ᠤᠯᠠᠨ᠎ᠤ ᠳᠤᠮᠳᠠ ᠦᠭᠡ ᠪᠠᠨ ᠬᠢᠴᠢᠶᠠ
2026-04-08 10:02:17
ᠵᠣᠬᠢᠶᠠᠭ᠍ᠴᠢ᠄
ᠢᠤᠢ ᠯᠢᠨ
ᠣᠩᠱᠢᠭ᠍ᠰᠠᠨ ᠣᠳᠠᠭ᠎ᠠ᠄
★★★☆☆

ᠬᠡᠯᠡᠬᠦ ᠪᠠᠨ ᠬᠢᠴᠢᠶᠡᠵᠦ ᠬᠢᠬᠦ ᠪᠠᠨ ᠬᠡᠷᠰᠡᠤᠯᠡᠬᠦ ᠨᠢ ᠦᠵᠡᠬᠦ᠎ᠳᠦ ᠲᠦᠭᠦᠮᠬᠡᠨ ᠬᠡᠳᠤᠨ ᠦᠭᠡ ᠪᠤᠯᠪᠠᠴᠦ ᠬᠦᠮᠦᠨ᠎ᠤ ᠨᠢᠭᠡ ᠨᠠᠰᠤᠨ᠎ᠤ ᠠᠮᠢᠳᠤᠷᠠᠬᠤᠢ ᠤᠷᠤᠰᠢᠬᠤᠢ᠎ᠵᠢᠨ ᠶᠤᠰᠤ ᠵᠦᠢ ᠪᠠ ᠤᠠᠬᠭ᠎ᠠ ᠪᠢᠯᠢᠭ᠎ᠢ ᠬᠠᠷᠠᠭᠤᠯᠵᠦ ᠪᠠᠢᠳᠠᠭ᠃

ᠨᠠᠢᠭᠡᠮ᠎ᠤᠨ ᠬᠦᠭᠵᠢᠯᠳᠡ ᠵᠢᠨ ᠶᠡᠬᠡ ᠤᠷᠤᠰᠬᠠᠯ᠎ᠢ ᠳᠠᠭᠠᠯᠳᠤᠨ᠂ ᠬᠦᠮᠦᠰ᠎ᠤᠨ ᠬᠤᠭᠤᠷᠤᠨᠳᠤᠬᠢ ᠬᠠᠷᠢᠯᠴᠠᠭ᠎ᠠ ᠨᠡᠩ ᠦᠷᠭᠡᠨ ᠳᠡᠯᠭᠡᠷ ᠮᠦᠷᠳᠡᠭᠡᠨ ᠨᠡᠩ ᠪᠤᠳᠤᠯᠢᠶᠠᠨᠳᠠᠢ ᠪᠤᠯᠵᠦ ᠪᠠᠢᠬᠤ ᠨᠢ ᠶᠠᠷᠢᠶᠠᠨ ᠦᠭᠡᠢ᠃ ᠭᠠᠷ ᠤᠳᠠᠰᠤ᠂ ᠰᠦᠯᠵᠢᠶ᠎ᠡ᠂ ᠵᠢᠷᠬᠢᠶ᠎ᠡ᠂ ᠤᠬᠤᠷ ᠸᠢᠳᠢᠤ᠋ ᠵᠡᠷᠭᠡ ᠨᠢ ᠤᠳᠤᠬᠢ ᠨᠡᠢᠭᠡᠮ᠎ᠤᠨ ᠶᠠᠷᠢᠶ᠎ᠡ ᠬᠡᠯᠡᠯᠴᠡᠭᠡᠨ᠎ᠤ ᠬᠠᠯᠠᠮᠰᠢᠯ ᠰᠢᠨ᠎ᠡ ᠵᠠᠭᠤᠴᠢᠯᠠᠭᠤᠷ ᠪᠤᠯᠵᠦ᠂ ᠬᠦᠮᠦᠰ᠎ᠤᠨ ᠬᠤᠭᠤᠷᠤᠨᠳᠤᠬᠢ ᠬᠠᠷᠢᠴᠠᠭ᠎ᠠ ᠵᠢ ᠤᠷᠢᠳ ᠡᠮᠦᠨ᠎ᠡ ᠭᠠᠷᠤᠭ᠎ᠠ ᠦᠭᠡᠢ 《ᠬᠥᠨᠭᠬᠡᠨ ᠴᠢᠯᠦᠭᠡᠳᠡᠢ》 ᠮᠦᠷᠳᠡᠭᠡᠨ 《ᠦᠷᠭᠡᠨ ᠳᠡᠯᠭᠡᠷ》 ᠪᠤᠯᠭᠠᠵᠦ᠂ 《ᠬᠦᠮᠦᠨ ᠪᠦᠬᠦᠨ ᠵᠠᠭᠤᠴᠢᠯᠠᠭᠤᠷ》 ᠪᠤᠯᠤᠬᠰᠠᠨ ᠰᠢᠨ᠎ᠡ ᠪᠠᠢᠳᠠᠯ᠎ᠢ ᠪᠤᠢ ᠪᠤᠯᠭᠠᠬᠰᠠᠨ ᠬᠡᠯᠲᠡᠢ ᠃

ᠭᠡᠳᠡᠯ᠎ᠡ ᠤᠬᠤᠷ ᠸᠢᠳᠢᠤ᠋᠂ ᠵᠢᠷᠭᠢᠶ᠎ᠡ ᠵᠢᠨ ᠨᠠᠢᠵᠠ ᠵᠢᠨ ᠲᠤᠭᠤᠷᠢᠭ᠂ ᠴᠤᠤᠷᠢᠶ᠎ᠠ ᠵᠡᠷᠭᠡ ᠳᠠᠪᠴᠠᠩ᠎ᠤᠨ ᠬᠤᠪᠢ ᠵᠢᠨ ᠵᠠᠭᠤᠴᠢᠯᠠᠭᠤᠷ᠎ᠵᠢᠡᠷ ᠳᠠᠮᠵᠢᠬᠰᠠᠨ ᠵᠤᠬᠢᠰ ᠦᠭᠡᠢ ᠶᠠᠷᠢᠶ᠎ᠠ ᠬᠡᠯᠡᠯᠴᠡᠭᠡ᠂ ᠲᠦᠪ ᠪᠤᠰᠤ ᠦᠢᠯᠡ ᠠᠵᠢᠯᠯᠠᠭ᠎ᠠ ᠡᠴᠡ ᠪᠤᠯᠤᠬᠰᠠᠨ ᠠᠰᠠᠭᠤᠳᠠᠯ ᠪᠠᠢᠨ ᠳᠠᠬᠢᠨ ᠡᠬᠦᠰᠴᠦ᠂ ᠤᠯᠠᠨ᠎ᠤ ᠳᠤᠷ᠎ᠠ ᠦᠭᠡᠢᠴᠡᠯ᠂ ᠵᠢᠮᠡᠯᠡᠯ ᠰᠢᠭᠦᠮᠵᠢᠯᠡᠯ ᠴᠢᠨᠠᠬᠰᠢᠯᠠᠨ ᠬᠠᠤᠯᠢ ᠴᠠᠭᠠᠵᠠ ᠲᠦᠷᠢᠮ ᠳᠤᠬᠳᠠᠭᠠᠯ᠎ᠤᠨ ᠳᠤᠷᠭᠠᠭᠤᠯᠢ ᠵᠠᠯᠬᠠᠭᠠᠯ᠎ᠢ ᠬᠦᠷᠳᠡᠵᠦ ᠪᠠᠢᠳᠠᠭ ᠨᠢ ᠬᠠᠷᠠᠮᠰᠠᠯᠳᠠᠢ᠃

ᠢᠨᠲᠸᠷ ᠰᠦᠯᠵᠢᠶ᠎ᠡ ᠨᠢ ᠬᠦᠮᠦᠨ ᠲᠦᠷᠦᠯᠬᠢᠳᠡᠨ᠎ᠤ ᠬᠦᠭᠵᠢᠯᠳᠡ ᠵᠢᠨ ᠴᠢᠬᠤᠯᠠ ᠨᠢᠭᠡᠨ ᠦᠷ᠎ᠡ ᠪᠦᠳᠦᠭᠡᠯ ᠪᠤᠯᠤᠬᠰᠠᠨ᠎ᠤ ᠬᠤᠪᠢ᠎ᠳᠦ ᠠᠵᠦ ᠠᠬᠤᠢ ᠨᠡᠢᠭᠡᠮ᠎ᠤᠨ ᠬᠦᠭᠵᠢᠯᠳᠡ᠎ᠳᠦ ᠯᠤᠳᠦ ᠶᠡᠬᠡ ᠬᠤᠪᠢᠷᠠᠯᠳᠠ ᠠᠪᠴᠢᠷᠠᠵᠤ᠂ ᠡᠬᠦᠨ᠎ᠤ ᠤᠯᠠᠮ ᠡᠴᠡ ᠬᠦᠮᠦᠨ ᠬᠦᠮᠦᠨ᠎ᠤ ᠬᠤᠭᠤᠷᠤᠨᠳᠤᠬᠢ ᠬᠠᠷᠢᠴᠠᠭ᠎ᠠ᠎ᠳᠦ ᠬᠤᠪᠢᠰᠤᠯᠳᠠ ᠭᠠᠷᠭᠠᠬᠰᠠᠨ ᠮᠦᠷᠳᠡᠭᠡᠨ ᠨᠠᠷᠢᠨ ᠪᠤᠳᠤᠯᠢᠶᠠᠨᠳᠠᠢ ᠪᠤᠯᠭᠠᠬᠰᠠᠨ ᠪᠠᠢᠳᠠᠭ᠃ ᠭᠡᠳᠡᠯ᠎ᠡ ᠰᠦᠯᠵᠢᠶ᠎ᠡ ᠵᠢᠨ ᠤᠷᠤᠨ ᠵᠠᠢ ᠨᠢ ᠬᠠᠤᠯᠢ ᠴᠠᠭᠠᠵᠠ ᠵᠢᠨ ᠬᠤᠭᠤᠰᠤᠨ ᠤᠷᠤᠨ ᠪᠢᠰᠢ᠂ ᠪᠠᠭ᠎ᠠ ᠡᠴᠡ ᠬᠤᠪᠢ ᠬᠦᠮᠦᠨ᠎ᠤ ᠵᠦᠢ ᠵᠤᠬᠢᠰ ᠦᠭᠡᠢ ᠦᠭᠡ ᠶᠠᠷᠢᠶ᠎ᠠ᠂ ᠶᠡᠬᠡ ᠡᠴᠡ ᠨᠡᠢᠭᠡᠮ ᠨᠡᠢᠳᠡ ᠵᠢᠨ ᠤᠴᠢᠷ ᠶᠠᠪᠤᠳᠠᠯ᠎ᠢ ᠬᠠᠭᠤᠷᠮᠠᠬᠯᠠᠬᠰᠠᠨ ᠭᠠᠵᠢᠭᠤᠳᠠᠭᠤᠯᠤᠬᠰᠠᠨ ᠮᠡᠳᠡᠭᠡ ᠵᠠᠩᠬᠢ ᠵᠡᠷᠭᠡ ᠨᠢ ᠪᠦᠷ ᠳᠤᠬᠠᠢ ᠵᠢᠨ ᠬᠦᠮᠦᠨ᠎ᠤ ᠡᠷᠬᠡ ᠠᠰᠢᠭ᠎ᠲᠦ ᠬᠠᠯᠳᠠᠬᠤ᠂ ᠴᠢᠨᠠᠬᠰᠢᠯᠠᠨ ᠨᠡᠢᠭᠡᠮ᠎ᠤᠨ ᠡᠮᠬᠢ ᠲᠢᠭᠯᠢᠮ᠎ᠢ ᠡᠪᠳᠡᠵᠦ᠂ ᠤᠯᠠᠨ ᠨᠡᠢᠳᠡ᠎ᠳᠤ ᠰᠠᠮᠠᠭᠤᠷᠠᠯ ᠰᠦᠷᠳᠡᠭᠦᠯᠦᠯ ᠤᠴᠠᠷᠠᠭᠤᠯᠵᠤ  ᠮᠡᠳᠡᠨ᠎ᠠ᠃ 

ᠠᠷᠠᠳ᠎ᠤᠨ ᠶᠠᠷᠢᠶᠠᠨ᠎ᠳᠦ 《ᠨᠠᠭᠠᠳᠤᠮ ᠡᠴᠡ ᠨᠠᠮᠤᠰᠤ ᠪᠤᠯᠬᠤ》 ᠭᠡᠳᠡᠭᠴᠢᠯᠡᠨ ᠡᠩ᠎ᠤᠨ ᠦᠶ᠎ᠡ᠎ᠳᠦ ᠨᠠᠢᠵᠠ ᠨᠦᠭᠦᠳ᠂ ᠬᠠᠮᠳᠦ ᠠᠵᠢᠯᠯᠠᠬᠰᠡᠳ ᠳᠠᠢ ᠪᠠᠨ ᠵᠦᠢ ᠵᠤᠬᠢᠰ ᠦᠭᠡᠢ ᠨᠠᠭᠠᠳᠤᠮ ᠬᠢᠬᠦ ᠪᠤᠶᠤ ᠬᠤᠱᠤᠩᠨᠠᠨ ᠱᠤᠤᠯᠠᠬᠤ ᠨᠢ ᠪᠤᠰᠤᠳ᠎ᠢ ᠭᠤᠮᠤᠳᠠᠭᠠᠬᠤ ᠪᠡᠷ ᠪᠠᠷᠠᠬᠤ ᠦᠭᠡᠢ᠂ ᠡᠪ ᠦᠭᠡᠢᠳᠡᠪᠠᠯ ᠬᠠᠤᠯᠢ ᠴᠠᠭᠠᠵᠠ᠎ᠶᠢ ᠵᠥᠷᠢᠴᠡᠵᠤ ᠮᠡᠳᠡᠬᠦ ᠶᠤᠮ᠃  ᠵᠠᠷᠢᠮ  ᠰᠦᠯᠵᠢᠶᠡᠨ ᠢᠷᠭᠡᠳ ᠨᠡᠩ ᠶᠡᠬᠡ ᠳᠠᠷᠤᠮ᠎ᠤᠨ ᠳᠤᠭ᠎ᠠ ᠪᠤᠶᠤ ᠨᠡᠷ᠎ᠡ ᠠᠰᠢᠭ᠎ᠢ ᠬᠦᠭᠡᠭᠡᠴᠡᠯᠳᠦᠬᠦ ᠡᠰᠡᠭᠦᠯ᠎ᠡ ᠵᠤᠷᠢᠭᠤᠳᠠ ᠤᠬᠤᠷ ᠪᠤᠳᠤᠯ ᠡᠴᠡ ᠪᠤᠯᠵᠦ᠂ ᠨᠠᠢᠵᠠ ᠨᠦᠬᠦᠳ᠎ᠤᠨ ᠬᠤᠭᠤᠷᠤᠨᠳᠤᠬᠢ ᠨᠠᠭᠠᠳᠤᠮ᠎ᠤᠨ ᠦᠭᠡ᠂ ᠬᠤᠭᠤᠯᠠᠨ ᠰᠢᠷᠡᠭᠡᠨ ᠳᠡᠭᠡᠷᠡᠬᠢ ᠰᠤᠯᠠ ᠵᠤᠭᠤᠭ ᠵᠡᠷᠭᠡ ᠵᠢ ᠰᠦᠯᠵᠢᠶᠡᠨ᠎ᠳᠦ ᠳᠠᠮᠵᠢᠭᠤᠯᠤᠬᠰᠠᠨ ᠡᠴᠡ ᠪᠤᠯᠤᠬᠰᠠᠨ ᠤᠴᠢᠷ ᠶᠠᠪᠤᠳᠠᠯ ᠪᠠᠭ᠎ᠠ ᠪᠤᠰᠤ ᠬᠠᠷᠠᠬᠳᠠᠵᠦ᠂ ᠤᠯᠠᠨ᠎ᠤ ᠠᠩᠬᠠᠷᠤᠯ ᠨᠡᠢᠭᠡᠮ᠎ᠤᠨ ᠬᠠᠯᠠᠮᠰᠢᠯ  ᠪᠤᠯᠤᠬᠰᠠᠨ ᠪᠠᠢᠳᠠᠭ᠃ 

ᠦᠭᠡ ᠶᠠᠷᠢᠶ᠎ᠠ ᠦᠢᠯᠡ ᠠᠵᠢᠯᠯᠠᠭ᠎ᠠ ᠨᠢ ᠬᠤᠪᠢ ᠬᠦᠮᠦᠨ᠎ᠤ ᠬᠡᠪ ᠪᠤᠯᠪᠠᠰᠤᠷᠠᠯ᠂ ᠪᠤᠳᠤᠯ ᠰᠡᠳᠭᠢᠯ᠂ ᠶᠤᠰᠤ ᠰᠤᠷᠳᠠᠬᠤᠨ᠎ᠤ ᠭᠠᠳᠠᠭᠠᠳᠦ ᠢᠯᠡᠷᠡᠯ ᠪᠤᠯᠬᠤ ᠪᠡᠷ ᠦᠯᠦ ᠪᠠᠷᠠᠮ ᠮᠦᠨ᠎ᠴᠦ ᠨᠡᠢᠭᠡᠮ᠎ᠤᠨ ᠪᠤᠯᠪᠠᠰᠤᠨ᠎ᠤ ᠲᠦᠪᠰᠢᠨ᠎ᠤ ᠴᠢᠬᠤᠯᠠ ᠢᠯᠡᠷᠡᠯ ᠪᠤᠯᠳᠠᠭ᠃ ᠶᠤᠰᠤ᠎ᠶᠢ ᠲᠠᠨᠢᠵᠤ ᠶᠠᠨᠭᠵᠤ᠎ᠶᠢ ᠥᠵᠡᠵᠤ᠂ ᠤᠯᠠᠨ᠎ᠤ ᠳᠤᠮᠳᠠ ᠦᠭᠡ ᠪᠠᠨ ᠬᠢᠴᠢᠶᠡᠬᠦ ᠨᠢ ᠪᠤᠰᠤᠳ᠎ᠢ ᠬᠦᠨᠳᠦᠳᠭᠡᠵᠦ᠂ ᠨᠡᠢᠭᠡᠮ ᠨᠡᠢᠳᠡ ᠵᠢᠨ ᠡᠮᠬᠢ ᠲᠢᠭᠯᠢᠮ᠎ᠢ ᠬᠠᠮᠠᠭᠠᠯᠠᠵᠦ ᠪᠠᠢᠬᠤ ᠮᠦᠷᠳᠡᠭᠡᠨ ᠶᠠᠮᠠᠷᠬᠠᠨ ᠨᠢᠬᠡ ᠡᠴᠢᠨ᠎ᠠ ᠨᠥᠯᠥᠬᠡ ᠪᠡᠷ ᠵᠢᠨᠨ ᠠᠵᠢᠯ ᠠᠮᠢᠲᠤᠷᠠᠯ ᠎ᠳᠤ ᠵᠤᠷᠢᠬ ᠬᠥᠴᠥᠨ ᠥᠭᠲᠡᠭ ᠤᠴᠢᠷᠲᠠᠢ᠃

ᠦᠭᠡ ᠶᠡᠷᠢᠶ᠎ᠠ ᠪᠠᠨ ᠬᠢᠴᠢᠶᠡᠵᠦ᠂ ᠢᠳᠡᠪᠬᠢ ᠬᠦᠴᠦᠨ᠎ᠢ ᠢᠯᠡᠬᠦᠬᠡᠨ ᠳᠠᠮᠵᠢᠭᠤᠯᠬᠤ ᠨᠢ ᠬᠤᠪᠢ ᠬᠦᠮᠦᠨ ᠪᠠ ᠨᠡᠢᠭᠡᠮ ᠨᠡᠢᠳᠡ᠎ᠳᠦ ᠪᠦᠷ ᠠᠰᠢᠬᠳᠠᠢ᠃ ᠠᠵᠦ ᠠᠬᠤᠢ ᠨᠡᠢᠭᠡᠮ᠎ᠤᠨ ᠲᠦᠷᠭᠡᠨ ᠬᠦᠭᠵᠢᠯᠳᠡ᠂ ᠰᠦᠯᠵᠢᠶᠡᠨ ᠳᠠᠮᠵᠢᠭᠤᠯᠭ᠎ᠠ ᠵᠢᠨ ᠶᠡᠬᠡ ᠤᠷᠤᠰᠬᠠᠯᠳᠦ ᠰᠢᠨ᠎ᠡ ᠴᠠᠭ ᠦᠶ᠎ᠡ ᠨᠢ ᠬᠤᠪᠢ ᠬᠦᠮᠦᠨ᠎ᠤ ᠦᠭᠡ ᠶᠠᠷᠢᠶ᠎ᠠ ᠦᠢᠯᠡ ᠠᠵᠢᠯᠯᠠᠭ᠎ᠠ᠎ᠳᠦ ᠨᠡᠩ ᠶᠡᠬᠡ ᠤᠷᠤᠨ ᠵᠠᠢ ᠬᠠᠩᠭᠠᠬᠰᠠᠨ᠎ᠤ ᠬᠠᠮᠳᠦ᠂ ᠨᠡᠩ ᠶᠡᠬᠡ ᠬᠠᠷᠢᠭᠤᠴᠠᠯᠭ᠎ᠠ ᠤᠯᠭᠤᠬᠰᠠᠨ ᠨᠢ ᠭᠠᠷᠴᠠᠭ᠎ᠠ ᠦᠭᠡᠢ᠃ ᠤᠯᠤᠰ᠎ᠤᠷᠤᠨ᠎ᠤ ᠬᠤᠷᠸ᠎ᠠ ᠪᠤᠳᠤᠯᠭ᠎ᠠ ᠵᠢᠨ ᠶᠡᠬᠡ ᠬᠦᠤᠷᠨᠢᠯ ᠡᠴᠡ ᠡᠭᠡᠯ ᠠᠷᠠᠳ᠎ᠤᠨ ᠰᠠᠢᠨ ᠰᠠᠨᠠᠭᠠᠨ᠎ᠤ ᠨᠠᠷᠢᠨ ᠵᠢᠷᠤᠬᠯᠠᠯ ᠬᠦᠷᠳᠡᠯᠡᠬᠢ ᠢᠳᠡᠪᠬᠢ ᠬᠦᠴᠦᠨ᠎ᠤ ᠳᠠᠮᠵᠢᠭᠤᠯᠭ᠎ᠠ ᠨᠢ ᠭᠠᠵᠠᠷ ᠰᠠᠢ ᠦᠭᠡᠢ ᠤᠷᠤᠰᠢᠵᠦ ᠪᠠᠢᠳᠠᠭ᠃ ᠢᠳᠡᠪᠬᠢ ᠬᠦᠴᠦᠨ᠎ᠤ ᠳᠠᠮᠵᠢᠭᠤᠯᠭ᠎ᠠ ᠨᠢ ᠰᠦᠯᠵᠢᠶᠡᠨ᠎ᠤ ᠠᠮᠢ ᠠᠬᠤᠢ ᠵᠢ ᠴᠡᠪᠡᠷᠰᠢᠬᠦᠯᠬᠦ᠂ ᠰᠤᠶᠤᠯ᠎ᠤᠨ ᠢᠳᠡᠭᠡᠯ᠎ᠢ ᠳᠡᠭᠡᠭᠰᠢᠯᠡᠬᠦᠯᠬᠦ᠂ ᠬᠠᠮᠳᠦ ᠵᠢᠨ ᠳᠠᠨᠢᠯᠳᠠ ᠵᠢ ᠨᠢᠬᠳᠠᠷᠠᠭᠤᠯᠬᠤ᠂ ᠨᠡᠢᠭᠡᠮ᠎ᠤᠨ  ᠳᠠᠪᠰᠢᠯᠳᠠ ᠵᠢ ᠲᠦᠯᠬᠢᠨ ᠠᠬᠢᠭᠤᠯᠬᠤ ᠲᠥᠯᠬᠢᠴᠡ ᠬᠦᠴᠦᠨ ᠪᠠ ᠴᠢᠬᠤᠯᠠ ᠬᠤᠯᠪᠤᠭᠠᠰᠦ ᠪᠠᠢᠵᠦ᠂ ᠬᠤᠪᠢ ᠬᠦᠮᠦᠨ ᠪᠤᠯ ᠡᠨᠡᠬᠦ ᠢᠳᠡᠪᠬᠢ ᠬᠦᠴᠦᠨ᠎ᠤ ᠳᠠᠮᠵᠢᠭᠤᠯᠭ᠎ᠠ ᠵᠢᠨ ᠴᠢᠬᠤᠯᠠ ᠬᠦᠴᠦᠨ ᠪᠤᠯᠵᠦ ᠪᠠᠢᠳᠠᠭ᠃ 

ᠨᠡᠢᠭᠡᠮ ᠨᠡᠢᠳᠡ ᠵᠢᠨ ᠰᠠᠢᠨ ᠰᠠᠢᠬᠠᠨ ᠶᠠᠷᠢᠶ᠎ᠠ ᠬᠡᠯᠡᠯᠴᠡᠭᠡᠨ᠎ᠤ ᠤᠷᠴᠢᠨ ᠠᠬᠤᠢ᠂ ᠴᠡᠪᠡᠷ ᠳᠤᠩᠭᠠᠯᠠᠭ ᠰᠦᠯᠵᠢᠶᠡᠨ᠎ᠤ ᠤᠷᠤᠨ ᠵᠠᠢ ᠵᠢ ᠪᠦᠷᠢᠯᠳᠦᠭᠦᠯᠬᠦ᠎ᠳᠦ ᠬᠦᠮᠦᠨ ᠪᠦᠬᠦᠨ ᠬᠠᠷᠢᠭᠤᠴᠠᠯᠭ᠎ᠠ ᠳᠠᠢ᠃ ᠬᠤᠪᠢ ᠪᠡᠶ᠎ᠡ ᠡᠴᠡ ᠪᠠᠨ ᠡᠬᠢᠯᠡᠨ ᠦᠭᠡ ᠶᠠᠷᠢᠶ᠎ᠠ ᠪᠠᠨ ᠬᠢᠴᠢᠶᠡᠨ᠂ ᠦᠢᠯᠡ ᠠᠵᠢᠯᠯᠠᠭ᠎ᠠ ᠪᠠᠨ ᠪᠤᠯᠭᠤᠮᠵᠢᠯᠠᠨ᠂ ᠥᠬᠡᠷ᠎ᠡ ᠪᠤᠰᠤᠳ ᠵᠢᠨᠷ ᠬᠡᠯᠡᠬᠥᠯᠥᠯᠲᠡ ᠥᠬᠡᠢ ᠤᠬᠠᠮᠰᠠᠷ ᠲᠸ᠋ ᠬᠥᠷᠴᠤ᠂ ᠢᠳᠡᠪᠬᠢ ᠬᠦᠴᠦᠨ᠎ᠢ ᠢᠯᠡᠭᠦᠬᠡᠨ ᠳᠠᠮᠵᠢᠭᠤᠯᠪᠠᠯ ᠨᠡᠢᠭᠡᠮ᠎ᠤᠨ ᠳᠠᠪᠰᠢᠯᠳᠠ᠂ ᠤᠯᠤᠰ ᠤᠷᠤᠨ᠎ᠤ ᠴᠡᠴᠡᠭᠯᠡᠯ ᠬᠦᠭᠵᠢᠯ᠎ᠳᠦ ᠦᠵᠡᠯ ᠰᠠᠨᠠᠭᠠᠨ᠎ᠤ ᠬᠦᠳᠡᠯᠭᠡᠬᠦ ᠬᠦᠴᠦᠨ ᠪᠠ ᠶᠠᠷᠢᠶ᠎ᠠ ᠬᠡᠯᠡᠯᠴᠡᠭᠡᠨ᠎ᠤ ᠬᠦᠴᠦᠳᠦ ᠳᠤᠯᠭᠠᠭᠤᠷᠢᠯᠠᠯ ᠬᠠᠩᠭᠠᠬᠤ ᠨᠢ ᠯᠠᠪᠳᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号