠎ᠡ ᠬᠥᠳᠡᠯᠭᠡᠬᠦ᠌ ᠬᠦᠴᠦ ᠨᠡᠮᠡᠷᠢᠯᠡᠨ᠂ ᠰᠣᠶᠣᠯ ᠵᠢᠡᠷ ᠠᠷᠠᠳ ᠲᠦ᠍ ᠠᠱᠢᠭ ᠬᠦᠷᠲᠡᠭᠡᠬᠦ᠌ ᠶ᠋ᠢ ᠪᠠᠷᠢᠮᠲᠠᠯᠠᠵᠤ᠂ ᠠᠷᠠᠳ ᠤᠯᠠᠨ ᠤ᠋ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠰᠣᠶᠣᠯ ᠤ᠋ᠨ ᠬᠡᠷᠡᠭ᠌ᠴᠡᠭᠡᠶ᠋ᠢ ᠨᠡᠩ ᠰᠠᠢ᠌ᠨ ᠬᠠᠩᠭᠠᠨ᠂ ᠠᠷᠠᠳ ᠣᠯᠠᠨ ᠤ᠋ ᠰᠣᠶᠣᠯ ᠤ᠋ᠨ ᠬᠦᠷᠲᠡᠮᠵᠢ ᠵᠢᠨ ᠲᠥᠷᠥᠭ᠌ᠳᠡᠯ ᠪᠠ ᠵᠢᠷᠭᠠᠯᠲᠤ ᠲᠥᠷᠥᠭ᠌ᠳᠡᠯ ᠢ᠋ ᠤᠯᠠᠮ ᠨᠢᠭᠡ ᠠᠯᠬᠤᠮ ᠨᠡᠮᠡᠭᠳᠡᠬᠦᠯᠬᠦ ᠵᠢ ᠵᠤᠷᠢᠵᠠᠢ᠃
《ᠡᠨᠡ ᠤᠳᠠᠭ᠎ᠠ ᠣᠷᠣᠨ ᠤ᠋ ᠲᠥᠪ ᠲᠦ᠍ ᠢᠷᠡᠵᠤ ᠴᠢᠬᠤᠯᠠ ᠲᠤᠭᠯᠠᠯᠳᠠ ᠭᠠᠷᠭᠠᠭᠰᠠᠨ ᠶᠠᠪᠤᠳᠠᠯ ᠪᠤᠯ ᠮᠠᠨ ᠤ᠋ ᠤᠯᠠᠭᠠᠨᠮᠥ᠋ᠴᠢᠷ ᠤ᠋ᠨ ᠨᠡᠢᠲᠡ ᠵᠢᠨ ᠠᠰᠠᠷᠠᠮᠵᠢ ᠵᠢᠨ ᠦᠢᠯᠡᠴᠢᠯᠡᠭᠡ ᠡᠴᠡ 〈ᠠᠷᠠᠳ ᠲᠦ᠍ ᠠᠱᠢᠭ ᠬᠦᠷᠲᠡᠭᠡᠬᠦ᠌ + ᠵᠠᠬ᠎ᠠ ᠳᠡᠯᠭᠡᠭᠦᠷᠴᠢᠯᠡᠯᠲᠡ〉 ᠲᠡᠢᠰᠢ ᠬᠥᠭ᠌ᠵᠢᠭ᠌ᠰᠡᠨ ᠵᠠᠩᠭᠢᠯᠠᠭ᠎ᠠ ᠵᠢᠨ ᠦᠢᠯᠡᠳᠦᠯᠭᠡ ᠪᠣᠯᠤᠨ᠎ᠠ᠂ ᠨᠡᠩ ᠴᠤ᠌ ᠬᠢᠩᠭᠠᠨ ᠠᠢᠮᠠᠭ ᠤ᠋ᠨ ᠰᠣᠶᠣᠯ ᠵᠢᠭᠤᠯᠴᠢᠯᠠᠯ ᠤ᠋ᠨ ᠭᠦᠨᠵᠡᠭᠡᠢ ᠠᠭᠤᠰᠤᠯᠴᠠᠯ᠂ ᠤᠳᠭ᠎ᠠ ᠤᠷᠠᠯᠢᠭ ᠤ᠋ᠨ ᠦᠢᠯᠡᠰ ᠤ᠋ᠨ ᠱᠢᠨ᠎ᠡ ᠶ᠋ᠢ ᠡᠭᠦᠳᠬᠦ᠌ ᠬᠥᠭ᠌ᠵᠢᠯᠲᠡ ᠵᠢᠨ ᠠᠮᠢᠳᠤᠯᠢᠭ ᠬᠤᠷᠢᠶᠠᠩᠭᠤᠢ ᠳᠦᠷᠰᠦ ᠪᠣᠯᠤᠨ᠎ᠠ᠃ ᠪᠢᠳᠡ ᠬᠤᠪᠢᠰᠭᠠᠯ ᠤ᠋ᠨ ᠦᠨᠳᠦᠰᠦ ᠤᠯᠠᠮᠵᠢᠯᠠᠯ ᠳ᠋ᠤ ᠰᠠᠭᠤᠷᠢᠯᠠᠨ᠂ ᠰᠣᠳᠣᠨ ᠰᠠᠢᠨ ᠤᠳᠭ᠎ᠠ ᠤᠷᠠᠯᠢᠭ ᠤ᠋ᠨ ᠪᠦᠲᠦᠭᠡᠯ ᠵᠢᠡᠷ ᠤᠮᠠᠷᠠᠲᠤ ᠬᠢᠯᠢ ᠵᠢᠨ ᠴᠣᠭ ᠵᠢᠪᠬᠤᠭ᠎ᠠ ᠶ᠋ᠢ ᠢᠯᠡᠷᠡᠭᠦᠯᠵᠦ᠍᠂ 2026 ᠤᠨ ᠤ᠋ ᠥᠪᠥᠷ ᠮᠣᠩᠭᠣᠯ ᠤ᠋ᠨ ᠰᠣᠶᠣᠯ ᠤ᠋ᠨ ᠠᠵᠢᠯᠯᠠᠭ᠎ᠠ ᠵᠢᠨ ᠤᠯᠠᠷᠢᠯ ᠳ᠋ᠤ ᠬᠡᠷᠡᠯ ᠭᠢᠯᠪᠠᠭ᠎ᠠ ᠨᠡᠮᠡᠷᠢᠯᠡᠨ᠎ᠠ》 ᠭᠡᠵᠦ ᠬᠢᠩᠭᠠᠨ ᠠᠢᠮᠠᠬ ᠤᠨ ᠤᠯᠠᠭᠠᠨᠮᠦ᠋ᠴᠢᠷ ᠤ᠋ᠨ ᠳᠠᠷᠤᠭ᠎ᠠ ᠯᠢ ᠭᠦᠧᠧ ᠶᠢᠦ ᠬᠡᠯᠡᠨ᠎ᠠ᠃
ᠤᠢᠯᠠᠭᠠᠭᠰᠠᠨ ᠵᠢᠡᠷ᠂ 2026 ᠤᠨ ᠤ᠋ ᠥᠪᠥᠷ ᠮᠣᠩᠭᠣᠯ ᠤ᠋ᠨ ᠰᠣᠶᠣᠯ ᠤ᠋ᠨ ᠠᠵᠢᠯᠯᠠᠭ᠎ᠠ ᠵᠢᠨ ᠤᠯᠠᠷᠢᠯ 9 ᠰᠠᠷ᠎ᠠ ᠵᠢᠨ ᠰᠡᠬᠦᠯᠴᠢ ᠪᠤᠯᠳᠠᠯ᠎ᠠ ᠦᠷᠬᠦᠯᠵᠢᠯᠡᠵᠤ᠂ ᠶᠠᠷᠢᠶᠠᠲᠤ ᠵᠦᠴᠦᠭᠡ᠂ ᠪᠥᠵᠢᠭ᠌ᠲᠦ ᠵᠦᠴᠦᠭᠡ᠂ ᠳᠠᠭᠤᠤ ᠬᠥᠭ᠌ᠵᠢᠮᠲᠦ ᠵᠦᠴᠦᠭᠡ᠂ ᠼᠢᠷᠺ᠂ ᠣᠷᠣᠨ ᠨᠤᠲᠤᠭ ᠤ᠋ᠨ ᠰᠢ᠂ ᠬᠡᠦᠬᠡᠳ ᠤ᠋ᠨ ᠵᠦᠴᠦᠭᠡ ᠵᠡᠷᠭᠡ ᠨᠡᠢᠳᠡ 20 ᠭᠠᠷᠤᠢ ᠰᠤᠳᠤᠨ ᠪᠦᠳᠦᠭᠡᠯ ᠤ᠋ᠨ ᠲᠤᠭᠯᠠᠯᠳᠠ ᠭᠠᠷᠭᠠᠬᠤ ᠪᠦᠬᠡᠳ ᠥᠪᠡᠷᠮᠢᠴᠡ ᠣᠨᠴᠠᠯᠢᠭ ᠲᠠᠢ ᠦᠵᠡᠰᠬᠦᠯᠡᠩ ᠦᠵᠡᠭᠦᠯᠭᠡ ᠪᠤᠯᠤᠨ《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭ᠍ᠲᠠᠭᠠᠯ》᠂ 《ᠬᠤᠨ ᠭᠠᠯᠠᠭᠤ》᠂ 《ᠡᠵᠡᠨ᠎ᠠ ᠶ᠋ᠢᠨ ᠠᠭᠤᠯᠵᠠᠯᠲᠠ》 ᠵᠡᠷᠭᠡ ᠰᠣᠶᠣᠯ ᠵᠢᠭᠤᠯᠴᠢᠯᠠᠯ ᠤ᠋ᠨ ᠲᠣᠭ᠍ᠯᠠᠯᠲᠠ ᠭᠠᠷᠭᠠᠵᠤ᠂ ᠪᠠᠰᠠ 《ᠪᠦᠲᠦᠭᠡᠯᠴᠢ ᠥᠪᠥᠷ ᠮᠣᠩᠭᠣᠯ》 ᠱᠢᠷᠢᠰ ᠠᠵᠢᠯᠯᠠᠭ᠎ᠠ ᠪᠤᠯᠤᠨ ᠵᠢᠭᠤᠯᠴᠢᠯᠠᠯ ᠤ᠋ᠨ ᠲᠠᠸᠠᠷ ᠤ᠋ᠨ ᠤᠷᠤᠯᠳᠤᠭᠠᠨ ᠢ᠋ ᠡᠷᠭᠢᠯᠡᠨ᠂ ᠡᠯ᠎ᠡ ᠠᠢᠮᠠᠭ ᠬᠤᠳᠠ ᠡᠴᠡ 12 ᠵᠦᠶ᠋ᠯ ᠤ᠋ᠨ ᠤᠷᠤᠨ ᠨᠤᠳᠤᠭ ᠤ᠋ᠨ ᠲᠥᠷᠥᠯ ᠲᠡᠮᠳᠡᠭ᠌ᠲᠦ᠍ ᠠᠵᠢᠯᠯᠠᠭ᠎ᠠ ᠦᠷᠨᠢᠬᠦᠯᠤᠨ᠎ᠠ᠃ ᠡᠬᠦᠨ ᠤ᠋ ᠬᠠᠮᠳᠤ ᠲᠣᠰᠭᠣᠨ ᠤ᠋ ᠦᠳᠡᠰᠢᠯᠡᠬᠡ᠂ ᠨᠠᠢᠷᠠᠯ ᠳᠠᠭᠤᠤ᠂ ᠠᠭᠤᠳᠠᠮ ᠲᠠᠯᠠᠪᠠᠶ ᠶ᠋ᠢᠨ ᠪᠥᠵᠢᠭ ᠵᠡᠷᠭᠡ ᠣᠯᠠᠨ ᠲᠦᠮᠡᠨᠴᠢ ᠰᠣᠶᠣᠯ ᠤ᠋ᠨ ᠠᠵᠢᠯᠯᠠᠭ᠎ᠠ ᠶ᠋ᠢ ᠦᠷᠭᠦᠯᠵᠢᠯᠡᠨ ᠵᠣᠬᠢᠶᠠᠨ ᠪᠠᠢᠭᠤᠯᠵᠤ᠂ ᠦᠪᠦᠷ ᠮᠤᠨᠭᠭᠤᠯ ᠤ᠋ᠨ ᠬᠦᠯ ᠪᠦᠮᠪᠦᠬᠡ ᠶ᠋ᠢᠨ ᠬᠤᠯᠪᠤᠭᠠᠳᠦ ᠤᠷᠤᠯᠳᠤᠭᠠᠨ᠂ ᠮᠤᠨᠭᠭᠤᠯ ᠮᠤᠷᠢᠨ ᠤ᠋ ᠬᠤᠯᠪᠤᠭᠠᠳᠦ ᠤᠷᠤᠯᠳᠤᠭᠠᠨ ᠵᠡᠷᠭᠡ ᠳ᠋ᠦ ᠰᠣᠶᠣᠯ ᠤ᠋ᠨ ᠠᠵᠢᠯᠯᠠᠭ᠎ᠠ ᠪᠠ ᠤᠷᠠᠨ ᠰᠠᠢᠬᠠᠨ ᠤ᠋ ᠲᠣᠭ᠍ᠯᠠᠯᠲᠠ ᠵᠢ ᠠᠭᠤᠰᠤᠯᠴᠠᠭᠤᠯᠤᠨ᠂ ᠤᠯᠠᠭᠠᠨᠮᠥ᠋ᠴᠢᠷ ᠤ᠋ᠨ 《ᠪᠠᠶᠠᠷ ᠪᠠᠶᠠᠰᠤᠯ ᠬᠦᠷᠭᠡᠬᠦ᠌᠂ ᠪᠣᠯᠪᠠᠰᠤᠨ ᠢ᠋ ᠬᠦᠷᠭᠡᠬᠦ᠌》 ᠦᠨᠳᠦᠰᠦᠨ ᠱᠠᠲᠤᠨ ᠤ᠋ ᠦᠶ᠋ᠯᠡᠴᠢᠯᠡᠭᠡ ᠶ᠋ᠢ ᠥᠷᠭᠡᠨ ᠲᠠᠯᠬᠡᠷ ᠥᠷᠨᠢᠭᠦᠯᠬᠦ ᠪᠤᠯᠤᠨ᠎ᠠ᠃