ᠤᠷᠢᠬᠠᠨ ᠬᠠᠪᠤᠷ ᠰᠠᠭᠠᠲᠠᠵᠤ ᠲᠦᠮᠡᠨ ᠪᠣᠳᠠᠰ ᠠᠮᠢᠯᠠᠨ ᠰᠡᠷᠭᠦᠨ᠎ᠠ᠃ ᠬᠥᠬᠡᠬᠣᠲᠠ ᠬᠠᠳᠤᠨ ᠭᠤᠤᠯ ᠤ᠋ᠨ ᠨᠠᠢᠷᠠᠭ᠂ ᠬᠠᠲᠤᠨ ᠭᠤᠤᠯ ᠤ᠋ᠨ ᠠᠢᠵᠠᠮ᠂ ᠬᠠᠲᠤᠨ ᠭᠤᠤᠯ ᠤ᠋ᠨ ᠬᠥᠪᠡᠭᠡᠨ᠎ᠡ᠂ ᠬᠥᠬᠡᠬᠣᠲᠠ ᠵᠢᠨ ᠬᠠᠪᠤᠷ ᠤ᠋ᠨ ᠵᠤᠭ᠎ᠠ ᠪᠠ ᠬᠠᠪᠤᠷ ᠤ᠋ᠨ ᠡᠳᠦᠷ ᠤ᠋ᠨ ᠰᠤᠳᠤᠯᠤᠨ ᠰᠤᠷᠤᠯᠴᠠᠯᠭ᠎ᠠ ᠵᠡᠷᠬᠡ 5 ᠲᠦᠷᠦᠯ ᠤ᠋ᠨ ᠤᠯᠠᠨ ᠵᠤᠷᠪᠤᠰ ᠵᠢᠭᠤᠯᠴᠢᠯᠠᠯ ᠤ᠋ᠨ ᠵᠠᠮ ᠱᠤᠭᠤᠮ ᠢ᠋ ᠲᠥᠰᠦᠪᠯᠡᠨ ᠭᠠᠷᠭᠠᠵᠦ᠂ ᠲᠦᠷᠪᠡᠨ ᠵᠦᠭ ᠨᠠᠢ᠍ᠮᠠᠨ ᠵᠤᠪᠬᠢᠰ ᠤ᠋ᠨ ᠵᠢᠭᠤᠯᠴᠢᠯᠠᠭᠰᠠᠳ ᠢ᠋ ᠪᠠᠶᠠᠷᠯᠠᠨ ᠤᠭᠳᠤᠵᠦ ᠪᠤᠢ᠃
ᠬᠦᠬᠡᠬᠤᠳᠠ ᠵᠢᠨ ᠬᠠᠪᠤᠷ ᠤ᠋ᠨ ᠵᠢᠭᠤᠯᠴᠢᠯᠠᠯ ᠤ᠋ᠨ ᠵᠠᠮ ᠱᠤᠭᠤᠮ ᠨᠢ ᠭᠤᠤᠯᠳᠠᠭᠤ 《ᠬᠠᠳᠤᠨ ᠭᠤᠤᠯ ᠤ᠋ᠨ ᠨᠠᠢᠷᠠᠭ·ᠦᠪᠡᠰᠤᠪᠠᠨ ᠮᠠᠰᠢᠨ ᠪᠠᠷᠢᠵᠤ ᠵᠢᠭᠤᠯᠴᠢᠯᠠᠨ ᠰᠡᠯᠡᠬᠦᠴᠡᠬᠦ》 ᠰᠡᠳᠦᠪ ᠤ᠋ᠨ ᠲᠤᠭᠤᠷᠢᠨ ᠳ᠋ᠤ ᠣᠢᠷ᠎ᠠ ᠵᠠᠮ ᠤ᠋ᠨ ᠠᠶᠠᠯᠠᠯ ᠵᠢᠭᠤᠯᠴᠢᠯᠠᠯ ᠬᠢᠵᠦ᠍᠂ ᠰᠢᠳᠢᠳᠦ ᠪᠤᠯᠠᠭ ᠤ᠋ᠨ ᠠᠷᠠᠰᠤᠨ ᠰᠠᠯ ᠡᠴᠡ ᠮᠠᠶ ᠶᠧ ᠬᠥ᠋ ᠬᠡᠷ ᠪᠦᠯᠢ ᠵᠢᠨ ᠵᠢᠮᠢᠰ ᠲᠡᠭᠦᠵᠦ ᠵᠢᠭᠤᠯᠴᠢᠯᠠᠬᠤ ᠬᠦᠷᠲᠡᠯ᠎ᠡ᠂ ᠷᠦᠢ ᠸᠦᠧᠧ ᠦᠵᠦᠮ ᠤ᠋ᠨ ᠬᠦᠷᠢᠶᠡᠯᠡᠩ ᠡᠴᠡ ᠬᠡᠪᠳᠡᠭᠡ ᠦᠬᠡᠷ ᠤ᠋ᠨ ᠲᠤᠬᠤᠢ ᠬᠠᠳᠤᠨ ᠭᠤᠤᠯ ᠤ᠋ᠨ ᠬᠠᠪᠴᠢᠯ ᠤ᠋ᠨ ᠣᠳᠣᠳᠦ ᠣᠭ᠍ᠲᠠᠷᠭᠤᠶ ᠬᠦᠷᠲᠡᠯ᠎ᠡ ᠪᠦᠷ ᠬᠡᠷ ᠪᠦᠯᠢ ᠪᠡᠷ ᠢ᠋ᠶ᠋ᠡᠨ ᠵᠢᠭᠤᠯᠴᠢᠯᠠᠬᠤ ᠪᠤᠶᠤ ᠨᠠᠢᠵᠠ ᠨᠦᠬᠦᠳ ᠬᠠᠮᠳᠤ ᠪᠡᠷ ᠵᠢᠭᠤᠯᠴᠢᠯᠠᠬᠤ ᠳ᠋ᠤ ᠲᠤᠬᠢᠷᠠᠮᠵᠢᠳᠠᠢ ᠶᠤᠮ; 《ᠬᠠᠲᠤᠨ ᠭᠤᠤᠯ ᠤ᠋ᠨ ᠠᠢᠵᠠᠮ·ᠬᠠᠲᠤᠨ ᠭᠤᠤᠯ ᠳᠠᠭᠠᠤ ᠵᠢᠨ ᠪᠥᠬᠥ᠌ ᠦᠵᠡᠮᠵᠢ ᠵᠢᠨ ᠠᠶᠠᠯᠠᠯ》 ᠨᠢ ᠨᠢᠭᠡ ᠥᠷᠲᠡᠭᠡᠴᠢᠯᠡᠭᠰᠡᠨ ᠮᠠᠶᠢᠭ ᠢ᠋ᠶ᠋ᠡᠷ ᠲᠤᠭᠳᠠᠬᠤ ᠰᠢᠶᠠᠨ ᠪᠤᠯᠤᠨ ᠴᠢᠩ ᠱᠦᠢ ᠾᠧ ᠱᠢᠶᠠᠨ ᠢ᠋ ᠬᠣᠯᠪᠣᠵᠤ᠂ ᠬᠡᠬᠡᠷ᠎ᠠ ᠪᠠᠭᠤᠳᠠᠯᠯᠠᠬᠤ ᠶᠡᠬᠡ ᠬᠤᠧᠠᠷᠠᠨ᠂ ᠰᠣᠳᠣᠨ ᠠᠷᠠᠳ ᠤ᠋ᠨ ᠰᠠᠭᠤᠴᠠ ᠳ᠋ᠦ ᠣᠷᠣᠵᠤ᠂ ᠬᠠᠲᠤᠨ ᠭᠤᠤᠯ ᠤ᠋ᠨ ᠬᠠᠪᠤᠷ ᠤ᠋ᠨ ᠡᠳᠦᠷ ᠤ᠋ᠨ ᠪᠥᠬᠥ᠌ ᠦᠵᠡᠮᠵᠢ ᠵᠢ ᠰᠣᠨᠢᠷᠬᠠᠵᠤ ᠪᠤᠯᠤᠨ᠎ᠠ; 《ᠬᠠᠲᠤᠨ ᠭᠤᠤᠯ ᠤ᠋ᠨ ᠬᠥᠪᠡᠭᠡᠨ᠎ᠡ·ᠬᠠᠪᠴᠢᠯ ᠵᠢᠯᠠᠭ᠎ᠠ ᠵᠢᠨ ᠥᠩᠭᠡ ᠦᠵᠡᠮᠵᠢ ᠵᠢᠨ ᠠᠶᠠᠯᠠᠯ》 ᠨᠢ ᠬᠠᠲᠤᠨ ᠭᠤᠤᠯ ᠤ᠋ᠨ ᠶᠡᠬᠡ ᠲᠤᠬᠤᠢ ᠵᠢᠲᠠᠭᠠᠨ᠂ ᠭᠤᠤᠯᠴᠦᠯᠡᠯᠬᠡ ᠶ᠋ᠢᠨ ᠵᠢᠭᠠᠰᠤ ᠵᠢ ᠠᠮᠲᠠᠯᠠᠵᠤ᠂ ᠮᠢᠩᠭᠠᠨ ᠣᠨ ᠤ᠋ ᠡᠷᠲᠡᠨ ᠤ᠋ ᠪᠠᠯᠭᠠᠰᠤ ᠵᠢ ᠬᠠᠢᠨ ᠱᠢᠨᠵᠢᠯᠡᠵᠦ᠍᠂ ᠣᠷᠳᠣ ᠴᠠᠭᠠᠨ ᠬᠡᠷᠡᠮ ᠪᠣᠯᠤᠨ ᠬᠠᠲᠤᠨ ᠭᠤᠤᠯ ᠤ᠋ᠨ ᠠᠭᠤᠯᠵᠠᠷ ᠤ᠋ᠨ ᠰᠦᠷᠯᠢᠭ ᠦᠵᠡᠮᠵᠢ ᠵᠢ ᠰᠤᠨᠢᠷᠬᠠᠵᠤ ᠪᠤᠯᠳᠠᠭ; 《ᠬᠥᠬᠡᠬᠣᠲᠠ ᠵᠢᠨ ᠬᠠᠪᠤᠷ ᠤ᠋ᠨ ᠵᠤᠭ᠎ᠠ·ᠦᠵᠡᠰᠬᠦᠯᠡᠩ ᠦᠵᠡᠬᠦᠯᠬᠡ ᠴᠠᠭ ᠤ᠋ᠨ ᠤᠷᠤᠰᠬᠠᠯᠳᠦ ᠴᠡᠩᠬᠡᠬᠦᠨ ᠤ᠋ ᠠᠶᠠᠯᠠᠯ》 ᠨᠢ ᠡᠷᠲᠡᠨ ᠡᠳᠦᠭᠡ ᠵᠢ ᠲᠤᠭᠤᠯᠵᠤ᠂ ᠵᠠᠩᠵᠤᠨ ᠤ᠋ ᠶᠠᠮᠤᠨ ᠳ᠋ᠦ ᠲᠡᠥᠬᠡᠳᠦ ᠭᠤᠤᠯᠳᠦ ᠪᠤᠷᠤᠬᠢᠭᠡᠳ ᠤᠯᠠᠭᠠᠨ ᠬᠡᠷᠡᠮ ᠢ᠋ ᠰᠤᠨᠢᠷᠬᠠᠨ᠂ ᠵᠡᠭᠦᠨ ᠪᠠᠷᠠᠭᠤᠨ ᠤᠰᠤᠲᠤ ᠲᠣᠰᠭᠣᠨ ᠳ᠋ᠦ 15 ᠲᠦᠮᠡᠨ ᠮᠦ᠍ ᠵᠢᠨ ᠬᠦᠶ᠋ᠯᠡᠰᠦᠨ ᠴᠡᠴᠡᠭ ᠤ᠋ᠨ ᠳᠠᠯᠠᠢ ᠵᠢ ᠰᠤᠨᠢᠷᠬᠠᠨ᠂ ᠶᠡᠬᠡ ᠳᠦᠷᠭᠡᠨ ᠭᠤᠤᠯ ᠤ᠋ᠨ ᠴᠡᠷᠢᠭ ᠤ᠋ᠨ ᠶᠠᠪᠤᠳᠠᠯ ᠰᠤᠶᠤᠯ ᠤ᠋ᠨ ᠬᠦᠷᠢᠶᠡᠯᠡᠩ ᠳ᠋ᠦ ᠰᠠᠨᠰᠠᠷ ᠤ᠋ᠨ ᠠᠶᠠᠯᠠᠯ ᠤ᠋ᠨ ᠰᠢᠨᠵᠢᠯᠡᠬᠦ ᠤᠬᠠᠭᠠᠨ ᠵᠢᠭᠠᠨ ᠰᠤᠷᠭᠠᠯᠳᠠ ᠰᠤᠳᠤᠯᠭᠠᠨ ᠤ᠋ ᠲᠥᠪᠲᠦ ᠬᠦᠷᠴᠦ ᠰᠤᠷᠤᠯᠴᠠᠨ ᠰᠡᠯᠡᠬᠦᠴᠡᠵᠤ ᠪᠤᠯᠤᠨ᠎ᠠ; 《ᠬᠠᠪᠤᠷ ᠤ᠋ᠨ ᠡᠳᠦᠷ ᠤ᠋ᠨ ᠰᠤᠳᠤᠯᠤᠨ ᠰᠤᠷᠤᠯᠴᠠᠯᠭ᠎ᠠ·ᠰᠡᠯᠡᠭᠦᠴᠡᠨ ᠭᠡᠭᠡᠷᠡᠯᠡᠬᠦ ᠰᠣᠨᠢᠷᠬᠠᠯᠲᠤ ᠠᠶᠠᠯᠠᠯ》 ᠨᠢ ᠴᠡᠯᠡᠭᠡᠷ ᠲᠠᠯ᠎ᠠ ᠳ᠋ᠦ ᠮᠣᠷᠢᠨ ᠮᠡᠷᠭᠡᠵᠢᠯ ᠢ᠋ ᠪᠡᠶᠡᠴᠢᠯᠡᠨ ᠣᠢᠯᠠᠭᠠᠵᠤ᠂ ᠢᠯᠢ ᠵᠢᠨ ᠡᠷᠡᠭᠦᠯ ᠮᠡᠨᠳᠦ᠍ ᠵᠢᠨ ᠬᠥᠨᠳᠡᠶ ᠳ᠋ᠦ ᠰᠦ ᠶ᠋ᠢᠨ ᠦᠶ᠋ᠯᠡᠰ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠢ᠋ ᠤᠢᠯᠠᠭᠠᠨ᠂ ᠰᠠᠨᠰᠠᠷ ᠤ᠋ᠨ ᠠᠶᠠᠯᠠᠯ ᠤ᠋ᠨ ᠰᠢᠨᠵᠢᠯᠡᠬᠦ ᠤᠬᠠᠭᠠᠨ ᠵᠢᠭᠠᠨ ᠰᠤᠷᠭᠠᠯᠳᠠ ᠰᠤᠳᠤᠯᠭᠠᠨ ᠤ᠋ ᠲᠥᠪᠲᠦ ᠰᠠᠨᠰᠠᠷ ᠤ᠋ᠨ ᠥᠷᠲᠡᠭᠡ ᠪᠤᠯᠤᠨ ᠬᠠᠰ ᠲᠠᠤᠯᠠᠢ ᠨᠡᠷᠡᠮᠵᠢᠲᠦ ᠰᠠᠷᠠᠨ ᠪᠥᠮᠪᠥᠷᠴᠡᠭ ᠤ᠋ᠨ ᠲᠡᠷᠭᠡ ᠵᠢ ᠦᠵᠡᠵᠦ᠂ ᠤᠪᠤᠭ᠎ᠠ ᠲᠣᠰᠭᠣᠨ ᠳ᠋ᠦ ᠬᠦᠷᠴᠦ᠍ ᠲᠠᠷᠢᠶᠠᠴᠢᠨ ᠠᠢᠯ ᠤ᠋ᠨ ᠬᠠᠪᠤᠷ ᠤ᠋ᠨ ᠠᠮᠳᠠᠳᠦ ᠢᠳᠡᠭᠡᠨ ᠡᠴᠡ ᠠᠮᠳᠠᠯᠠᠵᠤ ᠪᠤᠯᠤᠨ᠎ᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号