4 ᠰᠠᠷ᠎ᠠ᠎ᠶ᠋ᠢᠨ 26᠎ᠤ᠋ ᠡᠳᠦᠷ᠎ᠡᠴᠡ 5 ᠰᠠᠷ᠎ᠠ᠎ᠶ᠋ᠢᠨ 5᠎ᠤ᠋ ᠡᠳᠦᠷ ᠪᠣᠯᠲᠠᠯ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠶ᠎ᠠ 《ᠵᠠᠯᠠᠭᠤᠴᠤᠳ᠎ᠤᠨ ᠴᠤᠭ᠍ᠯᠠᠭ᠎ᠠ ᠮᠠᠢᠮᠠᠶ ᠵᠠᠯᠠᠭᠤᠴᠤᠳ᠎ᠤᠨ ᠦᠶ᠋ᠯᠡᠳᠭᠡᠯ᠎ᠦᠨ ᠭᠠᠵᠠᠷ》 ᠭᠡᠬᠦ᠌ ᠱᠢᠨ᠎ᠡ ᠰᠡᠪᠡᠭᠦᠨ ᠱᠢᠷᠢᠰ ᠠᠵᠢᠯᠯᠠᠭ᠎ᠠ ᠥᠷᠨᠢᠭᠦᠯᠪᠡ᠃ ᠠᠵᠢᠯᠯᠠᠭ᠎ᠠ᠎ᠨᠢ ᠣᠯᠠᠨ ᠲᠠᠯ᠎ᠠ᠎ᠪᠠᠷ ᠬᠦᠴᠦᠯᠡᠵᠦ᠍᠂ ᠭᠣᠢᠳᠠ ᠰᠠᠢᠬᠠᠨ ᠶᠠᠪᠤᠭ᠍ᠳᠠᠵᠤ᠂ ᠭᠤᠷᠪᠠᠨ ᠶᠡᠬᠡ ᠥᠪᠡᠷᠮᠢᠴᠡ ᠣᠨᠴᠠᠯᠢᠭ᠎ᠲᠠᠶ ᠪᠠᠢᠳᠠᠯ᠎ᠢ ᠨᠠᠷᠢᠨ ᠨᠢᠮᠪᠠᠶ ᠴᠤᠭᠴᠠᠯᠠᠪᠠ᠄ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠶᠢᠨ ᠭᠤᠤᠯ ᠡᠵᠡᠩᠨᠡᠭᠴᠢ᠎ᠵᠢᠨ ᠪᠣᠯᠪᠠᠰᠤᠷᠠᠯ᠎ᠤᠨ ᠬᠤᠸᠠᠷᠠᠨ᠎ᠢ ᠪᠠᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠰᠤᠷᠭᠠᠭᠤᠯᠢ᠂ ᠤᠮᠠᠷᠠᠲᠤ᠎ᠶ᠋ᠢᠨ ᠬᠥᠯ ᠪᠥᠮᠪᠥᠭᠡ᠎ᠶ᠋ᠢᠨ ᠪᠣᠯᠪᠠᠰᠤᠷᠠᠯ᠎ᠤᠨ ᠰᠠᠭᠤᠷᠢᠨ᠎ᠳᠤ ᠲᠦᠱᠢᠭ᠌ᠯᠡᠨ᠂ 《ᠵᠢᠵᠢᠭ ᠡᠵᠡᠨᠳᠡᠨ》᠎ᠳ᠋ᠤ ᠡᠵᠡᠩᠨᠡᠯᠲᠡ᠎ᠶ᠋ᠢᠨ ᠪᠣᠯᠪᠠᠰᠤᠷᠠᠯ ᠬᠠᠩᠭᠠᠪᠠ; ᠳᠠᠭᠤᠤ ᠵᠢᠨ ᠦᠳᠡᠰᠢᠯᠡᠭᠡ᠎ᠵᠢᠨ ᠵᠠᠯᠠᠭᠤᠴᠤᠳ᠎ᠤᠨ ᠦᠢᠯᠡᠳᠭᠡᠯ᠎ᠦᠨ ᠭᠠᠵᠠᠷ ᠪᠠᠢᠭᠤᠯᠵᠤ᠂ ᠥᠪᠥᠷ ᠮᠣᠩᠭᠣᠯ᠎ᠤᠨ ᠲᠣᠭ᠍ᠯᠠᠯᠲᠠ᠎ᠶ᠋ᠢᠨ ᠠᠵᠤ ᠦᠢᠯᠡᠰ᠎ᠦᠨ ᠲᠣᠭᠣᠷᠢᠨ᠎ᠳᠤ᠂ ᠳᠠᠭᠤᠤ ᠵᠢᠨ ᠦᠳᠡᠰᠢᠯᠡᠭᠡ᠎ᠵᠢᠨ ᠡᠭᠦᠳᠡᠨ᠎ᠳᠦ 《ᠪᠣᠯᠪᠠᠰᠤᠷᠠᠯ᠎ᠤᠨ ᠬᠤᠸᠠᠷᠠᠨ》 ᠢ᠋ ᠨᠡᠭᠡᠭᠡᠪᠡ; ᠵᠠᠯᠠᠭᠤᠴᠤᠳ᠎ᠤᠨ ᠴᠤᠭ᠍ᠯᠠᠭ᠎ᠠ ᠮᠠᠢᠮᠠᠶ ᠡᠷᠬᠢᠯᠡᠵᠦ᠍᠂ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》᠎ᠳᠤ ᠦᠢᠯᠡᠳᠬᠦᠨ᠎ᠢᠶᠡᠨ ᠳᠡᠯᠭᠡᠨ ᠪᠣᠷᠣᠯᠠᠭᠤᠯᠬᠤ ᠪᠠ ᠲᠦᠷᠦᠯ ᠲᠡᠮᠳᠡᠭ᠎ᠢᠶᠡᠨ ᠳᠡᠯᠭᠡᠨ ᠦᠵᠡᠭᠦᠯᠬᠦ᠌ ᠲᠠᠪᠴᠠᠩ ᠪᠠᠢᠭᠤᠯᠪᠠ᠃
ᠬᠤᠲᠠ᠎ᠶ᠋ᠢᠨ ᠠᠮᠢᠳᠤᠷᠠᠯ᠎ᠤᠨ ᠦᠨᠦᠷ ᠠᠮᠲᠠ ᠨᠢ ᠵᠠᠯᠠᠭᠤᠴᠤᠳ᠎ᠤᠨ ᠦᠢᠯᠡᠰ ᠪᠤᠰᠭᠠᠬᠤ ᠬᠦᠰᠡᠯ ᠵᠡᠭᠦᠳᠦ ᠲᠠᠢ ᠰᠤᠯᠪᠢᠴᠠᠵᠤ᠂ ᠨᠢᠭᠡ ᠵᠦᠢᠯ᠎ᠦᠨ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠪᠡᠷ ᠭᠣᠣᠯ ᠭᠠᠷᠳᠠᠴᠠ ᠪᠣᠯᠭᠠᠭ᠍ᠰᠠᠨ ᠴᠣ ᠱᠢᠨ᠎ᠡ ᠬᠡᠪ ᠵᠠᠭ᠍ᠪᠤᠷ ᠥᠪᠥᠷ ᠮᠣᠩᠭᠣᠯ᠎ᠤᠨ ᠡᠬᠡ ᠭᠠᠵᠠᠷ᠎ᠲᠤ ᠥᠷᠨᠢᠭᠦᠨ ᠪᠣᠢᠵᠢᠵᠤ ᠪᠤᠢ᠃
ᠲᠠᠢᠰᠨᠵᠢ ᠬᠠᠮᠤᠭ᠎ᠤᠨ ᠬᠥᠭ᠌ᠵᠢᠶᠡᠨ ᠲᠠᠢ ᠭᠠᠵᠠᠷ᠎ᠲᠤ ᠪᠠᠢᠷᠢᠯᠠᠭᠤᠯᠪᠠ
5 ᠰᠠᠷ᠎ᠠ᠎ᠶ᠋ᠢᠨ 1 ᠤ᠋ ᠡᠳᠦᠷ᠂ ᠤᠮᠠᠷᠠᠲᠤ᠎ᠶ᠋ᠢᠨ ᠬᠥᠯ ᠪᠥᠮᠪᠥᠭᠡ᠎ᠶ᠋ᠢᠨ ᠪᠣᠯᠪᠠᠰᠤᠷᠠᠯ᠎ᠤᠨ ᠰᠠᠭᠤᠷᠢᠨ᠎ᠤ ᠳᠠᠭᠤᠤ᠎ᠵᠢᠨ ᠦᠳᠡᠰᠢᠯᠡᠭᠡ᠎ᠵᠢᠨ ᠭᠠᠳᠠᠨ᠎ᠠ ᠲᠠᠯᠠᠪᠠᠶ᠎ᠳᠤ᠂ 40 ᠪᠠᠷᠢᠮᠵᠢᠶᠠᠵᠢᠭ᠍ᠰᠠᠨ ᠵᠠᠯᠠᠭᠤᠴᠤᠳ᠎ᠤᠨ ᠦᠶ᠋ᠯᠡᠳᠭᠡᠯ᠎ᠦᠨ ᠭᠠᠵᠠᠷ᠎ᠤᠨ ᠡᠮᠦᠨ᠎ᠡ ᠬᠥᠮᠦᠨ ᠬᠠᠷ᠎ᠠ ᠴᠤᠭ᠍ᠯᠠᠷᠠᠨᠠ᠃ ᠤᠯᠠᠮᠵᠢᠯᠠᠯᠲᠤ ᠵᠠᠬ᠎ᠠ ᠳᠡᠯᠭᠡᠭᠦᠷ᠎ᠲᠡᠶ ᠠᠳᠠᠯᠢ ᠦᠭᠡᠢ ᠨᠢ ᠡᠨᠳᠡᠬᠢ ᠭᠠᠵᠠᠷ ᠪᠣᠯᠭᠠᠨ ᠵᠠᠯᠠᠭᠤᠴᠤᠳ᠎ᠤᠨ ᠠᠮᠢᠵᠢᠷᠠᠯ᠎ᠤᠨ ᠬᠦᠴᠦᠨ᠎ᠢᠶᠡᠷ ᠪᠢᠯᠬᠠᠵᠤ᠂ ᠪᠦᠲᠦᠭᠡᠭ᠌ᠳᠡᠬᠦᠨ ᠨᠢ ᠪᠠᠰᠠ ᠮᠠᠰᠢ ᠪᠦᠲᠦᠭᠡᠯᠴᠢ ᠴᠢᠨᠠᠷᠲᠠᠶ ᠪᠠᠢᠯ᠎ᠠ᠃
《ᠳᠠᠭᠤᠤ ᠵᠢᠨ ᠦᠳᠡᠱᠢᠯᠡᠭᠡ ᠦᠵᠡᠬᠦ᠌ ᠬᠥᠮᠦᠨ᠎ᠦ ᠤᠷᠤᠰᠭᠠᠯ ᠡᠢᠮᠦ᠍ ᠬᠥᠭ᠌ᠵᠢᠯᠲᠡᠢ᠂ ᠠᠪᠴᠢᠷᠠᠭ᠍ᠰᠠᠨ ᠭᠠᠷ ᠤᠷᠠᠯᠠᠯ᠎ᠤᠨ ᠠᠷᠠᠰᠤᠨ ᠡᠳ᠋ᠯᠡᠯ ᠵᠢᠡᠨ ᠤᠳᠠᠯ ᠦᠭᠡᠢ ᠬᠤᠳᠠᠯᠳᠤᠵᠤ ᠳᠠᠭᠤᠰᠬᠠᠨ᠎ᠠ ᠭᠡᠵᠦ ᠦᠨᠡᠬᠡᠷ ᠪᠣᠳᠣᠵᠤ ᠣᠯᠤᠭ᠍ᠰᠠᠨ ᠦᠭᠡᠢ! 》 ᠭᠡᠵᠦ᠍ ᠨᠢᠭᠡ 《ᠶᠡᠷᠡᠭᠡᠳ ᠣᠨ ᠳᠤ ᠲᠦᠷᠦᠭᠰᠠᠨ》 ᠦᠶ᠋ᠯᠡᠰ ᠪᠤᠰᠬᠠᠭᠴᠢ ᠪᠠᠶᠠᠷᠲᠠᠶ ᠬᠡᠯᠡᠨ᠎ᠡ᠃ ᠡᠨᠳᠡ᠂ ᠰᠣᠶᠣᠯ᠎ᠤᠨ ᠡᠭᠦᠳᠦᠯᠲᠡ᠂ ᠪᠣᠳᠠᠰ᠎ᠤᠨ ᠪᠤᠰᠤ ᠰᠣᠶᠣᠯ᠎ᠤᠨ ᠥᠪ᠂ ᠤᠨᠴᠠᠯᠢᠬ᠍ᠳᠤ ᠰᠠᠢ᠌ᠨ ᠡᠳ᠋ ᠵᠡᠷᠭᠡ 260 ᠭᠠᠷᠤᠢ ᠵᠦᠢᠯ᠎ᠦᠨ ᠦᠢᠯᠡᠳᠬᠦᠨ ᠲᠥᠪᠯᠡᠷᠡᠩᠭᠦᠢ ᠢᠯᠡᠷᠡᠵᠦ᠍᠂ ᠬᠠᠰᠬᠢᠷᠴᠤ ᠬᠤᠳᠠᠯᠳᠤᠬᠤ ᠲᠠᠭᠤᠨ᠂ ᠳᠠᠭᠤᠤ ᠬᠥᠭ᠌ᠵᠢᠮ᠎ᠦᠨ ᠲᠠᠭᠤᠨ᠂ ᠪᠠᠶᠠᠷᠯᠠᠨ ᠢᠨᠢᠶᠡᠯᠳᠦᠬᠦ ᠳᠠᠭᠤᠨ ᠰᠣᠯᠪᠢᠴᠠᠵᠤ᠂ ᠬᠤᠳᠠ᠎ᠶ᠋ᠢᠨ ᠰᠥᠨᠢ᠎ᠶ᠋ᠢᠨ ᠠᠵᠤ ᠠᠬᠤᠢ᠎ᠶ᠋ᠢᠨ ᠬᠠᠮᠤᠭ᠎ᠤᠨ ᠠᠮᠢᠵᠢᠷᠠᠯ ᠵᠢᠡᠷ ᠪᠢᠯᠬᠠᠮ᠎ᠠ ᠦᠵᠡᠮᠵᠢᠪᠣᠯᠵᠠᠢ᠃
ᠡᠨᠡ ᠪᠤᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠢ᠎ᠠ᠎ᠶ᠋ᠢᠨ ᠵᠠᠯᠠᠭᠤᠴᠤᠳ᠎ᠤᠨ ᠦᠢᠯᠡᠰ ᠪᠤᠰᠭᠠᠬᠤ᠎ᠶ᠋ᠢ 《ᠠᠮᠢᠳᠤᠷᠠᠯ᠎ᠳᠤ ᠤᠢ᠍ᠢᠷᠠᠳᠤᠭᠰᠠᠨ᠂ ᠬᠥᠮᠦᠰ᠎ᠦᠨ ᠬᠦᠷᠢᠶᠡᠯᠡᠯ᠎ᠲᠠᠢ᠂ ᠤᠯᠵᠠ᠎ᠵᠢᠨ ᠡᠭᠦᠳᠡ ᠲᠠᠢ》 ᠪᠣᠯᠭᠠᠭ᠍ᠰᠠᠨ ᠬᠤᠷᠢᠶᠠᠩᠭᠤᠢ ᠳᠦᠷᠰᠦ ᠪᠣᠯᠤᠨ᠎ᠠ᠃ ᠤᠯᠠᠨ ᠤᠳᠠᠭ᠎ᠠ ᠶᠠᠪᠤᠬᠳᠠᠵᠦ ᠪᠠᠢᠭ᠎ᠠ ᠡᠢᠨᠬᠦ ᠬᠦᠭᠵᠢᠶᠡᠨᠳᠦ ᠪᠠᠢᠳᠠᠯ ᠨᠢ ᠵᠠᠯᠠᠭᠤᠴᠤᠳ᠎ᠤᠨ ᠦᠢᠯᠡᠰ ᠪᠤᠰᠬᠠᠬᠤ ᠬᠠᠮᠤᠭ ᠰᠠᠢᠨ 《ᠨᠡᠪᠴᠢᠯᠠᠬᠦᠯᠦᠷ》 ᠪᠤᠯᠵᠠᠢ᠃
ᠳᠠᠭᠤᠤ ᠵᠢᠨ ᠦᠳᠡᠱᠢᠯᠡᠭᠡ᠎ᠵᠢᠨ ᠭᠠᠳᠠᠨ᠎ᠠ ᠲᠠᠯᠠᠪᠠᠢ᠎ᠶ᠋ᠢᠨ ᠵᠠᠯᠠᠭᠤᠴᠤᠳ᠎ᠤᠨ ᠦᠢᠯᠡᠳᠭᠡᠯ᠎ᠦᠨ ᠳᠡᠯᠭᠡᠭᠡ ᠮᠠᠢᠮᠠᠢ ᠡᠴᠡ᠂ ᠬᠥᠬᠡᠬᠣᠲᠠ᠎ᠶ᠋ᠢᠨ ᠰᠠᠢᠬᠠᠨ ᠲᠣᠭᠣᠷᠢᠭ᠎ᠤᠨ ᠸᠠᠨ ᠳ᠋ᠠ ᠠᠭᠤᠳᠠᠮ ᠲᠠᠯᠠᠪᠠᠢ ᠳᠡᠬᠢ 150 ᠭᠠᠷᠤᠢ ᠳᠡᠯᠭᠡᠭᠡ ᠮᠠᠢᠮᠠᠢ᠎ᠵᠢᠨ ᠵᠠᠯᠠᠭᠤᠴᠤᠳ᠎ᠤᠨ ᠴᠤᠭ᠍ᠯᠠᠭ᠎ᠠ ᠮᠠᠢᠮᠠᠶ ᠬᠦᠷᠲᠡᠯ᠎ᠡ᠂ ᠦᠢᠯᠡᠰ ᠪᠤᠰᠭᠠᠬᠤ ᠲᠠᠪᠴᠠᠩ᠎ᠢ ᠬᠥᠮᠦᠨ᠎ᠦ ᠤᠷᠤᠰᠭᠠᠯ ᠬᠠᠮᠤᠭ ᠲᠥᠪᠯᠡᠷᠡᠭ᠌ᠰᠡᠨ ᠭᠠᠵᠠᠷ᠎ᠲᠤ ᠠᠮᠢᠳᠤᠯᠢᠭ᠎ᠢᠶᠠᠷ ᠪᠠᠢᠭᠤᠯᠤᠭ᠍ᠰᠠᠨ ᠪᠠᠢᠨ᠎ᠠ᠃ ᠣᠯᠠᠨ ᠡᠱᠢᠲᠦ ᠡᠵᠡᠩᠨᠡᠯᠲᠡ᠎ᠶ᠋ᠢᠨ ᠬᠡᠯᠪᠡᠷᠢ ᠪᠠᠢᠳᠠᠯ᠎ᠨᠢ ᠵᠠᠯᠠᠭᠤᠴᠤᠳ᠎ᠤᠨ ᠦᠶ᠋ᠯᠡᠰ ᠪᠤᠰᠬᠠᠬᠤ ᠠᠮᠢ ᠠᠬᠤᠶ᠎ᠶ᠋ᠢ ᠠᠮᠢᠳᠤᠷᠠᠯ᠎ᠳᠤ ᠨᠠᠩ ᠣᠢᠷᠠᠲᠤᠭᠤᠯᠪᠠ᠃ ᠪᠦᠷᠢᠳᠭᠡᠯ᠎ᠡᠴᠡ ᠦᠵᠡᠪᠡᠯ᠂ ᠵᠥᠪᠬᠡᠨ ᠬᠥᠬᠡᠬᠣᠲᠠ᠎ᠶ᠋ᠢᠨ ᠰᠠᠢᠬᠠᠨ ᠲᠣᠭᠣᠷᠢᠭ᠎ᠤᠨ ᠸᠠᠨ ᠳ᠋ᠠ ᠠᠭᠤᠳᠠᠮ ᠲᠠᠯᠠᠪᠠᠶ᠎ᠶ᠋ᠢᠨ ᠵᠠᠯᠠᠭᠤᠴᠤᠳ᠎ᠤᠨ ᠴᠤᠭ᠍ᠯᠠᠭ᠎ᠠ ᠮᠠᠢᠮᠠᠶ᠎ᠵᠢᠨ ᠠᠵᠢᠯᠯᠠᠭ᠎ᠠ᠎ᠳᠤ ᠨᠡᠢᠲᠡ 10 ᠲᠦᠮᠡᠨ ᠬᠥᠮᠦᠨ ᠤᠳᠠᠭ᠎ᠠ ᠣᠷᠣᠯᠴᠠᠵᠤ᠂ ᠣᠯᠠᠨ ᠳᠡᠯᠭᠡᠭᠡ ᠮᠠᠢᠮᠠᠢ᠎ᠵᠢᠨ ᠬᠢᠨᠤ᠋ ᠡᠳᠦᠷ ᠳᠤᠮᠳᠠᠴᠢ᠎ᠶ᠋ᠢᠨ ᠡᠵᠡᠩᠨᠡᠯᠲᠡ᠎ᠶ᠋ᠢᠨ ᠤᠷᠤᠯᠭ᠎ᠠ ᠮᠢᠩᠭᠠᠨ ᠲᠥᠭᠥᠷᠢᠭ᠎ᠢ ᠳᠠᠪᠠᠭ᠍ᠰᠠᠨ ᠪᠠᠢᠨ᠎ᠠ᠃
ᠡᠨᠡ ᠬᠦ᠌ ᠠᠷᠭ᠎ᠠ ᠬᠡᠮᠵᠢᠶ᠎ᠡ ᠨᠢ ᠶᠠᠭ ᠨᠢᠭᠡᠨ ᠱᠢᠵᠢᠮ ᠮᠡᠲᠦ ᠪᠡᠷ ᠪᠦᠬᠦ᠌ ᠣᠷᠣᠨ᠎ᠤ ᠡᠯ᠎ᠡ ᠭᠠᠵᠠᠷ᠎ᠤᠨ ᠬᠣᠯᠪᠣᠭᠠᠯᠠᠨ ᠬᠥᠳᠡᠯᠦᠯᠴᠡᠬᠦ᠌ ᠬᠠᠯᠠᠭᠤᠨ ᠦᠷᠨᠢᠯᠲᠠ ᠵᠢ ᠦᠳᠲᠡᠷ ᠲᠦᠷᠭᠡᠨ ᠬᠥᠭ᠌ᠵᠢᠭᠡᠪᠡ᠃ ᠡᠯ᠎ᠡ ᠭᠠᠵᠠᠷ᠎ᠤᠨ ᠬᠢᠨ ᠬᠣᠢᠨ᠎ᠠ ᠬᠣᠢᠨ᠎ᠠ᠎ᠠᠴᠠ᠎ᠪᠠᠨ ᠦᠶ᠋ᠯᠡᠰ ᠪᠤᠰᠭᠠᠬᠤ ᠲᠠᠯᠠᠪᠤᠷ᠎ᠢᠶᠠᠨ ᠭᠤᠤᠯᠯᠠᠬᠤ ᠬᠤᠳᠠᠯᠳᠤᠭᠠᠨ᠎ᠤ ᠲᠣᠭᠣᠷᠢᠭ᠂ ᠬᠥᠷ ᠬᠥᠭ᠌ᠵᠢᠶᠡᠨᠲᠡᠶ ᠰᠥᠨᠢ᠎ᠶ᠋ᠢᠨ ᠵᠠᠬ᠎ᠠ ᠳᠡᠯᠭᠡᠭᠦᠷ᠂ ᠰᠣᠶᠣᠯ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠴᠢᠨᠠᠭ᠍ᠰᠢᠯᠠᠪᠠᠯ ᠨᠡᠢᠭᠡᠮ ᠲᠣᠭᠣᠷᠢᠭ᠎ᠤᠨ ᠵᠡᠭᠡᠯᠢ ᠭᠤᠳᠤᠮᠵᠢ ᠬᠦᠷᠲᠡᠯ᠎ᠡ ᠤᠷᠲᠤᠳᠭᠠᠵᠤ᠂ ᠣᠯᠠᠨ ᠴᠡᠭ᠎ᠲᠦ ᠲᠤᠯᠭᠠᠭᠤᠷᠢᠯᠠᠭ᠍ᠰᠠᠨ᠂ ᠪᠥᠬᠥ᠌ ᠣᠷᠣᠨ ᠪᠦᠰᠡ᠎ᠶ᠋ᠢ ᠬᠠᠮᠤᠷᠤᠭ᠍ᠰᠠᠨ ᠵᠠᠯᠠᠭᠤᠴᠤᠳ᠎ᠤᠨ ᠦᠶ᠋ᠯᠡᠰ ᠪᠤᠰᠭᠠᠬᠤ ᠲᠠᠪᠴᠠᠩ᠎ᠤᠨ ᠵᠢᠭ᠍ᠰᠠᠭᠠᠯ᠎ᠤᠨ ᠭᠠᠵᠠᠷ᠎ᠢ ᠪᠣᠶ ᠪᠣᠯᠭᠠᠵᠤ᠂ ᠵᠠᠯᠠᠭᠤᠴᠤᠳ᠎ᠤᠨ ᠦᠶ᠋ᠯᠡᠰ ᠪᠤᠰᠭᠠᠬᠤ᠎ᠳᠤ 《ᠲᠠᠯᠠᠪᠤᠷ ᠳᠤᠲᠠᠭ᠍ᠳᠠᠵᠤ᠂ ᠤᠷᠤᠰᠴᠠ ᠳᠤᠲᠠᠭ᠍ᠳᠠᠵᠤ᠂ ᠬᠡᠷᠡᠭᠯᠡᠭᠴᠢ ᠳᠤᠲᠠᠭ᠍ᠳᠠᠵᠤ ᠪᠠᠢᠬᠤ》 ᠬᠦᠴᠢᠷ ᠠᠰᠠᠭᠤᠳᠠᠯ᠎ᠢ ᠪᠦᠲᠦᠮᠵᠢᠲᠡᠶ ᠱᠢᠶ᠋ᠳᠪᠦᠷᠢᠯᠡᠪᠡ᠃
4 ᠰᠠᠷ᠎ᠠ᠎ᠶ᠋ᠢᠨ 25᠎ᠤ᠋ ᠡᠳᠦᠷ᠎ᠡᠴᠡ 5 ᠰᠠᠷ᠎ᠠ᠎ᠶ᠋ᠢᠨ 4᠎ᠤ᠋ ᠡᠳᠦᠷ ᠪᠣᠯᠲᠠᠯ᠎ᠠ᠂ ᠪᠥᠬᠥ᠌ ᠣᠷᠣᠨ᠎ᠤ 12 ᠠᠢᠮᠠᠭ ᠬᠣᠲᠠ ᠡᠯ᠎ᠡ ᠲᠥᠷᠥᠯ᠎ᠦᠨ ᠠᠵᠢᠯᠯᠠᠭ᠎ᠠ᠎ᠶ᠋ᠢ ᠨᠡᠢᠲᠡ 36 ᠲᠠᠯᠠᠪᠤᠷ ᠥᠷᠨᠢᠭᠦᠯᠵᠦ᠍᠂ 734 ᠵᠠᠯᠠᠭᠤᠴᠤᠳ᠎ᠤᠨ ᠵᠢᠵᠢᠭ ᠳᠡᠯᠭᠡᠭᠦᠷ ᠠᠵᠢᠯᠯᠠᠭ᠎ᠠ᠎ᠳᠤ ᠣᠷᠣᠯᠴᠠᠵᠤ᠂ ᠪᠤᠷᠤᠯᠠᠭᠤᠯᠤᠭᠰᠠᠨ ᠦᠢᠯᠡᠳᠭᠦᠨ 1600 ᠭᠠᠷᠤᠶ ᠬᠤᠳᠠᠯᠳᠤᠭᠠᠴᠢᠨ᠎ᠳᠤ ᠬᠤᠯᠪᠤᠭᠳᠠᠵᠤ᠂ ᠪᠤᠷᠤᠯᠠᠭᠤᠯᠭ᠎ᠠ ᠵᠢᠨ ᠬᠡᠮᠵᠢᠶ᠎ᠠ 390 ᠲᠦᠮᠡᠨ ᠲᠥᠭᠥᠷᠢᠭ᠎ᠢ ᠳᠠᠪᠠᠵᠠᠶ᠃
ᠬᠦᠰᠡᠯᠵᠡᠭᠦᠳᠦᠳᠤ ᠨᠢᠰᠭᠦ ᠵᠢᠭᠦᠷ ᠤᠷᠭᠤᠭᠤᠯᠪᠠ
ᠬᠡᠷᠪᠡ ᠤᠷᠤᠰᠴᠠ᠎ᠶ᠋ᠢᠨ ᠲᠠᠯᠠᠪᠤᠷ ᠨᠢ ᠵᠠᠯᠠᠭᠤᠴᠤᠳ᠎ᠤᠨ ᠦᠶ᠋ᠯᠡᠰ ᠪᠤᠰᠬᠠᠬᠤ᠎ᠳᠤ 《ᠨᠢᠭᠡᠨ ᠴᠣᠩᠬᠣ》 ᠨᠡᠭᠡᠭᠡᠵᠦ᠍ ᠥᠭ᠌ᠭᠦᠭ᠌ᠰᠡᠨ ᠭᠡᠵᠦ᠍ ᠬᠡᠯᠡᠬᠦ᠌᠎ᠳᠦ ᠭᠦᠷᠪᠡᠯ᠂ ᠱᠢᠰᠲ᠋ᠧᠮᠵᠢᠭ᠌ᠰᠡᠨ ᠬᠦᠮᠦᠵᠢᠯ ᠨᠢ ᠲᠡᠳᠡᠨ᠎ᠤ ᠯᠠᠪᠳᠠᠭᠤᠨ ᠵᠤᠭᠰᠤᠬᠤ 《ᠡᠭᠦᠯᠡᠨ ᠱᠠᠲᠤ》 ᠪᠣᠯᠬᠤ ᠶᠤᠮ᠃ ᠵᠠᠯᠠᠭᠤᠴᠤᠳ᠎ᠤᠨ ᠦᠶ᠋ᠯᠡᠰ ᠪᠤᠰᠬᠠᠬᠤ᠎ᠳᠤ ᠨᠡᠢᠳᠡᠮ ᠲᠤᠯᠭᠠᠷᠠᠵᠤ ᠪᠠᠢᠭ᠎ᠠ ᠤᠷ᠎ᠠ ᠴᠢᠳᠠᠪᠤᠷᠢ᠂ ᠲᠤᠷᠱᠢᠯᠭ᠎ᠠ ᠪᠠ ᠵᠢᠯᠣᠭᠣᠳᠣᠯᠭ᠎ᠠ᠎ᠶ᠋ᠢᠨ ᠡᠪᠡᠷᠱᠢᠶᠡᠯ᠎ᠳᠦ ᠴᠢᠭ᠌ᠯᠡᠭᠦᠯᠦᠨ᠂ ᠨᠢᠭᠡᠨ ᠢᠵᠢ 《ᠪᠣᠯᠪᠠᠰᠤᠷᠠᠯ + ᠪᠣᠳᠠᠲᠤ ᠪᠣᠯᠪᠠᠰᠤᠷᠠᠯ + ᠬᠥᠮᠦᠵᠢᠯ》 ᠤ᠋ᠨ ᠪᠥᠬᠥ᠌ ᠬᠡᠯᠬᠢᠶᠡᠨ᠎ᠦ ᠪᠤᠢᠵᠢᠭᠤᠯᠬᠤ ᠱᠢᠰᠲ᠋ᠧᠮ ᠢ ᠪᠣᠶ ᠪᠤᠯᠭᠠᠪᠠ᠃
《ᠥᠩᠭᠡᠷᠡᠭ᠌ᠰᠡᠨ᠎ᠳᠦ ᠳᠡᠯᠭᠡᠭᠦᠷ ᠨᠡᠭᠡᠭᠡᠬᠦ᠌ ᠨᠢ ᠪᠠᠷᠠᠭ᠎ᠠ ᠣᠷᠣᠭᠤᠯᠵᠤ ᠬᠤᠳᠠᠯᠳᠤᠵᠤ ᠪᠠᠢᠭ᠎ᠠ ᠶᠠᠪᠤᠳᠠᠯ ᠭᠡᠵᠦ᠍ ᠪᠤᠳᠤᠵᠤ ᠪᠠᠢᠭ᠍ᠰᠠᠨ᠂ ᠪᠣᠯᠪᠠᠰᠤᠷᠠᠯ᠎ᠤᠨ ᠬᠤᠸᠠᠷᠠᠨ᠎ᠳᠤ ᠣᠷᠣᠭᠠᠳ ᠰᠠᠶᠢ ᠪᠠᠷᠠᠭ᠎ᠠ ᠰᠣᠩᠭᠣᠬᠤ᠂ ᠦᠨ᠎ᠡ ᠲᠣᠭ᠍ᠲᠠᠭᠠᠬᠤ᠂ ᠣᠬᠣᠷ ᠸᠢᠳᠢᠣ᠋᠎ᠪᠠᠷ ᠪᠣᠷᠣᠯᠠᠭᠤᠯᠬᠤᠵᠡᠷᠭᠡ ᠡᠢᠮᠦ᠍ ᠣᠯᠠᠨ ᠠᠷᠭ᠎ᠠ ᠵᠠᠮ ᠪᠠᠢᠳᠠᠭ᠎ᠢ ᠮᠡᠳᠡᠯ᠎ᠡ!》 ᠡᠨᠡ ᠪᠣᠯ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》᠎ᠶᠢᠨ ᠭᠣᠣᠯ ᠬᠠᠮᠢᠶᠠᠷᠤᠭᠴᠢ᠎ᠵᠢᠨ ᠪᠣᠯᠪᠠᠰᠤᠷᠠᠯ᠎ᠤᠨ ᠬᠤᠸᠠᠷᠠᠨ᠎ᠤ ᠰᠤᠷᠤᠭ᠍ᠴᠢᠳ᠎ᠤᠨ ᠦᠨᠡᠨ ᠪᠣᠳᠠᠲᠠᠢ ᠲᠦᠷᠦᠭ᠌ᠳᠡᠯ ᠪᠣᠯᠤᠨ᠎ᠠ᠃
ᠠᠵᠢᠯᠯᠠᠭ᠎ᠠ᠎ᠨᠢ 《ᠲᠥᠪᠯᠡᠷᠡᠭᠦᠯᠦᠨ ᠬᠢᠴᠢᠶᠡᠯ ᠣᠷᠣᠬᠤ + ᠴᠤᠭᠯᠠᠭ᠎ᠠ ᠮᠠᠢᠮᠠᠢ ᠳ᠋ᠤ ᠪᠠᠷᠠᠭ᠎ᠠ ᠳᠡᠯᠭᠡᠵᠦ᠍ ᠪᠣᠳᠠᠲᠠᠶ ᠪᠣᠯᠪᠠᠰᠤᠷᠠᠬᠤ》 ᠠᠷᠭ᠎ᠠ ᠬᠡᠯᠪᠡᠷᠢ᠎ᠶ᠋ᠢ ᠠᠪᠴᠤ᠌᠂ ᠠᠵᠢᠯ ᠲᠥᠷᠥᠯ᠎ᠦᠨ ᠵᠢᠯᠣᠭᠣᠳᠣᠭ᠍ᠴᠢ ᠪᠠᠭ᠍ᠰᠢ ᠪᠣᠯᠤᠨ ᠦᠶ᠋ᠯᠡᠰ ᠪᠤᠰᠬᠠᠬᠤ ᠬᠣᠱᠢᠭᠤᠴᠢ᠎ᠶ᠋ᠢ ᠤᠷᠢᠵᠤ ᠵᠢᠭᠠᠨ ᠵᠢᠯᠣᠭᠣᠳᠣᠭᠤᠯᠵᠤ᠂ ᠣᠨᠣᠯ ᠪᠠ ᠦᠶ᠋ᠯᠡᠳᠦᠯᠭᠡ᠎ᠶ᠋ᠢ ᠨᠢᠭ᠍ᠲᠠ ᠤᠶᠠᠯᠳᠤᠭᠤᠯᠤᠨ᠂ ᠰᠤᠷᠤᠭ᠍ᠴᠢᠳ᠎ᠢ ᠲᠦᠷᠭᠡᠨ ᠣᠷᠣᠯᠴᠠᠭᠤᠯᠪᠠ᠃ ᠰᠤᠷᠤᠭ᠍ᠴᠢᠳ ᠦᠳᠡ᠎ᠶ᠋ᠢᠨ ᠡᠮᠦᠨ᠎ᠡ ᠪᠠᠰᠠ ᠬᠢᠴᠢᠶᠡᠯ᠎ᠦᠨ ᠭᠡᠷ᠎ᠲᠡᠬᠡᠨ ᠵᠢᠵᠢᠭ ᠳᠡᠯᠭᠡᠭᠦᠷ᠎ᠦᠨ ᠡᠵᠡᠩᠨᠡᠯᠲᠡ᠂ ᠲᠣᠭᠠᠴᠢᠯᠠᠯᠲᠠ᠎ᠪᠡᠷ ᠬᠡᠷᠡᠭᠯᠡᠭᠴᠢᠳ ᠢ᠋ ᠲᠠᠳᠠᠬᠤ ᠵᠢ ᠰᠤᠷᠤᠯᠴᠠᠵᠤ᠂ ᠦᠳᠡ᠎ᠶ᠋ᠢᠨ ᠬᠣᠢᠨ᠎ᠠ ᠲᠠᠷᠤᠢ ᠥᠪᠡᠷ᠎ᠦᠨ ᠪᠦᠲᠦᠭᠡᠭ᠌ᠳᠡᠬᠦᠨ᠎ᠢᠶᠡᠨ ᠠᠪᠴᠤ᠌ ᠦᠨᠡᠨ ᠪᠣᠳᠠᠲᠠᠢ ᠴᠤᠭᠯᠠᠭ᠎ᠠ ᠮᠠᠢᠮᠠᠢ ᠳ᠋ᠤ ᠪᠠᠷᠠᠭ᠎ᠠ ᠳᠡᠯᠭᠡᠵᠦ᠂ ᠤᠨᠤᠯ᠎ᠡᠴᠡ ᠪᠣᠳᠠᠲᠤ ᠦᠢᠯᠡᠳᠦᠯᠭᠡ᠎ᠳᠦ ᠱᠢᠯᠵᠢᠬᠦ᠌᠎ᠶ᠋ᠢ ᠪᠡᠶᠡᠴᠢᠯᠡᠨ ᠣᠢᠯᠠᠭᠠᠪᠠ᠃ ᠢᠩᠭᠢᠭᠡᠳ ᠠᠩᠬᠠᠳᠠᠭ᠍ᠴᠢ ᠪᠦᠯᠦᠭ ᠤ᠋ᠨ 40 ᠨᠡᠷᠡᠰ ᠪᠡᠶ᠎ᠡ᠎ᠪᠡᠨ ᠳᠠᠭᠠᠭᠠᠵᠤ ᠡᠵᠡᠩᠨᠡᠬᠦ᠌ ᠴᠢᠳᠠᠪᠤᠷᠢ᠎ᠲᠠᠶ ᠦᠶ᠋ᠯᠡᠰ ᠪᠤᠰᠬᠠᠭᠴᠢ ᠪᠣᠶ ᠪᠣᠯᠤᠭ᠍ᠰᠠᠨ ᠪᠥᠭᠡᠳ ᠪᠦᠬᠦᠨ᠎ᠢ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》᠎ᠶᠢᠨ ᠪᠣᠢᠵᠢᠭᠤᠯᠬᠤ ᠬᠥᠮᠥᠷᠭᠡ᠎ᠳᠦ ᠣᠷᠣᠭᠤᠯᠵᠤ᠂ ᠦᠷᠭᠦᠯᠵᠢᠯᠡᠨ ᠮᠥᠷᠳᠡᠨ ᠦᠶ᠋ᠯᠡᠴᠢᠯᠡᠪᠡ᠃
ᠲᠦᠷᠦ᠍᠎ᠶ᠋ᠢᠨ ᠪᠤᠳᠤᠯᠭ᠎ᠠ᠎ᠶ᠋ᠢᠨ ᠲᠤᠯᠭᠠᠭᠤᠷᠢᠯᠠᠯ ᠨᠢ ᠨᠡᠩ ᠴᠤ᠌ ᠡᠨᠡ ᠬᠦ᠌ ᠦᠢᠯᠡᠰ ᠪᠤᠰᠭᠠᠬᠤ ᠥᠷᠨᠢᠯᠲᠡ᠎ᠳᠦ ᠬᠦᠴᠦᠨ ᠨᠡᠮᠡᠷᠢᠯᠡᠭ᠌ᠰᠡᠨ ᠪᠠᠢᠨ᠎ᠠ᠃ ᠡᠨᠡ ᠵᠢᠯ᠎ᠦᠨ 3 ᠰᠠᠷ᠎ᠠ᠎ᠳᠤ᠂ 《ᠥᠪᠥᠷ ᠮᠣᠩᠭᠣᠯ᠎ᠤᠨ ᠡᠪ ᠬᠠᠮᠲᠤ ᠵᠠᠯᠠᠭᠤᠴᠤᠳ᠎ᠤᠨ ᠡᠪᠯᠡᠯ᠎ᠦᠨ 〈ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ〉᠎ᠶᠢ ᠪᠤᠢᠵᠢᠭᠤᠯᠬᠤ ᠠᠵᠢᠯ᠎ᠤᠨ ᠵᠢᠯᠣᠭᠣᠳᠤᠮᠵᠢ》 ᠶ᠋ᠢ ᠨᠡᠢᠲᠡᠯᠡᠵᠦ᠍᠂ ᠬᠥᠳᠡᠯᠦᠩᠭᠦᠶ᠎ᠪᠡᠷ ᠪᠠᠢᠳᠠᠯ ᠤᠢᠯᠠᠭᠠᠨ ᠨᠡᠷ᠎ᠡ ᠵᠢᠭ᠍ᠰᠠᠭᠠᠬᠤ ᠪᠠ ᠨᠠᠷᠢᠯᠢᠭ ᠣᠨᠣᠴᠠᠲᠠᠶ᠎ᠪᠠᠷ ᠦᠶ᠋ᠯᠡᠴᠢᠯᠡᠬᠦ᠌ ᠲᠣᠭ᠍ᠲᠠᠴᠠ᠎ᠶ᠋ᠢ ᠲᠣᠳᠣᠷᠬᠠᠶ ᠲᠣᠭ᠍ᠲᠠᠭᠠᠭ᠍ᠰᠠᠨ ᠪᠥᠭᠡᠳ ᠪᠥᠬᠥ᠌ ᠣᠷᠣᠨ᠎ᠳᠤ 2000 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠪᠠᠢᠭᠤᠯᠵᠤ᠂ 1000 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》᠎ᠶᠢᠨ ᠭᠤᠤᠯ ᠡᠵᠡᠩᠨᠡᠭᠴᠢ᠎ᠶ᠋ᠢ ᠪᠤᠢᠵᠢᠭᠤᠯᠬᠤ ᠪᠡᠷ ᠲᠥᠯᠥᠪᠯᠡᠵᠦ᠍ ᠪᠠᠢᠨ᠎ᠠ᠃ ᠡᠭᠦᠨ᠎ᠦ ᠬᠠᠮᠲᠤ᠂ ᠦᠢᠯᠡᠰ ᠪᠣᠰᠭᠠᠭ᠍ᠴᠢᠳᠲᠤ ᠮᠥᠩᠭᠥᠨ ᠭᠦᠢᠯᠭᠡᠭᠡ᠂ ᠤᠷ᠎ᠠ ᠴᠢᠳᠠᠪᠤᠷᠢ᠂ ᠤᠷᠤᠰᠴᠠ ᠵᠡᠷᠭᠡ᠎ᠶ᠋ᠢᠨ ᠪᠦᠬᠦ᠌ ᠲᠠᠯ᠎ᠠ᠎ᠶ᠋ᠢᠨ ᠳᠡᠮᠵᠢᠯᠭᠡ ᠬᠠᠩᠭᠠᠵᠤ᠂ ᠯᠠᠪᠳᠠᠭᠤᠨ᠎ᠢᠶᠠᠷ ᠵᠠᠯᠠᠭᠤᠴᠤᠳ᠎ᠤᠨ ᠦᠢᠯᠡᠰ ᠪᠤᠰᠭᠠᠬᠤ ᠬᠦᠰᠡᠯ ᠵᠡᠭᠦᠳᠦ᠍᠎ᠶ᠋ᠢ ᠲᠡᠷᠭᠡᠯᠱᠢᠭᠦᠯᠦᠨ᠎ᠡ᠃
《 ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ 》 ᠭᠡᠷᠡᠯ ᠭᠢᠯᠪᠠᠭ᠎ᠠ ᠰᠠᠴᠤᠷᠠᠭᠤᠯᠤᠨ᠎ᠠ
《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠶᠢ ᠤᠬᠠᠭ᠍ᠳᠠᠬᠤᠨ᠎ᠡᠴᠡ ᠠᠮᠢᠳᠤᠯᠢᠭ ᠦᠢᠯᠡᠳᠦᠯᠭᠡ ᠪᠣᠯᠭᠠᠨ ᠨᠠᠢᠳᠠᠪᠤᠷᠢᠵᠢᠭᠤᠯᠬᠤ᠎ᠳᠤ ᠬᠦᠴᠦᠷᠬᠡᠭ ᠶᠡᠬᠡ ᠱᠢᠰᠲ᠋ᠧᠮᠲᠦ ᠬᠠᠮᠲᠤᠷᠠᠯ ᠬᠦᠴᠦᠨ᠎ᠢ ᠬᠡᠷᠡᠭ᠌ᠰᠡᠨ᠎ᠡ᠃
ᠥᠪᠡᠷᠲᠡᠭᠡᠨ ᠵᠠᠰᠠᠬᠤ ᠣᠷᠣᠨ᠎ᠤ ᠲᠠᠯ᠎ᠠ᠎ᠡᠴᠡ ᠦᠵᠦ᠍ ᠲᠥᠯᠥᠪᠯᠡᠭᠡ᠎ᠶ᠋ᠢ ᠬᠠᠷᠢᠭᠤᠴᠠᠵᠤ᠂ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠪᠣᠯᠤᠨ ᠡᠨᠧᠷᠭᠢ᠂ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ ᠵᠡᠷᠭᠡ ᠳᠠᠪᠠᠭᠤᠯᠢᠭ ᠠᠵᠤ ᠦᠢᠯᠡᠰ᠎ᠦᠨ ᠭᠦᠨᠵᠡᠭᠡᠢ ᠠᠭᠤᠰᠤᠯᠴᠠᠯ᠎ᠢ ᠠᠬᠢᠭᠤᠯᠪᠠ; ᠠᠢᠮᠠᠭ ᠬᠣᠲᠠ᠂ ᠬᠣᠱᠢᠭᠤ ᠱᠢᠶᠠᠨ᠎ᠨᠢ ᠲᠠᠰ ᠳᠠᠪᠬᠤᠷᠭ᠎ᠠ ᠬᠤᠪᠢᠶᠠᠨ ᠨᠠᠢᠳᠠᠪᠤᠷᠢᠵᠢᠭᠤᠯᠵᠤ᠂ ᠭᠠᠵᠠᠷ ᠣᠷᠣᠨ᠎ᠤ ᠪᠠᠢᠳᠠᠯ᠎ᠳᠠᠭᠠᠨ ᠳᠣᠭᠢᠷᠠᠭᠤᠯᠤᠨ ᠣᠨᠴᠠᠯᠢᠭ᠍ᠲᠤ ᠲᠥᠷᠥᠯ ᠲᠡᠮᠳᠡᠭ᠌ᠲᠦ᠍᠎ᠶ᠋ᠢᠨ ᠠᠵᠢᠯᠯᠠᠭ᠎ᠠ᠎ᠶ᠋ᠢ ᠪᠣᠶ ᠪᠣᠯᠭᠠᠪᠠ; ᠡᠯ᠎ᠡ ᠱᠠᠲᠤᠨ᠎ᠤ ᠡᠪᠯᠡᠯ᠎ᠦᠨ ᠵᠣᠬᠢᠶᠠᠨ ᠪᠠᠢᠭᠤᠯᠤᠯᠲᠠ ᠪᠦᠬᠦ᠌ ᠶᠠᠪᠤᠴᠠ᠎ᠳᠤ ᠡᠮᠦᠨ᠎ᠡ ᠹᠷᠤᠨᠲ ᠲᠤ᠌ ᠦᠢᠯᠡᠴᠢᠯᠡᠵᠦ᠍᠂ ᠵᠢᠱ᠌ᠢᠶ᠎ᠡ ᠦᠵᠡᠭᠦᠯᠬᠦ᠌ ᠳᠡᠯᠭᠡᠭᠦᠷ᠎ᠢ ᠰᠠᠢᠳᠤᠷ ᠬᠢᠵᠤ᠂ ᠡᠬᠢ ᠪᠠᠶᠠᠯᠢᠭ᠎ᠤᠨ ᠠᠷᠭ᠎ᠠ ᠵᠠᠮ᠎ᠢ ᠥᠷᠭᠡᠳᠭᠡᠪᠡ᠃
ᠪᠣᠳᠠᠲᠤ ᠪᠠᠢᠯᠳᠤᠭᠠᠨ᠎ᠤ ᠪᠣᠯᠪᠠᠰᠤᠷᠠᠯ᠎ᠤᠨ ᠬᠤᠸᠠᠷᠠᠨ᠎ᠡᠴᠡ ᠵᠠᠯᠠᠭᠤ ᠨᠠᠰᠤᠨ᠎ᠤ ᠦᠢᠯᠡᠳᠭᠡᠯ᠎ᠦᠨ ᠭᠠᠵᠠᠷ ᠬᠦᠷᠲᠡᠯ᠎ᠡ᠂ ᠲᠠᠬᠢᠭᠠᠳ ᠵᠠᠯᠠᠭᠤᠴᠤᠳ ᠤ᠋ᠨ ᠴᠤᠭᠯᠠᠭ᠎ᠠ ᠮᠠᠢᠮᠠᠢ ᠬᠦᠷᠲᠡᠯ᠎ᠡ᠂ ᠭᠤᠷᠪᠠᠨ ᠶᠡᠬᠡ ᠠᠴᠢᠶᠠᠯᠠᠪᠤᠷᠢ ᠨᠢ 《ᠪᠣᠯᠪᠠᠰᠤᠷᠠᠯ ᠬᠢᠵᠦ᠍ ᠴᠢᠳᠠᠪᠤᠷᠢ᠎ᠪᠠᠨ ᠳᠡᠭᠡᠭ᠌ᠰᠢᠯᠡᠭᠦᠯᠬᠦ᠌᠂ ᠦᠢᠯᠡᠳᠭᠡᠯ᠎ᠦᠨ ᠭᠠᠵᠠᠷ ᠲᠤ᠌ ᠪᠣᠳᠠᠲᠤ ᠪᠠᠢᠯᠳᠤᠭᠠᠨ ᠬᠢᠬᠦ᠌᠂ ᠴᠤᠭ᠍ᠯᠠᠭ᠎ᠠ ᠮᠠᠢᠮᠠᠢ᠎ᠪᠡᠷ ᠵᠠᠬ᠎ᠠ ᠲᠡᠯᠭᠡᠭᠦᠷ ᠵᠢᠡᠨ ᠥᠷᠭᠡᠳᠭᠡᠬᠦ᠌》 ᠰᠠᠢ᠌ᠨ ᠤᠷᠴᠢᠯᠳᠦ ᠪᠢᠲᠡᠭᠦᠦ ᠴᠠᠭᠠᠷᠢᠭ᠎ᠢ ᠪᠦᠷᠢᠯᠳᠦᠭᠦᠯᠵᠡᠢ᠃ ᠬᠤᠯᠪᠤᠯᠳᠤᠭᠰᠠᠨ ᠵᠠᠭᠤᠴᠢᠯᠠᠭᠤᠷ᠎ᠤᠨ ᠲᠠᠪᠴᠠᠩ᠎ᠢᠶᠠᠷ ᠳᠠᠮᠵᠢᠨ ᠡᠭᠦᠳᠦᠭ᠌ᠰᠡᠨ ᠱᠢᠨ᠎ᠡ ᠵᠠᠭᠤᠴᠢᠯᠠᠭᠤᠷ᠎ᠢ ᠳᠡᠯᠭᠡᠷᠡᠭᠦᠯᠬᠦ᠌ ᠵᠢᠭ᠍ᠰᠠᠭᠠᠯ ᠨᠢ ᠵᠠᠯᠠᠭᠤ ᠨᠠᠰᠤᠨ᠎ᠤ ᠬᠥᠮᠦᠰ᠎ᠦᠨ ᠠᠷᠤ᠎ᠳᠠᠬᠢ ᠲᠡᠮᠡᠴᠡᠯ᠎ᠦᠨ ᠦᠯᠢᠭᠡᠷ᠎ᠦᠳ᠎ᠢ ᠰᠣᠨᠣᠰᠪᠤᠷᠢᠲᠠᠢ ᠰᠠᠢᠬᠠᠨ ᠶᠠᠷᠢᠵᠤ᠂ ᠦᠢᠯᠡᠰ ᠪᠤᠰᠭᠠᠬᠤ᠎ᠶ᠋ᠢ ᠵᠣᠷᠢᠭ᠍ᠵᠢᠭᠤᠯᠬᠤ ᠥᠳᠭᠡᠨ ᠵᠤᠵᠠᠭᠠᠨ ᠠᠭᠤᠷ ᠠᠮᠢᠰᠭᠤᠯ᠎ᠢ ᠪᠤᠢ ᠪᠣᠯᠭᠠᠪᠠ᠃
《ᠪᠢᠳᠡ ᠪᠣᠯ ᠭᠠᠭ᠍ᠴᠠᠭᠠᠷᠳᠠᠮᠠᠯ ᠬᠡᠮ᠎ᠲᠡᠶ ᠵᠠᠯᠠᠭᠤᠴᠤᠳ᠎ᠤᠨ ᠠᠵᠢᠯ ᠤᠯᠬᠤ᠎ᠶ᠋ᠢ ᠳᠡᠮᠵᠢᠬᠦ᠌᠎ᠳᠦ ᠠᠩᠬᠠᠷᠤᠯ᠎ᠢᠶᠠᠨ ᠲᠥᠪᠯᠡᠷᠡᠭᠦᠯᠦᠭ᠌ᠰᠡᠨ ᠨᠡᠢᠲᠡ᠎ᠶ᠋ᠢᠨ ᠠᠰᠠᠷᠠᠮᠵᠢ᠎ᠶ᠋ᠢᠨ ᠺᠤᠹᠸ ᠵᠢᠨ ᠲᠦᠷᠦᠯ ᠲᠡᠮᠳᠡᠭ ᠮᠥᠨ᠃ ᠪᠦᠬᠦ ᠶᠠᠪᠤᠴᠠ ᠳ᠋ᠤ᠂ ᠮᠢᠨᠦ᠍ ᠰᠡᠳᠭᠢᠯ᠎ᠢ ᠬᠠᠮᠤᠭ᠎ᠡᠴᠡ ᠬᠥᠨᠳᠡᠭᠰᠡᠨ ᠨᠢ ᠲᠣᠭ᠎ᠠ ᠦᠭᠡᠢ ᠣᠯᠠᠨ ᠲᠠᠨᠢᠯ ᠪᠤᠰᠤ ᠬᠥᠮᠦᠨ᠎ᠦ ᠰᠠᠢᠨ ᠰᠠᠨᠠᠭ᠎ᠠ ᠪᠤᠯᠤᠨ᠎ᠠ》᠃ ᠬᠠᠨ ᠫᠠᠩ ᠡᠯ ᠺᠣᠹᠧᠶ᠋ᠢᠨ ᠳᠡᠯᠭᠡᠭᠦᠷ᠎ᠦᠨ ᠡᠵᠡᠨ᠄ 《ᠮᠠᠰᠢ ᠣᠯᠠᠨ ᠵᠣᠴᠢᠨ ᠪᠢᠳᠡᠨ᠎ᠦ ᠦᠯᠢᠭᠡᠷ᠎ᠢ ᠮᠡᠳᠡᠭ᠌ᠰᠡᠨ᠎ᠦ ᠳᠠᠷᠠᠭ᠎ᠠ᠂ ᠲᠤᠰᠭᠠᠢᠯᠠᠨ ᠡᠷᠢᠵᠤ ᠢᠷᠡᠭᠡᠳ ᠳᠡᠮᠵᠢᠳᠡᠭ᠂ ᠪᠠᠰᠠ ᠲᠤᠬᠠᠶ᠎ᠶ᠋ᠢᠨ ᠭᠠᠵᠠᠷ᠎ᠤᠨ ᠵᠠᠯᠠᠭᠤᠴᠤᠳ ᠰᠠᠨᠠᠭᠠᠴᠢᠯᠠᠭ᠎ᠠ᠎ᠡᠴᠡ᠎ᠪᠠᠨ ᠦᠨ᠎ᠡ ᠲᠥᠯᠥᠪᠦᠷᠢ ᠦᠭᠡᠢ᠎ᠪᠡᠷ ᠪᠢᠳᠡᠨ᠎ᠢ ᠬᠠᠪᠰᠤᠷᠤᠨ ᠰᠦᠯᠵᠢᠶᠡᠨ ᠳᠡᠭᠡᠷ᠎ᠡ ᠤᠬᠠᠭᠤᠯᠭ᠎ᠠ ᠬᠢᠳᠡᠭ᠃ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠶ᠎ᠠ ᠨᠡᠩ ᠴᠤ᠌ ᠪᠢᠳᠡᠨ᠎ᠳᠦ ᠯᠤᠲᠤ ᠶᠡᠬᠡ ᠳᠡᠮᠵᠢᠯᠭᠡ ᠦᠵᠡᠭᠦᠯᠵᠡᠢ᠂ ᠲᠦᠷᠦ᠍᠎ᠶ᠋ᠢᠨ ᠪᠤᠳᠤᠯᠭ᠎ᠠ᠎ᠶ᠋ᠢᠨ ᠵᠢᠯᠤᠭᠤᠳᠤᠯᠭ᠎ᠠ᠎ᠡᠴᠡ ᠦᠢᠯᠡᠰ ᠪᠤᠰᠭᠠᠬᠤ ᠪᠣᠯᠪᠠᠰᠤᠷᠠᠯ ᠬᠦᠷᠲᠡᠯ᠎ᠡ᠂ ᠪᠢᠳᠡᠨ᠎ᠢ ᠬᠠᠪᠰᠤᠷᠤᠨ ᠡᠵᠡᠩᠨᠡᠯᠲᠡ᠎ᠶ᠋ᠢᠨ ᠲᠠᠯ᠎ᠠ᠎ᠶ᠋ᠢᠨ ᠳᠤᠲᠠᠭᠤᠳᠠᠯ᠎ᠢ ᠨᠥᠬᠥᠪᠥᠷᠢᠯᠡᠵᠦ᠍᠂ ᠪᠢᠳᠡᠨᠢ᠋ ᠨᠡᠩ ᠤᠯᠠᠨ ᠬᠥᠮᠦᠨ ᠤᠯᠵᠤ ᠮᠡᠳᠡᠵᠦ᠂ ᠮᠤᠷᠤᠢ ᠵᠠᠮ᠎ᠢᠶᠠᠷ ᠳᠤᠲᠠᠭᠤ ᠵᠠᠮᠨᠠᠭ᠍ᠰᠠᠨ ᠪᠠᠢᠨ᠎ᠠ》 ᠭᠡᠵᠦ ᠬᠡᠯᠡᠪᠡ᠃ ᠡᠨᠡ ᠬᠦ᠌ ᠵᠢᠵᠢᠭ ᠺᠤᠹᠸ ᠵᠢᠨ ᠳᠡᠯᠭᠡᠭᠦᠷ᠎ᠦᠨ ᠬᠠᠯᠠᠭᠤᠨ ᠳᠤᠯᠠᠭᠠᠨ ᠥᠯᠢᠭᠡᠷ ᠨᠢ ᠥᠪᠥᠷ ᠮᠣᠩᠭᠣᠯ᠎ᠤᠨ ᠲᠦᠮᠡ ᠮᠢᠩᠭᠠᠨ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》᠎ᠶᠢᠨ ᠦᠰᠦᠨ ᠪᠣᠢᠵᠢᠵᠤ ᠪᠤᠵᠠᠭᠠᠢᠷᠠᠭ᠍ᠰᠠᠨ ᠲᠠᠢᠯᠪᠤᠷᠢ ᠪᠣᠯᠬᠤ ᠶᠤᠮ᠃
ᠬᠤᠳᠠ᠎ᠶ᠋ᠢᠨ ᠬᠤᠳᠠᠯᠳᠤᠭᠠᠨ᠎ᠤ ᠲᠣᠭᠣᠷᠢᠭ᠎ᠤᠨ ᠬᠢᠯᠠᠯᠵᠠᠭᠰᠠᠨ ᠰᠢᠨ᠎ᠡ ᠤᠳᠤᠨ ᠡᠴᠡ ᠰᠣᠶᠣᠯ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠤ ᠱᠢᠨ᠎ᠡ ᠬᠡᠪ ᠰᠤᠷᠲᠠᠯ ᠬᠦᠷᠲᠡᠯ᠎ᠡ᠂ ᠥᠪᠥᠷ ᠮᠣᠩᠭᠣᠯ᠎ᠤᠨ 《ᠵᠠᠯᠠᠭᠤᠴᠤᠳ᠎ᠤᠨ ᠳᠡᠯᠭᠡᠭᠦᠷ ᠬᠤᠳᠠᠯᠳᠤᠭ᠎ᠠ》 ᠨᠢ ᠵᠠᠯᠠᠭᠤᠴᠤᠳ᠎ᠤᠨ ᠦᠢᠯᠡᠰ ᠪᠤᠰᠭᠠᠬᠤ ᠤᠷᠤᠨ ᠵᠠᠢ ᠵᠢ ᠦᠷᠭᠡᠳᠬᠡᠵᠤ ᠪᠠᠢᠯ᠎ᠠ᠃ ᠲᠠᠷᠠᠭᠠᠴᠢ᠎ᠶ᠋ᠢᠨ ᠠᠯᠬᠤᠮ᠎ᠳᠤ᠂ ᠥᠪᠥᠷ ᠮᠣᠩᠭᠣᠯ ᠡᠨᠡ ᠬᠦ᠌ ᠬᠦᠰᠡᠯ ᠡᠷᠡᠮᠡᠯᠵᠡᠯ᠎ᠦᠨ ᠬᠠᠯᠠᠭᠤᠨ ᠬᠥᠷᠥᠰᠥ᠎ᠪᠡᠨ ᠦᠷᠭᠦᠯᠵᠢᠯᠡᠨ ᠭᠦᠨ ᠬᠠᠭᠠᠯᠪᠤᠷᠢᠯᠠᠵᠤ᠂ ᠦᠶ᠋ᠯᠡᠴᠢᠯᠡᠭᠡ᠎ᠪᠡᠨ ᠲᠠᠰᠤᠷᠠᠯᠲᠠ ᠥᠬᠡᠶ ᠱᠢᠯᠢᠳᠡᠭ᠌ᠵᠢᠭᠦᠯᠦᠨ᠂ ᠠᠬᠤᠶ ᠪᠠᠢᠳᠠᠯ᠎ᠢᠶᠠᠨ ᠲᠠᠰᠤᠷᠠᠯᠲᠠ ᠥᠬᠡᠶ ᠥᠷᠭᠡᠳᠭᠡᠵᠦ᠍᠂ ᠵᠠᠯᠠᠭᠤᠴᠤᠳ ᠤᠨ ᠵᠠᠯᠠᠭᠤ ᠨᠠᠰᠤᠨ᠎ᠤ ᠡᠭᠦᠷᠭᠡᠯᠡᠯ ᠪᠠ ᠬᠦᠴᠦᠨ ᠴᠢᠳᠠᠯ ᠵᠢᠡᠨ ᠪᠠᠳᠠᠷᠠᠭᠤᠯᠬᠤ ᠳᠤᠨᠡᠨᠭ ᠰᠠᠢᠨ ᠦᠢᠯᠡᠴᠢᠯᠡᠨ᠎ᠠ᠃