ᠰᠢ ᠵᠢᠨ ᠫᠢᠩ ᠴᠠᠬᠢᠯᠭᠠᠨ ᠴᠢᠮᠡᠭᠡ ᠶᠠᠪᠤᠭᠤᠯᠵᠤ ᠰᠦ᠍ ᠯᠢᠨ ᠤ᠋ ᠸᠢᠶᠧᠲ᠋ᠨᠠᠮ᠎ᠤᠨ ᠤᠯᠤᠰ᠎ᠤᠨ ᠲᠡᠷᠢᠭᠦᠯᠡᠭ᠌ᠴᠢ᠎ᠪᠡᠷ ᠰᠣᠩᠭᠣᠭ᠍ᠳᠠᠭ᠍ᠰᠠᠨ᠎ᠳᠤ ᠪᠠᠶᠠᠷ ᠬᠦᠷᠭᠡᠪᠡ
2026-04-08 09:46:53
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠯᠢ ᠴᠢᠶᠠᠩ ᠴᠠᠬᠢᠯᠭᠠᠨ ᠴᠢᠮᠡᠭᠡ ᠶᠠᠪᠤᠭᠤᠯᠵᠤ   ᠯᠢ ᠮᠢᠩ ᠱᠢᠩ ᠤ᠋ᠨ ᠸᠢᠶ᠍ᠸᠲ᠋ᠨᠠᠮ᠎ᠤᠨ ᠵᠠᠰᠠᠭ᠎ᠤᠨ ᠣᠷᠳᠣᠨ᠎ᠤ ᠶᠡᠷᠦᠩᠬᠡᠢ ᠰᠠᠢᠳ᠎ᠢᠶᠠᠷ ᠰᠣᠩᠭᠣᠭ᠍ᠳᠠᠭ᠍ᠰᠠᠨ᠎ᠳᠤ ᠪᠠᠶᠠᠷ ᠬᠦᠷᠭᠡᠵᠡᠢ


4 ᠰᠠᠷ᠎ᠠ᠎ᠶ᠋ᠢᠨ 7᠎ᠤ᠋ ᠡᠳᠦᠷ᠂ ᠲᠤᠮᠳᠠᠳᠤ ᠤᠯᠤᠰ ᠤ᠋ᠨ ᠡᠪ ᠬᠠᠮᠳᠤ ᠨᠠᠮ᠎ᠤᠨ ᠲᠥᠪ ᠬᠣᠷᠢᠶ᠎ᠠ ᠵᠢᠨ ᠶᠡᠷᠦᠩᠬᠡᠶ ᠱᠦᠵᠢ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠰᠦ᠍ ᠯᠢᠨ᠎ᠳᠦ ᠴᠠᠬᠢᠯᠭᠠᠨ ᠴᠢᠮᠡᠭᠡ ᠶᠠᠪᠤᠭᠤᠯᠵᠤ᠂ ᠲᠡᠭᠦᠨ᠎ᠦ ᠸᠢᠶᠧᠲ᠋ᠨᠠᠮ᠎ᠤᠨ ᠤᠯᠤᠰ᠎ᠤᠨ ᠲᠡᠷᠢᠭᠦᠯᠡᠭ᠌ᠴᠢ᠎ᠪᠡᠷ ᠰᠣᠩᠭᠣᠭ᠍ᠳᠠᠭ᠍ᠰᠠᠨ᠎ᠳᠤ ᠪᠠᠶᠠᠷ ᠬᠦᠷᠭᠡᠪᠡ᠃

ᠰᠢ ᠵᠢᠨ ᠫᠢᠩ᠂ ᠳᠤᠮᠳᠠᠳᠤ ᠸᠢᠶ᠍ᠸᠲ᠋ᠨᠠᠮ ᠬᠣᠶᠠᠷ ᠤᠯᠤᠰ ᠪᠣᠯ ᠪᠠᠢᠯᠳᠤᠬᠤ ᠪᠤᠳᠤᠯᠭ᠎ᠠ᠎ᠶ᠋ᠢᠨ ᠠᠴᠢ ᠬᠣᠯᠪᠣᠭ᠍ᠳᠠᠯ ᠲᠠᠶ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ ᠮᠥᠨ᠃ ᠤᠢ᠍ᠢᠷ᠎ᠠ᠎ᠶ᠋ᠢᠨ ᠵᠢᠯ᠎ᠳ᠋ᠤ᠂ ᠬᠣᠶᠠᠷ ᠨᠠᠮ ᠬᠣᠶᠠᠷ ᠤᠯᠤᠰ᠎ᠤᠨ ᠤᠳᠤᠷᠢᠳᠭᠤ ᠬᠥᠮᠦᠨ᠎ᠦ ᠬᠠᠮᠲᠤ᠎ᠶ᠋ᠢᠨ ᠳᠠᠭᠠᠭᠤᠯᠭ᠎ᠠ ᠪᠠ ᠠᠬᠢᠭᠤᠯᠤᠯ ᠳᠣᠣᠷ᠎ᠠ᠂ ᠳᠤᠮᠳᠠᠳᠤ ᠸᠢᠶ᠍ᠸᠲ᠋ᠨᠠᠮ᠎ᠤᠨ ᠬᠠᠷᠢᠯᠴᠠᠭ᠎ᠠ ᠲᠠᠪᠠᠯᠳᠠᠳᠤ ᠬᠥᠭ᠌ᠵᠢᠯᠲᠡ᠎ᠶ᠋ᠢ ᠪᠡᠶᠡᠯᠡᠭᠦᠯᠵᠦ᠍᠂ ᠪᠦᠬᠦ᠌ ᠲᠠᠯ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠬᠠᠮᠲᠤᠷᠠᠯᠴᠠᠭ᠎ᠠ ᠪᠠᠶᠠᠯᠢᠭ ᠦᠷ᠎ᠡ ᠪᠦᠲᠦᠭᠡᠯ ᠣᠯᠵᠤ᠂ ᠬᠣᠶᠠᠷ ᠤᠯᠤᠰ᠎ᠤᠨ ᠠᠷᠠᠳ ᠲᠦᠮᠡᠨ᠎ᠳᠦ ᠦᠨᠡᠨ ᠪᠣᠳᠠᠲᠠᠢ ᠪᠤᠶᠠᠨ ᠦᠢᠯᠡᠳᠴᠠᠢ᠃ ᠵᠢᠯ ᠤ᠋ᠨ ᠡᠬᠢᠨ ᠡᠴᠡ ᠨᠠᠭᠠᠰᠢ᠂ ᠬᠣᠶᠠᠷ ᠲᠠᠯ᠎ᠠ᠎ᠪᠠᠷ᠎ᠢᠶᠠᠨ ᠳᠡᠭᠡᠳᠦ ᠳᠠᠪᠬᠤᠷᠭ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠤᠯᠤᠯᠴᠠᠭ᠎ᠠ᠎ᠪᠠᠨ ᠪᠠᠲᠤᠯᠠᠵᠤ᠂ ᠪᠦᠬᠦ᠌ ᠲᠠᠯ᠎ᠠ᠎ᠶ᠋ᠢᠨ ᠬᠠᠷᠢᠯᠴᠠᠨ ᠠᠱᠢᠭ᠍ᠲᠠᠢ ᠬᠠᠮᠲᠤᠷᠠᠯᠴᠠᠭ᠎ᠠ᠎ᠶ᠋ᠢ ᠦᠷᠭᠦᠯᠵᠢᠯᠡᠨ ᠠᠬᠢᠭᠤᠯᠵᠤ᠂ 《ᠨᠥᠬᠥᠷ ᠪᠥᠭᠡᠳ ᠠᠬ᠎ᠠ ᠳᠡᠭᠦᠦ》 ᠵᠢᠨ ᠭᠦᠨ ᠵᠤᠵᠠᠭᠠᠨ ᠨᠥᠬᠥᠷᠯᠡᠯ᠎ᠢ ᠭᠦᠢᠴᠡᠳ ᠢᠯᠡᠷᠡᠭᠦᠯᠵᠠᠢ ᠭᠡᠵᠤ ᠵᠢᠭᠠᠵᠤ ᠭᠠᠷᠭᠠᠪᠠ᠃

ᠰᠢ ᠵᠢᠨ ᠫᠢᠩ᠂ ᠲᠦᠷᠭᠡᠨ ᠤᠯᠠᠷᠢᠨ ᠬᠤᠪᠢᠷᠠᠵᠤ ᠪᠠᠢᠭ᠎ᠠ ᠳᠡᠯᠡᠬᠡᠢ ᠳ᠋ᠠᠬᠢᠨ ᠤ᠋ ᠵᠠᠭᠤᠨ ᠵᠢᠯ᠎ᠳ᠋ᠤ ᠲᠤᠬᠢᠶᠠᠯᠳᠤᠭ᠎ᠠ ᠦᠭᠡᠢ ᠶᠡᠭᠡ ᠬᠤᠪᠢᠰᠤᠯᠳᠠ᠎ᠶ᠋ᠢᠨ ᠡᠮᠦᠨ᠎ᠡ᠂ ᠳᠤᠮᠳᠠᠳᠤ ᠸᠢᠶ᠍ᠸᠲ᠋ᠨᠠᠮ ᠬᠣᠶᠠᠷ ᠲᠠᠯ᠎ᠠ᠎ᠶ᠋ᠢᠨ ᠪᠦᠯᠬᠦᠮᠳᠡᠯ ᠬᠠᠮᠵᠢᠯᠴᠠᠭ᠎ᠠ᠎ᠪᠠᠨ ᠴᠢᠩᠭᠠᠳᠭᠠᠬᠤ ᠨᠢ ᠬᠣᠶᠠᠷ ᠨᠠᠮ ᠬᠣᠶᠠᠷ ᠤᠯᠤᠰ᠎ᠤᠨ ᠬᠠᠮᠲᠤ᠎ᠶ᠋ᠢᠨ ᠠᠱᠢᠭ ᠲᠤᠰᠠ᠎ᠲᠠᠶ ᠨᠡᠢᠴᠡᠨ᠎ᠡ᠃ ᠪᠢ ᠳᠤᠮᠳᠠᠳᠤ ᠸᠢᠶ᠍ᠸᠲ᠋ᠨᠠᠮ᠎ᠤᠨ ᠬᠣᠶᠠᠷ ᠨᠠᠮ ᠬᠣᠶᠠᠷ ᠤᠯᠤᠰ᠎ᠤᠨ ᠬᠠᠷᠢᠯᠴᠠᠭ᠎ᠠ᠎ᠶ᠋ᠢᠨ ᠬᠥᠭ᠌ᠵᠢᠯᠲᠡ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠳᠤᠷᠠᠲᠠᠶ᠎ᠠ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ ᠰᠣ᠌ ᠯᠢᠨ᠎ᠯᠤᠭᠡ ᠬᠠᠮᠲᠤ᠎ᠪᠠᠷ ᠴᠢᠷᠮᠠᠢᠵᠤ᠂ ᠬᠥᠭ᠌ᠵᠢᠨ ᠮᠠᠨᠳᠤᠯᠳᠠ᠎ᠶ᠋ᠢ ᠬᠠᠮᠲᠤ᠎ᠪᠠᠷ ᠡᠷᠢᠯᠬᠢᠯᠡᠵᠦ᠍᠂ ᠳᠤᠮᠳᠠᠳᠤ ᠸᠢᠶ᠍ᠸᠲ᠋ᠨᠠᠮ᠎ᠤᠨ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠎ᠶ᠋ᠢᠨ ᠦᠷᠭᠦᠯᠵᠢᠯᠡᠨ ᠤᠷᠤᠬ᠍ᠰᠢ ᠠᠬᠢᠬᠤ᠎ᠶ᠋ᠢ ᠬᠦᠳᠦᠯᠦᠨ ᠳᠠᠭᠠᠭᠤᠯᠵᠤ᠂ ᠲᠤᠰ ᠲᠤᠰ᠎ᠤᠨ᠎ᠢᠶᠠᠨ ᠨᠡᠢᠭᠡᠮ ᠵᠢᠷᠤᠮ᠎ᠤᠨ ᠦᠢᠯᠡᠰ᠎ᠢ ᠲᠠᠰᠤᠷᠠᠯᠳᠠ ᠦᠭᠡᠢ ᠪᠤᠵᠠᠭᠠᠢᠷᠠᠭᠤᠯᠵᠤ᠂ ᠬᠣᠶᠠᠷ ᠤᠯᠤᠰ᠎ᠤᠨ ᠠᠷᠠᠳ ᠲᠦᠮᠡᠨ᠎ᠳᠦ ᠨᠡᠩ ᠰᠠᠢ᠌ᠳᠤᠷ ᠪᠤᠶᠠᠨ ᠦᠢᠯᠡᠳᠴᠦ᠍᠂ ᠭᠠᠵᠠᠷ ᠣᠷᠣᠨ ᠴᠢᠨᠠᠭ᠍ᠰᠢᠯᠠᠪᠠᠯ ᠳᠡᠯᠡᠬᠡᠢ ᠳ᠋ᠠᠬᠢᠨ᠎ᠳᠤ ᠲᠣᠭ᠍ᠲᠠᠭᠤᠨ ᠴᠢᠨᠠᠷ ᠪᠠ ᠢᠳᠡᠪᠬᠢ ᠬᠦᠴᠦᠨ ᠨᠡᠮᠡᠷᠢᠯᠡᠨ᠎ᠡ ᠭᠡᠵᠦ᠍ ᠴᠢᠬᠤᠯᠠᠴᠢᠯᠠᠪᠠ᠃

ᠲᠤᠰ ᠡᠳᠦᠷ᠂ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ ᠵᠢᠨ ᠶᠡᠷᠦᠩᠬᠡᠢ ᠰᠠᠢᠳ ᠯᠢ ᠴᠢᠶᠠᠩ ᠴᠠᠬᠢᠯᠭᠠᠨ ᠴᠢᠮᠡᠭᠡ ᠶᠠᠪᠤᠭᠤᠯᠵᠤ ᠯᠢ ᠮᠢᠩ ᠱᠢᠩ ᠤ᠋ᠨ ᠸᠢᠶ᠍ᠸᠲ᠋ᠨᠠᠮ᠎ᠤᠨ ᠵᠠᠰᠠᠭ᠎ᠤᠨ ᠣᠷᠳᠣᠨ᠎ᠤ ᠶᠡᠷᠦᠩᠬᠡᠢ ᠰᠠᠢᠳ᠎ᠢᠶᠠᠷ ᠰᠣᠩᠭᠣᠭ᠍ᠳᠠᠭ᠍ᠰᠠᠨ᠎ᠳᠤ ᠪᠠᠶᠠᠷ ᠬᠦᠷᠭᠡᠵᠦ᠍᠂ ᠳᠤᠷᠠᠲᠠᠶ᠎ᠠ ᠶᠡᠷᠦᠩᠬᠡᠢ ᠰᠠᠢᠳ ᠯᠢ ᠮᠢᠩ ᠱᠢᠩ ᠯᠤᠭᠡ ᠬᠠᠮᠲᠤ᠎ᠪᠠᠷ ᠴᠢᠷᠮᠠᠢᠵᠤ᠂ ᠬᠣᠶᠠᠷ ᠨᠠᠮ ᠬᠣᠶᠠᠷ ᠤᠯᠤᠰ᠎ᠤᠨ ᠬᠠᠮᠤᠭ᠎ᠤᠨ ᠳᠡᠭᠡᠳᠦ ᠤᠳᠤᠷᠢᠳᠭᠤ ᠬᠥᠮᠦᠨ᠎ᠦ ᠴᠢᠬᠤᠯᠠ ᠬᠠᠮᠲᠤ᠎ᠶ᠋ᠢᠨ ᠲᠠᠨᠢᠯᠲᠠ᠎ᠪᠠᠷ ᠦᠨᠳᠦᠰᠦᠨ ᠵᠢᠷᠤᠮᠯᠠᠯ ᠪᠣᠯᠭᠠᠵᠤ᠂ ᠬᠠᠷᠢᠯᠴᠠᠨ ᠠᠱᠢᠭ᠍ᠲᠠᠢ ᠬᠠᠮᠲᠤ᠎ᠪᠠᠷ ᠠᠱᠢᠭ ᠬᠦᠷᠳᠡᠬᠦ᠌ ᠬᠠᠮᠲᠤᠷᠠᠯᠴᠠᠭᠠᠨ᠎ᠤ ᠪᠠᠢᠷᠢᠱᠢᠯ᠎ᠢ ᠲᠦᠷᠭᠡᠳᠭᠡᠨ ᠪᠠᠢᠭᠤᠯᠵᠤ᠂ ᠪᠠᠢᠯᠳᠤᠬᠤ ᠪᠤᠳᠤᠯᠭ᠎ᠠ᠎ᠶ᠋ᠢᠨ ᠠᠴᠢ ᠬᠣᠯᠪᠣᠭ᠍ᠳᠠᠯ᠎ᠲᠠᠶ ᠳᠤᠮᠳᠠᠳᠤ ᠸᠢᠶ᠍ᠸᠲ᠋ᠨᠠᠮ᠎ᠤᠨ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠎ᠶ᠋ᠢ ᠠᠬᠢᠭᠤᠯᠬᠤ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ ᠭᠡᠵᠦ᠍ ᠢᠯᠡᠳᠭᠡᠪᠡ᠃

 (ᠱᠢᠨᠬᠤᠸᠠ ᠬᠣᠷᠢᠶ᠎ᠠ ᠵᠢᠨ ᠪᠡᠭᠡᠵᠢᠩ᠎ᠦᠨ 4 ᠰᠠᠷ᠎ᠠ᠎ᠶ᠋ᠢᠨ 7 ᠎ᠤ᠋ ᠴᠠᠬᠢᠯᠭᠠᠨ ᠮᠡᠳᠡᠭᠡ)  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号