《ᠠᠥᠭ᠎ᠠ ᠲᠦᠰᠦᠪ》 ᠠᠭᠤᠯᠠ ᠤᠰᠤ ᠵᠢ ᠵᠢᠷᠤᠭᠯᠠᠵᠦ ᠦᠷᠨᠢᠯ ᠬᠦᠭᠵᠢᠯ ᠢ᠋ ᠬᠦᠭᠵᠢᠮᠳᠡᠨ᠎ᠠ
2026-04-28 09:37:56
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠰᠦᠷ ᠶᠡᠬᠡᠳᠡᠢ ᠨᠠᠢᠷᠠᠯ ᠬᠦᠭᠵᠢᠮ ᠰᠦᠷᠯᠢᠭ ᠰᠠᠢᠬᠠᠨ ᠠᠭᠤᠯᠠ ᠤᠰᠤ ᠵᠢ ᠵᠢᠷᠤᠭᠯᠠᠵᠦ᠂ 6000 ᠵᠢᠯ ᠤ᠋ᠨ ᠡᠮᠦᠨᠡᠬᠢ ᠴᠢᠯᠠᠭᠤᠨ ᠵᠢᠮᠰᠡᠭ ᠬᠦᠮᠦᠰ ᠤ᠋ᠨ ᠬᠠᠷᠠᠭ᠎ᠠ ᠵᠢ ᠪᠤᠯᠢᠶᠠᠨ᠎ᠠ᠃ 4 ᠰᠠᠷ᠎ᠠ ᠶ᠋ᠢᠨ 25 ᠤ᠋ ᠤᠷᠤᠢ᠂ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠨᠠᠢᠳᠠᠯᠭ᠎ᠠ ᠪᠡᠷ ᠵᠠᠯᠠᠭᠤ ᠬᠥᠭ᠌ᠵᠢᠮ ᠤ᠋ᠨ ᠵᠣᠬᠢᠶᠠᠯᠴᠢ ᠹᠠᠩ ᠳ᠋ᠦᠩ ᠴᠢᠩ ᠤ᠋ᠨ ᠵᠣᠬᠢᠶᠠᠨ ᠪᠦᠲᠦᠭᠡᠭ᠌ᠰᠡᠨ ᠲᠤᠮᠤ ᠬᠡᠯᠪᠡᠷᠢ ᠶ᠋ᠢᠨ ᠨᠠᠢᠷᠠᠯ ᠬᠥᠭ᠌ᠵᠢᠮ ᠤ᠋ᠨ ᠦᠳᠡᠰᠢᠯᠡᠬᠡ 《ᠠᠥᠭ᠎ᠠ ᠲᠦᠰᠦᠪ》 ᠢ᠋ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠳᠠᠭᠤᠤ ᠬᠥᠭ᠌ᠵᠢᠮ ᠤ᠋ᠨ ᠲᠢᠩᠬᠢᠮ ᠳ᠋ᠦ ᠲᠤᠭᠯᠠᠪᠠ᠃

ᠨᠠᠢᠷᠠᠯ ᠬᠥᠭ᠌ᠵᠢᠮ ᠤ᠋ᠨ ᠦᠳᠡᠰᠢᠯᠡᠬᠡ 《ᠠᠥᠭ᠎ᠠ ᠲᠦᠰᠦᠪ》 ᠪᠤᠯ 2026 ᠤᠨ ᠤ᠋ ᠥᠪᠥᠷ ᠮᠣᠩᠭᠣᠯ ᠤ᠋ᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ ᠱᠢᠷᠢᠰ ᠲᠣᠭ᠍ᠯᠠᠯᠲᠠ ᠶ᠋ᠢᠨ ᠨᠢᠭᠡ ᠪᠠᠢᠵᠤ᠂ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠨᠠᠢᠷᠠᠯ ᠬᠥᠭ᠌ᠵᠢᠮ ᠤ᠋ᠨ ᠪᠦᠯᠬᠦᠮ ᠣᠯᠠᠨ ᠤᠷᠠᠯᠢᠭ᠍ᠴᠢᠨ ᠲᠠᠶ ᠬᠠᠮᠳᠤᠷᠠᠵᠤ᠂ ᠲᠤᠮᠤ ᠬᠡᠯᠪᠡᠷᠢ ᠶ᠋ᠢᠨ ᠨᠠᠢᠷᠠᠯ ᠬᠥᠭ᠌ᠵᠢᠮ ᠢ᠋ᠶ᠋ᠡᠷ ᠰᠠᠭᠤᠷᠢ ᠪᠤᠯᠭᠠᠨ᠂ ᠦᠨᠳᠦᠰᠦᠲᠡᠨ ᠤ᠋ ᠬᠦᠭ᠌ᠵᠢᠮᠳᠡᠬᠦᠷ᠂ ᠳᠠᠭᠤᠯᠠᠬᠤᠢ ᠵᠢᠴᠢ ᠤᠷᠠᠨ ᠤᠩᠱᠢᠯᠭ᠎ᠠ ᠶ᠋ᠢᠨ ᠤᠷᠠᠯᠢᠭ ᠲᠠᠶ ᠠᠭᠤᠰᠤᠯᠴᠠᠭᠤᠯᠵᠤ᠂ ᠥᠪᠥᠷ ᠮᠣᠩᠭᠣᠯ ᠤ᠋ᠨ ᠰᠦᠷ ᠳᠠᠯᠠᠢᠴᠠᠲᠠᠢ ᠬᠥᠭ᠌ᠵᠢᠯᠲᠡ ᠵᠢ ᠵᠢᠷᠤᠭ᠍ᠯᠠᠭ᠍ᠰᠠᠨ ᠡᠨᠡ ᠬᠦ᠌ ᠳᠠᠭᠤᠤ ᠬᠥᠭ᠌ᠵᠢᠮ ᠤ᠋ᠨ ᠴᠤᠭᠯᠠᠭᠠᠨ ᠢ᠋ ᠴᠤᠭᠴᠠᠯᠠᠵᠠᠢ᠃ ᠲᠣᠭ᠍ᠯᠠᠯᠲᠠ ᠵᠢ ᠤᠳᠤᠷᠢᠳᠤᠭᠠᠴᠢ ᠬᠤᠸᠠᠩ ᠢ ᠤᠳᠤᠷᠢᠳᠤᠭᠠᠯᠠᠵᠤ᠂ ᠡᠮᠡᠭ᠌ᠲᠡᠶ ᠬᠠᠩᠭᠢᠨᠠᠮ᠎ᠠ ᠬᠣᠭᠣᠯᠠᠢᠳᠦ ᠳᠠᠭᠤᠴᠢᠨ ᠯᠢᠦ ᡁᠢ ᠶᠦᠨ᠂ ᠯᠦᠸᠧ ᠢᠦᠶ ᠳ᠋ᠠᠨ᠂ ᠡᠷᠡᠭ᠌ᠲᠡᠶ ᠬᠠᠩᠭᠢᠨᠠᠮ᠎ᠠ ᠬᠣᠭᠣᠯᠠᠢᠳᠦ ᠳᠠᠭᠤᠴᠢᠨ ᠵᠧᠩ ᠽᠢ ᠫᠸᠢ ᠵᠢᠴᠢ ᠴᠣᠭ᠂ ᠴᠣᠯᠮᠣᠨ ᠵᠡᠷᠭᠡ ᠮᠣᠷᠢᠨ ᠬᠤᠭᠤᠷᠴᠢᠳ ᠬᠠᠮᠲᠤ ᠪᠠᠷ ᠲᠣᠭ᠍ᠯᠠᠪᠠ᠃ ᠦᠳᠡᠰᠢᠯᠡᠬᠡ ᠨᠢ 《ᠲᠦᠮᠡᠨ ᠠᠬ᠍ᠳᠠ ᠳᠠᠪᠬᠢᠯᠳᠤᠨ ᠱᠢᠨ᠎ᠡ ᠬᠠᠭᠤᠳᠠᠰᠤ ᠵᠢ ᠵᠢᠷᠤᠭ᠍ᠯᠠᠨ᠎ᠠ》᠂ 《ᠰᠦᠷ ᠳᠠᠯᠠᠢᠴᠠᠲᠠᠢ ᠠᠤᠭ᠎ᠠ ᠲᠦᠰᠦᠪ》᠂  《ᠦᠷᠨᠢᠨ ᠬᠦᠭᠵᠢᠭᠰᠡᠨ ᠢᠷᠠᠭᠤ ᠲᠤᠤᠯᠢᠰ》᠂ 《ᠠᠥᠭ᠎ᠠ ᠦᠢᠯᠡᠰ ᠲᠩᠷᠢ ᠭᠠᠵᠠᠷ ᠢ᠋ ᠳᠣᠩᠰᠣᠯᠭᠠᠨ ᠢᠷᠡᠭᠡᠳᠦᠢ ᠵᠦᠭ ᠤᠷᠤᠭ᠍ᠰᠢᠯᠠᠨᠠᠮ》 ᠵᠡᠷᠭᠡ 9 ᠪᠦᠯᠦᠭ ᠲᠤᠭᠯᠠᠯᠳᠠ ᠪᠡᠷ ᠰᠦᠷᠯᠢᠭ ᠰᠠᠢᠬᠠᠨ ᠠᠭᠤᠯᠠ ᠤᠰᠤ ᠵᠢ ᠵᠢᠷᠤᠭ᠍ᠯᠠᠭ᠍ᠰᠠᠨ ᠢ᠋ᠶ᠋ᠠᠷ ᠪᠠᠷᠠᠬᠤ ᠦᠬᠡᠢ ᠪᠠᠰᠠ ᠥᠪᠥᠷ ᠮᠣᠩᠭᠣᠯ ᠤ᠋ᠨ ᠭᠦᠨ ᠵᠤᠵᠠᠭᠠᠨ ᠲᠡᠦᠬᠡ ᠰᠣᠶᠣᠯ ᠢ᠋ ᠮᠥᠷᠳᠡᠵᠦ᠍᠂ ᠳᠠᠭᠤᠤ ᠬᠥᠭ᠌ᠵᠢᠮ ᠢ᠋ᠶ᠋ᠡᠷ ᠥᠪᠥᠷ ᠮᠣᠩᠭᠣᠯ ᠤ᠋ᠨ ᠥᠷᠨᠢᠨ ᠬᠥᠭ᠌ᠵᠢᠭ᠌ᠰᠡᠨ ᠴᠠᠭ ᠦᠶ᠎ᠡ ᠶ᠋ᠢᠨ ᠬᠠᠭᠤᠳᠠᠰᠤ ᠵᠢ ᠪᠦᠷᠢᠨ ᠪᠦᠲᠦᠨ ᠵᠢᠷᠤᠭ᠍ᠯᠠᠵᠠᠢ᠃

ᠦᠳᠡᠰᠢᠯᠡᠬᠡ ᠳ᠋ᠤ ᠮᠣᠷᠢᠨ ᠬᠤᠭᠤᠷ ᠪᠣᠯᠤᠨ ᠨᠠᠢᠷᠠᠯ ᠬᠥᠭ᠌ᠵᠢᠮ ᠤ᠋ᠨ ᠣᠯᠠᠨ ᠳᠠᠪᠬᠤᠷ ᠲᠣᠳᠣᠷᠠᠭᠤᠯᠤᠯᠲᠠ ᠬᠥᠭ᠌ᠵᠢᠮ ᠪᠠᠢᠬᠤ ᠪᠠᠷ ᠪᠠᠷᠠᠬᠤ ᠥᠬᠡᠶ ᠪᠠᠰᠠ ᠡᠯᠬᠥᠯᠴᠡᠭᠡ  ᠵᠦᠴᠦᠭᠡ᠂ ᠥᠯᠢᠭᠡᠷ ᠵᠡᠷᠭᠡ ᠪᠣᠳᠠᠰ ᠤ᠋ᠨ ᠪᠤᠰᠤ ᠰᠣᠶᠣᠯ ᠤ᠋ᠨ ᠥᠪ ᠢ᠋ ᠤᠷᠠᠨ ᠵᠢᠡᠷ ᠲᠤᠭᠯᠠᠵᠦ᠂ ᠲᠠᠯᠠᠪᠤᠷ ᠤ᠋ᠨ ᠳᠣᠲᠣᠨ᠎ᠠ ᠭᠠᠳᠠᠨᠠᠬᠢ ᠪᠢᠰᠬᠢᠬᠦᠷ ᠤ᠋ᠨ ᠨᠠᠢᠷᠠᠯ ᠬᠥᠭ᠌ᠵᠢᠮ ᠵᠡᠷᠭᠡ ᠪᠠᠶᠠᠯᠢᠭ ᠬᠡᠯᠪᠡᠷᠢ ᠵᠢ ᠠᠰᠢᠭᠯᠠᠵᠠᠢ᠃ ᠳᠠᠭᠤᠤ ᠬᠥᠭ᠌ᠵᠢᠮ ᠤ᠋ᠨ ᠦᠳᠡᠰᠢᠯᠡᠬᠡ ᠳᠡᠭᠡᠷ᠎ᠡ ᠠᠤᠬᠠᠨ ᠬᠣᠱᠢᠭᠤᠨ ᠤ᠋ ᠣᠲᠣ ᠡᠴᠡ 6000 ᠵᠢᠯ ᠤ᠋ᠨ ᠡᠮᠦᠨᠡᠬᠢ ᠶᠤᠸᠠᠨ ᠪᠦᠦ ᠱᠠᠨ ᠤ᠋ ᠲᠡᠥᠬᠡ ᠵᠢᠨ ᠲᠤᠷᠠᠰᠬᠠᠯᠳᠦ ᠴᠢᠯᠠᠭᠤ ᠪᠠ ᠠᠤᠬᠠᠨ ᠬᠣᠱᠢᠭᠤᠨ ᠤ᠋ ᠬᠠᠳᠠᠭᠠᠯᠠᠵᠤ ᠪᠠᠢᠭ᠎ᠠ ᠡᠷᠲᠡᠨ ᠤ᠋ ᠴᠢᠯᠠᠭᠤᠨ ᠶᠠᠲᠤᠭ᠎ᠠ ᠵᠢ ᠦᠵᠡᠬᠦᠯᠵᠦ᠂ ᠬᠦᠮᠦᠰ ᠤ᠋ᠨ ᠠᠩᠠᠬᠷᠤᠯ ᠢ᠋ ᠳᠠᠳᠠᠵᠠᠢ᠃ 《ᠳᠠᠭᠤᠤ ᠬᠥᠭ᠌ᠵᠢᠮ ᠤ᠋ᠨ ᠪᠦᠲᠦᠭᠡᠯ ᠳ᠋ᠤ ᠲᠡᠦᠬᠡ ᠶ᠋ᠢᠨ ᠦᠨᠡᠨ ᠢ᠋ ᠤᠯᠠᠮᠵᠢᠯᠠᠬᠤ ᠪᠠᠷ ᠪᠠᠷᠠᠬᠤ ᠦᠭᠡᠢ ᠪᠠᠰᠠ ᠴᠠᠭ ᠦᠶ᠎ᠡ ᠶ᠋ᠢᠨ ᠪᠠᠢᠳᠠᠯ ᠢ᠋ ᠢᠯᠡᠷᠡᠭᠦᠯᠵᠦ᠍᠂ ᠥᠪᠥᠷ ᠮᠣᠩᠭᠣᠯ ᠤ᠋ᠨ ᠥᠪᠡᠷᠮᠢᠴᠡ ᠷᠢᠳᠢ ᠱᠢᠳᠢ ᠵᠢ ᠬᠠᠷᠠᠭᠤᠯᠤᠨ᠂ ᠳᠡᠯᠡᠬᠡᠢ ᠶ᠋ᠢᠨ ᠳᠠᠭᠤᠤ ᠬᠥᠭ᠌ᠵᠢᠮ ᠤ᠋ᠨ ᠦᠭᠡ ᠬᠡᠯᠡ ᠲᠡᠶ ᠵᠣᠯᠭᠠᠭᠤᠯᠬᠤ ᠴᠢᠬᠤᠯᠠ ᠲᠠᠢ᠃ ᠡᠢᠮᠦ ᠡᠴᠡ ᠪᠢ ᠢᠵᠢ ᠠᠶ᠎ᠠ ᠶ᠋ᠢᠨ ᠬᠡᠯᠪᠡᠷᠢ ᠪᠡᠷ ᠣᠷᠣᠱᠢᠯ ᠠᠶ᠎ᠠ ᠪᠤᠯᠤᠨ 9 ᠪᠦᠯᠦᠭ ᠬᠦᠭᠵᠢᠮ ᠢ᠋ᠶ᠋ᠡᠷ ᠥᠪᠥᠷ ᠮᠣᠩᠭᠣᠯ ᠤ᠋ᠨ ᠥᠩᠭᠡᠷᠡᠭ᠌ᠰᠡᠨ ᠤᠳᠤ ᠢᠷᠡᠭᠡᠳᠦᠢ ᠵᠢ ᠬᠣᠯᠪᠣᠵᠤ᠂ ᠳᠠᠭᠤᠤ ᠬᠥᠭ᠌ᠵᠢᠮ ᠢ᠋ᠶ᠋ᠡᠷ ᠡᠨᠡ ᠬᠦ᠌ ᠡᠬᠡᠯᠢᠳᠦ ᠨᠤᠲᠤᠭ ᠤᠷᠤᠨ ᠢ᠋ ᠵᠢᠷᠤᠭ᠍ᠯᠠᠬᠰᠠᠨ ᠶᠤᠮ》 ᠭᠡᠵᠦ ᠹᠠᠩ ᠳ᠋ᠦᠩ ᠴᠢᠩ ᠬᠡᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号