ᠱᠢᠯᠢᠨᠭᠬᠤᠲᠠ ᠳ᠋ᠤ ᠪᠠᠢᠷᠢᠯᠠᠵᠤ ᠪᠠᠢᠭ᠎ᠠ ᠱᠸᠦ ᠹᠠᠩ·ᠰᠢᠯᠢ ᠶ᠋ᠢᠨ ᠭᠤᠤᠯ ᠴᠠᠭᠠᠨ ᠢᠳᠡᠭᠡᠨ ᠤ᠋ ᠰᠤᠶᠤᠯ ᠤ᠋ᠨ ᠠᠵᠤ ᠦᠶ᠋ᠯᠡᠰ ᠤ᠋ᠨ ᠬᠦᠷᠢᠶᠡᠯᠡᠩ ᠤ᠋ᠨ ᠶᠡᠷᠦᠩᠬᠡᠶ ᠪᠠᠯᠠ ᠣᠷᠣᠭᠤᠯᠤᠯᠲᠠ ᠨᠢ 1.5 ᠳ᠋ᠦᠩᠱᠢᠭᠤᠷ ᠲᠥᠭᠥᠷᠢᠭ ᠬᠦᠷᠴᠦ᠂ ᠵᠢᠯ ᠤ᠋ᠨ ᠦᠶ᠋ᠯᠡᠳᠪᠦᠷᠢᠯᠡᠯ ᠤ᠋ᠨ ᠴᠢᠳᠠᠪᠤᠷᠢ ᠨᠢ 2.8 ᠲᠦᠮᠡᠨ ᠲᠣᠨ ᠳ᠋ᠤ ᠬᠦᠷᠴᠦ᠍᠂ ᠬᠦᠷᠢᠶᠡᠯᠡᠩ ᠨᠡᠭᠡᠭᠡᠭ᠌ᠰᠡᠨ ᠡᠴᠡ ᠨᠠᠭᠠᠰᠢ ᠦᠶ᠋ᠯᠡᠳᠬᠦᠨ ᠤ᠋ ᠥᠷᠲᠡᠭ ᠨᠢ 10 ᠳᠠᠬᠢᠨ ᠱᠢᠬᠠᠮ ᠨᠡᠮᠡᠭ᠌ᠳᠡᠵᠦ᠍᠂ 500 ᠭᠠᠷᠤᠶ ᠬᠥᠮᠦᠨ ᠤ᠋ ᠠᠵᠢᠯ ᠣᠯᠭᠣᠯᠲᠠ ᠵᠢ ᠱᠢᠭᠤᠳ ᠳᠠᠢᠴᠢᠯᠠᠪᠠ᠃
ᠡᠨᠡ ᠪᠣᠯ 《ᠱᠢᠯᠢ ᠶ᠋ᠢᠨ ᠭᠤᠤᠯ ᠴᠠᠭᠠᠨ ᠢᠳᠡᠭᠡᠨ》 ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ ᠤ᠋ᠨ ᠬᠦᠭᠵᠢᠯᠳᠠᠵᠢᠨ ᠬᠤᠷᠢᠶᠠᠩᠭᠤᠶ ᠪᠠᠢᠳᠠᠯ ᠪᠣᠯᠬᠤ ᠶᠤᠮ᠃ ᠢᠰᠡᠭᠡᠶ ᠭᠡᠷ ᠤ᠋ᠨ ᠭᠠᠷ ᠤᠷᠠᠯᠠᠯ ᠡᠴᠡ ᠣᠳᠣᠬᠢᠴᠢᠯᠠᠭ᠍ᠰᠠᠨ ᠠᠵᠤ ᠦᠶ᠋ᠯᠡᠰ ᠤ᠋ᠨ ᠬᠦᠷᠢᠶᠡᠯᠡᠩ ᠤ᠋ᠨ ᠪᠠᠷᠢᠮᠵᠢᠶᠠᠵᠢᠭ᠍ᠰᠠᠨ ᠦᠶ᠋ᠯᠡᠳᠪᠦᠷᠢᠯᠡᠯ ᠤ᠋ᠨ ᠱᠤᠭᠤᠮ ᠬᠦᠷᠲᠡᠯ᠎ᠡ᠂ ᠲᠤᠬᠠᠢ ᠶ᠋ᠢᠨ ᠭᠠᠵᠠᠷ ᠤ᠋ᠨ ᠴᠤᠭ᠍ᠯᠠᠭᠠ ᠮᠠᠢᠮᠠᠢ ᠳᠡᠭᠡᠷᠡᠬᠢ ᠠᠮᠲᠠᠲᠦ ᠢᠳᠡᠭᠡᠨ ᠡᠴᠡ ᠵᠢᠯ ᠤ᠋ᠨ ᠪᠣᠷᠣᠯᠠᠭᠤᠯᠭ᠎ᠠ ᠶ᠋ᠢᠨ ᠬᠡᠮᠵᠢᠶ᠎ᠡ ᠨᠢ 1.58 ᠳ᠋ᠦᠩᠱᠢᠭᠤᠷ ᠲᠥᠭᠥᠷᠢᠭ ᠢ᠋ ᠳᠠᠪᠠᠵᠤ᠂ ᠲᠦᠷᠦᠯ ᠲᠡᠮᠳᠡᠭ ᠤ᠋ᠨ ᠦᠷᠳᠡᠭ ᠨᠢ 43.17 ᠳ᠋ᠦᠩᠱᠢᠭᠤᠷ ᠲᠥᠭᠥᠷᠢᠭ ᠲᠦ᠍ ᠬᠦᠷᠦᠭ᠌ᠰᠡᠨ 《ᠥᠪᠥᠷ ᠮᠣᠩᠭᠣᠯ ᠤ᠋ᠨ ᠨᠡᠷᠡᠳᠤ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ》 ᠬᠦᠷᠲᠡᠯ᠎ᠡ᠂ ᠰᠢᠯᠢ ᠶ᠋ᠢᠨ ᠭᠤᠤᠯ ᠴᠠᠭᠠᠨ ᠢᠳᠡᠭᠡᠨ ᠶᠠᠭ ᠤᠯᠠᠮᠵᠢᠯᠠᠯᠲᠤ ᠠᠵᠤ ᠦᠢᠯᠡᠰ ᠤ᠋ᠨ ᠬᠤᠪᠢᠰᠤᠯᠲᠠ᠂ ᠣᠷᠣᠨ ᠪᠦᠰᠡ ᠶ᠋ᠢᠨ ᠲᠦᠷᠦᠯ ᠲᠡᠮᠳᠡᠭ ᠢ᠋ᠶ᠋ᠡᠷ ᠡᠨ᠋ᠸᠷᠬᠢ ᠤᠯᠭᠤᠬᠤ ᠬᠢᠭᠡᠳ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠯᠤᠳᠤ ᠶᠡᠭᠡ ᠦᠯᠢᠭᠡᠷ ᠳᠠᠭᠤᠷᠢᠶᠠᠯ ᠢ᠋ ᠬᠦᠦᠷᠨᠢᠨ᠎ᠡ᠃
ᠭᠠᠷ ᠦᠢᠯᠡᠳᠭᠡᠯ ᠤ᠋ᠨ ᠭᠠᠵᠠᠷ ᠡᠴᠡ ᠣᠳᠣᠬᠢᠴᠢᠯᠠᠭ᠍ᠰᠠᠨ ᠦᠢᠯᠡᠳᠪᠦᠷᠢᠯᠡᠯ ᠤ᠋ᠨ ᠱᠤᠭᠤᠮ ᠬᠦᠷᠲᠡᠯ᠎ᠡ
ᠤᠷᠲᠤ ᠤᠳᠠᠭᠠᠨ ᠲᠡᠦᠬᠡᠨ ᠶᠠᠪᠤᠴᠠ ᠳ᠋ᠤ᠂ ᠤᠰᠤᠨ ᠤ᠋ ᠲᠤᠨᠭᠭᠠᠯᠠᠭ ᠡᠪᠡᠰᠦᠨ ᠤ᠋ ᠰᠤᠷᠭᠤᠭ ᠢ᠋ ᠲᠠᠭᠠᠵᠦ᠍ ᠨᠡᠭᠦᠳᠡᠯᠯᠡᠨ ᠠᠮᠢᠳᠤᠷᠠᠳᠠᠭ ᠮᠠᠯᠴᠢᠳ ᠳᠡᠯᠡᠨᠭᠲᠦ ᠮᠠᠯ ᠤ᠋ᠨ ᠢ᠋ᠶ᠋ᠡᠨ ᠰᠢᠮ᠎ᠡ ᠰᠦ ᠪᠠᠷ ᠬᠤᠷᠤᠳ᠂ ᠴᠤᠷ᠎ᠠ᠂ ᠥᠷᠥᠮ᠎ᠠ ᠵᠡᠷᠭᠡ ᠴᠠᠭᠠᠨ ᠢᠳᠡᠭᠡ ᠡᠳ᠋ᠰᠢᠬᠦᠯᠤᠨ ᠪᠤᠯᠪᠠᠰᠤᠷᠠᠭᠤᠯᠵᠤ ᠳᠦᠷᠪᠡᠨ ᠤᠯᠠᠷᠢᠯ ᠤ᠋ᠨ ᠲᠤᠷᠰᠢ ᠢᠳᠡᠵᠦ ᠬᠡᠷᠡᠭᠯᠡᠭᠰᠡᠭᠡᠷ ᠢᠷᠡᠵᠡᠢ᠃ ᠭᠡᠲᠡᠯ᠎ᠡ ᠤᠷᠲᠤ ᠤᠳᠠᠭᠠᠨ ᠣᠨ ᠵᠢᠯ ᠤ᠋ᠳ ᠲᠦ᠍᠂ ᠡᠨᠡ ᠬᠦ᠌ ᠴᠠᠭᠠᠨ ᠢᠳᠡᠭᠡᠨ ᠤ᠋ ᠦᠢᠯᠡᠳᠪᠦᠷᠢᠯᠡᠯ ᠨᠢ ᠣᠯᠠᠩᠬᠢ ᠳ᠋ᠤ ᠪᠠᠨ ᠭᠡᠷ ᠪᠦᠯᠢ ᠪᠡᠷ ᠢ᠋ᠶ᠋ᠡᠨ ᠦᠢᠯᠡᠳᠭᠦ᠂ ᠬᠥᠷᠰᠢ ᠵᠡᠷᠭᠡᠯᠡᠳᠡᠭᠡ ᠪᠡᠷ ᠢ᠋ᠶ᠋ᠡᠨ ᠰᠣᠯᠢᠯᠴᠠᠬᠤ ᠪᠤᠶᠤ ᠲᠤᠬᠠᠢ ᠶ᠋ᠢᠨ ᠭᠠᠵᠠᠷ ᠲᠠᠭᠠᠨ ᠪᠠᠭ᠎ᠠ ᠬᠡᠪᠴᠢᠶ᠎ᠡ ᠪᠡᠷ ᠬᠤᠳᠠᠯᠳᠤᠬᠤ ᠱᠠᠲᠤᠨ ᠳ᠋ᠤ ᠵᠣᠭ᠍ᠰᠣᠩᠭᠢᠷᠠᠵᠤ᠂ ᠭᠠᠷ ᠤᠷᠠᠯᠠᠯ ᠨᠢ ᠠᠮᠠ ᠪᠡᠷ ᠤᠯᠠᠮᠵᠢᠯᠠᠬᠤ ᠳ᠋ᠤ ᠲᠦᠱᠢᠭ᠌ᠯᠡᠨ᠂ ᠴᠢᠨᠠᠷ ᠴᠢᠨᠰᠠᠭ᠎ᠠ ᠨᠢ ᠬᠤᠪᠢ ᠬᠥᠮᠦᠨ ᠤ᠋ ᠲᠤᠷᠱᠢᠯᠭ᠎ᠠ ᠳ᠋ᠤ ᠲᠦᠱᠢᠭ᠌ᠯᠡᠳᠡᠭ ᠪᠠᠢᠵᠠᠢ᠃
ᠱᠢᠯᠢ ᠶ᠋ᠢᠨ ᠭᠣᠣᠯ ᠠᠢᠮᠠᠭ 20 ᠲᠦᠮᠡᠨ ᠲᠡᠭ᠌ᠰᠢ ᠳᠥᠷᠪᠡᠯᠵᠢᠨ ᠺᠢᠯᠤᠮᠸᠲᠷ ᠤ᠋ᠨ ᠪᠠᠢᠭᠠᠯᠢᠵᠢᠨ ᠨᠤᠲᠤᠭ ᠪᠡᠯᠴᠢᠭᠡᠷ ᠲᠠᠢ ᠪᠠᠢᠵᠤ᠂ ᠳᠡᠯᠡᠬᠡᠢ ᠳ᠋ᠠᠬᠢᠨ᠎ᠠ ᠮᠡᠳᠡᠷᠡᠭ᠌ᠳᠡᠭ᠌ᠰᠡᠨ ᠰᠦ ᠶ᠋ᠢᠨ ᠢᠷᠡᠯᠲᠡ ᠶ᠋ᠢᠨ ᠱᠢᠵᠢᠷ ᠠᠯᠳᠠᠨ ᠪᠦᠰᠡ ᠳ᠋ᠤ ᠪᠠᠢᠷᠢᠯᠠᠵᠤ ᠪᠤᠢ᠃ ᠭᠡᠷᠬᠢᠨ ᠥᠪᠡᠷᠮᠢᠴᠡ ᠡᠬᠢ ᠪᠠᠶᠠᠯᠢᠭ ᠤ᠋ᠨ ᠳᠠᠪᠠᠭᠤᠯᠢᠭ ᠵᠢᠡᠨ ᠠᠵᠤ ᠠᠬᠤᠢ ᠶ᠋ᠢᠨ ᠳᠠᠪᠠᠭᠤᠯᠢᠭ ᠪᠣᠯᠭᠠᠨ ᠬᠤᠪᠢᠷᠠᠭᠤᠯᠬᠤ ᠪᠤᠢ?ᠡᠭᠦᠨ ᠤ᠋ ᠲᠤᠬᠠᠢ ᠬᠠᠷᠢᠭᠤᠯᠲᠠ ᠨᠢ ᠮᠠᠯᠴᠢᠳ ᠤ᠋ᠨ ᠬᠡᠳᠦᠨ ᠮᠢᠩᠭᠠᠨ ᠵᠢᠯ ᠢᠳᠡᠵᠦ ᠬᠡᠷᠡᠭᠯᠡᠭᠰᠡᠨ ᠴᠠᠭᠠᠨ ᠢᠳᠡᠭᠡᠨ ᠳ᠋ᠤ ᠠᠭᠤᠯᠤᠬᠳᠠᠵᠤ ᠪᠠᠢᠪᠠ᠃
《ᠪᠢᠳᠡ ᠤᠷᠤᠨ ᠪᠦᠰᠡ ᠶ᠋ᠢᠨ ᠡᠬᠢ ᠪᠠᠶᠠᠯᠢᠭ ᠤ᠋ᠨ ᠳᠠᠪᠠᠭᠤᠯᠢᠭ ᠢ᠋ᠶ᠋ᠡᠨ ᠰᠠᠢᠲᠤᠷ ᠠᠰᠢᠬᠯᠠᠬᠤ ᠬᠡᠷᠡᠭᠲᠡᠢ ᠭᠡᠳᠡᠭ ᠢ᠋ ᠲᠠᠨᠢᠵᠤ ᠮᠡᠳᠡᠵᠡᠢ᠂ ᠤᠯᠤᠰ ᠪᠠ ᠥᠪᠡᠷᠲᠡᠭᠡᠨ ᠵᠠᠰᠠᠬᠤ ᠣᠷᠣᠨ ᠤ᠋ ᠰᠦ ᠶ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤ ᠪᠠᠢᠯᠳᠤᠬᠤ ᠪᠣᠳᠣᠯᠭ᠎ᠠ ᠶ᠋ᠢᠨ ᠠᠵᠠ ᠲᠤᠬᠢᠶᠠᠯ ᠢ᠋ ᠡᠵᠡᠮᠳᠡᠵᠦ᠂ ᠰᠢᠯᠢ ᠶ᠋ᠢᠨ ᠭᠤᠤᠯ ᠠᠢᠮᠠᠭ ᠣᠷᠣᠨ ᠨᠤᠲᠤᠭ ᠤ᠋ᠨ ᠣᠨᠴᠠᠯᠢᠭ᠍ᠲᠤ ᠴᠠᠭᠠᠨ ᠢᠳᠡᠭᠡᠨ ᠤ᠋ ᠠᠵᠤ ᠦᠶ᠋ᠯᠡᠰ ᠢ᠋ 〈ᠠᠷᠠᠳ ᠢ᠋ ᠪᠠᠶᠠᠵᠢᠭᠤᠯᠵᠤ ᠠᠢᠮᠠᠭ ᠢ᠋ᠶ᠋ᠡᠨ ᠮᠠᠨᠳᠤᠭᠤᠯᠬᠤ ᠭᠤᠤᠯ ᠭᠠᠷᠳᠠᠴᠠ〉 ᠪᠤᠯᠭᠠᠨ᠎ᠠ》 ᠭᠡᠵᠦ᠍ ᠱᠢᠯᠢ ᠶ᠋ᠢᠨ ᠭᠤᠤᠯ ᠠᠢᠮᠠᠭ ᠤ᠋ᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠤᠪᠴᠢᠶ᠎ᠠ ᠶ᠋ᠢᠨ ᠳᠠᠷᠤᠭ᠎ᠠ ᠨᠠᠨᠳᠢᠨ ᠭᠡᠯᠡᠨ᠎ᠠ᠃ ᠰᠦ ᠶ᠋ᠢᠨ ᠠᠵᠤ ᠦᠢᠯᠡᠰᠵᠢᠯᠲᠡ᠂ ᠣᠳᠣᠬᠢᠴᠢᠯᠠᠯᠲᠠ ᠶ᠋ᠢᠨ ᠲᠣᠭᠣᠷᠢᠨ ᠳ᠋ᠤ ᠶᠠᠪᠤᠬᠳᠠᠬᠰᠠᠨ ᠠᠶᠠᠨ ᠲᠡᠢᠨ ᠡᠢᠨ ᠬᠦ᠌ ᠡᠬᠢᠯᠡᠪᠡ᠃
ᠱᠢᠯᠢ ᠶ᠋ᠢᠨ ᠭᠤᠤᠯ ᠠᠢᠮᠠᠭ ᠤ᠋ᠨ ᠲᠣᠰ ᠱᠠᠲᠤᠨ ᠤ᠋ ᠡᠳ᠋ ᠤ᠋ᠨ ᠵᠠᠰᠠᠭ ᠵᠢᠯ ᠪᠦᠷᠢ 1000 ᠲᠦᠮᠡᠨ ᠲᠥᠭᠥᠷᠢᠭ ᠤ᠋ᠨ ᠲᠤᠰᠭᠠᠶ ᠲᠥᠷᠥᠯ ᠤ᠋ᠨ ᠪᠠᠯᠠ ᠮᠥᠩᠭᠥ᠌ ᠲᠣᠬᠢᠷᠠᠭᠤᠯᠵᠤ᠂ ᠪᠥᠬᠥ᠌ ᠠᠵᠤ ᠦᠶ᠋ᠯᠡᠰ ᠤ᠋ᠨ ᠬᠡᠯᠬᠢᠶ᠎ᠡ ᠵᠢ ᠬᠠᠮᠤᠷᠤᠭ᠍ᠰᠠᠨ ᠣᠨᠣᠴᠠᠲᠠᠶ ᠳᠡᠮᠵᠢᠬᠦ᠌ ᠲᠥᠷᠥ ᠶ᠋ᠢᠨ ᠪᠣᠳᠣᠯᠭ᠎ᠠ ᠶ᠋ᠢᠨ ᠵᠢᠭ᠍ᠰᠠᠭᠠᠯ ᠢ᠋ ᠪᠣᠶ ᠪᠣᠯᠭᠠᠪᠠ᠄ ᠰᠢᠯᠢᠳᠡᠭ ᠡᠭᠦᠯᠳᠡᠷ ᠤ᠋ᠨ ᠰᠠᠭᠠᠯᠢ ᠶ᠋ᠢᠨ ᠦᠨᠢᠶ᠎ᠡ ᠣᠷᠣᠭᠤᠯᠤᠨ ᠠᠪᠴᠢᠷᠠᠵᠤ᠂ ᠰᠠᠭᠠᠯᠢ ᠶ᠋ᠢᠨ ᠦᠨᠢᠶ᠎ᠡ ᠪᠦᠷᠢ ᠳ᠋ᠤ 5000 ᠲᠥᠭᠥᠷᠢᠭ ᠤ᠋ᠨ ᠨᠥᠬᠥᠪᠥᠷᠢ ᠥᠭ᠌ᠪᠡ; ᠰᠦ ᠰᠠᠭᠠᠬᠤ ᠦᠷᠳᠡᠭᠡ᠂ ᠲᠦᠭᠦᠬᠡᠢ ᠰᠦ ᠬᠤᠳᠠᠯᠳᠤᠨ ᠠᠪᠴᠤ᠌ ᠬᠠᠳᠠᠭᠠᠯᠠᠬᠤ ᠳᠤᠮᠳᠠ ᠱᠢᠯᠵᠢᠭᠦᠯᠬᠦ᠌ ᠦᠷᠳᠡᠭᠡ ᠪᠠᠢᠭᠤᠯᠬᠤ ᠵᠢ ᠳᠡᠮᠵᠢᠵᠦ᠂ ᠦᠷᠲᠡᠭᠡ ᠪᠦᠷᠢ 40 ᠲᠦᠮᠡᠨ ᠲᠥᠭᠥᠷᠢᠭ ᠨᠥᠬᠥᠪᠥᠷᠢ ᠦᠭᠪᠡ; ᠭᠠᠷ ᠦᠶ᠋ᠯᠡᠳᠭᠡᠯ ᠤ᠋ᠨ ᠭᠠᠵᠠᠷ ᠢ᠋ SC ᠭᠡᠷᠡᠴᠢᠯᠡᠯ ᠤ᠋ᠨ ᠠᠵᠤ ᠠᠬᠤᠢᠯᠠᠯ ᠪᠣᠯᠭᠠᠨ ᠲᠠᠰ ᠳᠡᠪᠱᠢᠭᠦᠯᠬᠦ᠌ ᠵᠢ ᠵᠣᠷᠢᠭ᠍ᠵᠢᠭᠤᠯᠵᠤ᠂ ᠡᠷᠦᠬᠡ ᠪᠦᠷᠢ ᠳ᠋ᠤ 20 ᠲᠦᠮᠡᠨ ᠲᠥᠭᠥᠷᠢᠭ ᠤ᠋ᠨ ᠨᠥᠬᠥᠪᠥᠷᠢ ᠦᠭᠪᠡ᠃ ᠡᠳᠡᠭᠡᠷ ᠤᠨᠤᠴᠠᠲᠠᠢ ᠳᠡᠮᠵᠢᠬᠦ ᠠᠷᠭ᠎ᠠ ᠬᠡᠮᠵᠢᠶ᠎ᠡ ᠨᠢ ᠠᠵᠤ ᠦᠢᠯᠡᠰ ᠤ᠋ᠨ ᠥᠷᠨᠢᠭᠦᠨ ᠬᠥᠭ᠌ᠵᠢᠯᠲᠡ ᠵᠢ ᠠᠬᠢᠭᠤᠯᠪᠠ᠃
2025 ᠣᠨ ᠪᠣᠯᠲᠠᠯ᠎ᠠ᠂ ᠱᠢᠯᠢ ᠶ᠋ᠢᠨ ᠭᠤᠤᠯ ᠠᠢᠮᠠᠭ ᠤ᠋ᠨ ᠪᠦᠷᠢᠳᠭᠡᠭᠦᠯᠦᠨ ᠳᠠᠩᠰᠠᠯᠠᠭᠤᠯᠤᠭ᠍ᠰᠠᠨ ᠣᠷᠣᠨ ᠨᠤᠲᠤᠭ ᠤ᠋ᠨ ᠣᠨᠴᠠᠯᠢᠭ᠍ᠲᠤ ᠴᠠᠭᠠᠨ ᠢᠳᠡᠭᠡᠨ ᠤ᠋ ᠵᠢᠵᠢᠭ ᠦᠶ᠋ᠯᠡᠳᠭᠡᠯ ᠨᠢᠭᠡᠨᠲᠡ 925 ᠪᠣᠯᠵᠣ᠂ SC ᠭᠡᠷᠡᠴᠢᠯᠡᠯ ᠤ᠋ᠨ ᠢᠳᠡᠭᠡᠨ ᠤ᠋ ᠦᠶ᠋ᠯᠡᠳᠪᠦᠷᠢᠯᠡᠯ ᠤ᠋ᠨ ᠠᠵᠤ ᠠᠬᠤᠢᠯᠠᠯ 43 ᠪᠣᠯᠵᠣ᠂ ᠲᠣᠰ ᠲᠣᠰ ᠥᠪᠡᠷᠲᠡᠭᠡᠨ ᠵᠠᠰᠠᠬᠤ ᠣᠷᠣᠨ ᠤ᠋ ᠶᠡᠷᠦᠩᠬᠡᠶ ᠬᠡᠮᠵᠢᠶᠡᠨ ᠤ᠋ 45% ᠪᠠ 50% ᠵᠢ ᠡᠵᠡᠯᠡᠪᠡ᠃
ᠲᠦᠷᠦᠯ ᠲᠡᠮᠳᠡᠭ ᠤ᠋ᠨ ᠥᠷᠲᠡᠭ ᠲᠡᠭ ᠪᠠᠢᠬᠰᠠᠨᠡᠴᠡ 43.17 ᠳ᠋ᠦᠩᠱᠢᠭᠤᠷ ᠲᠦᠭᠦᠷᠢᠭ ᠬᠦᠷᠲᠡᠯ᠎ᠡ
ᠠᠵᠤ ᠦᠶ᠋ᠯᠡᠰ ᠤ᠋ᠨ ᠥᠷᠨᠢᠩᠭᠦᠶ ᠬᠥᠭ᠌ᠵᠢᠯᠲᠡ ᠶ᠋ᠢᠨ ᠳᠠᠭᠠᠤ ᠦᠶ᠋ᠯᠡᠳᠬᠦᠨ ᠤ᠋ ᠬᠡᠪ ᠪᠠᠷᠢᠮᠵᠢᠶ᠎ᠠ ᠨᠢ ᠠᠳᠠᠯᠢ ᠥᠬᠡᠶ᠂ ᠶᠠᠰᠤ ᠴᠢᠨᠠᠷ ᠤ᠋ᠨ ᠪᠠᠷᠢᠮᠵᠢᠶ᠎ᠠ ᠨᠢ ᠪᠠᠯᠠᠷᠬᠠᠶ᠂ ᠲᠥᠷᠥᠯ ᠲᠡᠮᠳᠡᠭ᠌ ᠤ᠋ᠨ ᠢᠯᠭᠠᠨ ᠲᠠᠨᠢᠬᠤ ᠬᠡᠮᠵᠢᠶ᠎ᠡ ᠨᠢ ᠳᠤᠤᠷ᠎ᠠ ᠵᠡᠷᠭᠡ ᠠᠰᠠᠭᠤᠳᠠᠯ ᠤᠷᠤᠰᠢᠵᠤ᠂ ᠲᠠᠯ᠎ᠠ ᠨᠤᠲᠤᠭ ᠲᠦ᠍ ᠲᠠᠷᠠᠬᠠᠶ ᠪᠤᠲᠠᠷᠬᠠᠶ ᠤᠷᠤᠰᠢᠵᠤ ᠪᠠᠢᠭ᠎ᠠ ᠭᠠᠷ ᠦᠢᠯᠡᠳᠭᠡᠯ ᠢ᠋ ᠬᠡᠷᠬᠢᠨ ᠪᠥᠬᠥ᠌ ᠤᠯᠤᠰ ᠤ᠋ᠨ ᠵᠠᠬ᠎ᠠ ᠳᠡᠯᠭᠡᠭᠦᠷ ᠲᠦ᠍ ᠭᠠᠷᠭᠠᠬᠤ 《ᠨᠡᠷᠡᠲᠦ ᠲᠦᠷᠦᠯ ᠲᠡᠮᠲᠡᠭ》 ᠪᠣᠯᠭᠠᠨ ᠨᠢᠭ᠍ᠲᠠᠷᠠᠭᠤᠯᠬᠤ ᠪᠣᠶ ?
ᠱᠢᠯᠢ ᠶ᠋ᠢᠨ ᠭᠣᠣᠯ ᠠᠢᠮᠠᠭ ᠲᠦᠷᠦᠯ ᠲᠡᠮᠳᠡᠭ ᠢ᠋ᠶ᠋ᠡᠷ ᠬᠥᠲᠥᠯᠥᠨ ᠳᠠᠭᠠᠭᠤᠯᠵᠤ᠂ ᠪᠠᠷᠢᠮᠵᠢᠶ᠎ᠠ ᠪᠠᠷ ᠤᠳᠤᠷᠢᠳᠤᠮᠵᠢ ᠪᠤᠯᠭᠠᠬᠤ ᠵᠢ ᠪᠠᠷᠢᠮᠲᠠᠯᠠᠪᠠ ᠃
2020 ᠣᠨ ᠳ᠋ᠤ᠂ ᠱᠢᠯᠢ ᠶ᠋ᠢᠨ ᠭᠤᠤᠯ ᠠᠢᠮᠠᠭ ᠪᠦᠬᠦ ᠤᠷᠤᠨ ᠳ᠋ᠤ ᠲᠦᠷᠦᠭᠦᠯᠡᠨ ᠲᠤᠰᠭᠠᠶ ᠣᠷᠣᠨ ᠤ᠋ ᠬᠣᠲᠠ ᠶ᠋ᠢᠨ ᠳᠡᠰ ᠤ᠋ᠨ ᠲᠦᠷᠦᠯ ᠲᠡᠮᠲᠡᠭ ᠤ᠋ᠨ ᠪᠠᠢᠭᠤᠯᠤᠯᠲᠠ ᠶ᠋ᠢᠨ ᠲᠤᠰᠭᠠᠶ ᠪᠠᠢᠭᠤᠯᠤᠮᠵᠢ — ᠱᠢᠯᠢ ᠶ᠋ᠢᠨ ᠭᠤᠤᠯ ᠠᠢᠮᠠᠭ ᠤ᠋ᠨ ᠲᠦᠷᠦᠯ ᠲᠡᠮᠲᠡᠭ ᠤ᠋ᠨ ᠪᠠᠢᠭᠤᠯᠤᠯᠲᠠ ᠵᠢ ᠠᠬᠢᠭᠤᠯᠬᠤ ᠲᠥᠪ ᠢ᠋ ᠪᠠᠢᠭᠤᠯᠵᠤ᠂ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠲᠡᠭ ᠤ᠋ᠨ ᠡᠵᠡᠩᠨᠡᠯᠲᠡ ᠪᠠ ᠬᠠᠮᠢᠶᠠᠷᠤᠯᠲᠠ ᠵᠢ ᠲᠤᠰᠭᠠᠶ ᠬᠠᠷᠢᠭᠤᠴᠠᠭᠤᠯᠪᠠ᠃ ᠨᠠᠷᠢᠨ ᠨᠢᠮᠪᠠᠶ ᠪᠡᠯᠡᠳᠭᠡᠬᠦ᠌ ᠪᠡᠷ ᠳᠡᠮᠵᠢᠨ᠂ 《ᠱᠢᠯᠢ ᠶ᠋ᠢᠨ ᠭᠤᠤᠯ ᠴᠠᠭᠠᠨ ᠢᠳᠡᠭᠡᠨ 》 ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠲᠡᠭ ᠢ᠋ 2023 ᠣᠨ ᠳ᠋ᠤ ᠵᠢᠩᠬᠢᠨᠢ ᠪᠡᠷ ᠨᠡᠢᠲᠡᠯᠡᠬᠦ᠌ ᠶ᠋ᠢᠨ ᠬᠠᠮᠲᠤ᠂ ᠳᠠᠷᠠᠭ᠎ᠠ ᠵᠢᠯ ᠳ᠋ᠤᠨᠢ ᠤᠯᠤᠰ ᠤ᠋ᠨ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠭᠠᠵᠠᠷ ᠵᠦᠶ ᠶ᠋ᠢᠨ ᠢᠯᠡᠷᠬᠡᠢᠯᠡᠯᠲᠦ ᠲᠡᠮᠲᠡᠭ ᠤ᠋ᠨ ᠬᠠᠮᠠᠭᠠᠯᠠᠯᠲᠠ ᠪᠠ ᠭᠠᠵᠠᠷ ᠵᠦᠶ ᠶ᠋ᠢᠨ ᠢᠯᠡᠷᠬᠡᠢᠯᠡᠯᠲᠦ ᠲᠡᠮᠲᠡᠭ ᠤ᠋ᠨ ᠭᠡᠷᠡᠴᠢᠯᠡᠯᠲᠦ ᠲᠠᠸᠠᠷ ᠤ᠋ᠨ ᠲᠡᠮᠳᠡᠭ ᠢ᠋ ᠣᠯᠪᠠ᠃
ᠱᠢᠯᠢ ᠶ᠋ᠢᠨ ᠭᠤᠤᠯ ᠠᠢᠮᠠᠭ ᠤᠷᠢᠳ ᠬᠣᠵᠢᠳ 《ᠬᠤᠷᠤᠳ》᠂ 《ᠴᠤᠷ᠎ᠠ》᠂ 《ᠥᠷᠥᠮ᠎ᠡ》 ᠵᠡᠷᠭᠡ 42 ᠵᠦᠶ᠋ᠯ ᠤ᠋ᠨ ᠣᠷᠣᠨ ᠨᠤᠲᠤᠭ ᠤ᠋ᠨ ᠣᠨᠴᠠᠯᠢᠭ᠍ᠲᠤ ᠴᠠᠭᠠᠨ ᠢᠳᠡᠭᠡᠨ ᠤ᠋ ᠪᠦᠯᠬᠦᠮ ᠤ᠋ᠨ ᠪᠠᠷᠢᠮᠵᠢᠶ᠎ᠠ ᠵᠢ ᠨᠡᠢᠲᠡᠯᠡᠬᠦ᠌ ᠵᠢ ᠠᠬᠢᠭᠤᠯᠵᠤ᠂ ᠲᠦᠭᠦᠬᠡᠶ ᠮᠠᠲ᠋ᠧᠷᠢᠶᠠᠯ᠂ ᠭᠠᠷ ᠤᠷᠠᠯᠠᠯ ᠡᠴᠡ ᠪᠦᠲᠦᠭᠡᠭ᠌ᠳᠡᠬᠦᠨ ᠬᠦᠷᠲᠡᠯ᠎ᠡ᠂ ᠨᠠᠷᠢᠨ ᠲᠣᠳᠣᠷᠬᠠᠶ ᠮᠡᠷᠭᠡᠵᠢᠯ ᠤ᠋ᠨ ᠲᠦᠷᠢᠮ ᠢ᠋ ᠲᠣᠭ᠍ᠲᠠᠭᠠᠪᠠ᠃ ᠡᠭᠦᠨ ᠤ᠋ ᠬᠠᠮᠲᠤ᠂ ᠨᠢᠭ᠍ᠲᠠ ᠴᠢᠩᠭ᠎ᠠ ᠶᠠᠰᠤ ᠴᠢᠨᠠᠷ ᠤ᠋ᠨ ᠠᠮᠤᠷ ᠲᠦᠪᠱᠢᠨ ᠤ᠋ ᠰᠡᠷᠭᠡᠢᠯᠡᠯᠲᠡ ᠶ᠋ᠢᠨ ᠱᠤᠭᠤᠮ ᠢ᠋ ᠪᠠᠢᠭᠤᠯᠪᠠ᠃
ᠵᠠᠬ᠎ᠠ ᠳᠡᠯᠭᠡᠭᠦᠷ ᠲᠦ᠍ ᠣᠷᠣᠬᠤ ᠵᠢ ᠵᠥᠪᠱᠢᠶᠡᠷᠡᠬᠦ᠌ ᠪᠠ ᠬᠠᠮᠢᠶᠠᠷᠤᠨ ᠡᠵᠡᠮᠳᠡᠬᠦ᠌ ᠵᠢ ᠴᠢᠩᠳᠠᠯᠠᠵᠤ᠂ ᠲᠦᠷᠦᠯ ᠲᠡᠮᠳᠡᠭ ᠤ᠋ᠨ ᠡᠷᠬᠡ ᠣᠯᠭᠣᠯᠲᠠ ᠳ᠋ᠤ ᠥᠨᠳᠥᠷ ᠪᠠᠷᠢᠮᠵᠢᠶ᠎ᠠ ᠵᠢ ᠲᠤᠬᠲᠠᠭᠠᠵᠤ ᠥᠭ᠌ᠭᠦᠭ᠌ᠰᠡᠨ ᠪᠥᠭᠡᠳ ᠪᠠᠰᠠ ᠡᠷᠬᠡ ᠣᠯᠭᠣᠭ᠍ᠰᠠᠨ ᠠᠵᠤ ᠠᠬᠤᠢᠯᠠᠯ ᠳ᠋ᠤ ᠬᠦᠴᠦᠷᠬᠡᠭ ᠶᠡᠬᠡ ᠵᠠᠬ᠎ᠠ ᠳᠡᠯᠭᠡᠭᠦᠷ ᠤ᠋ᠨ ᠢᠲᠡᠭᠡᠯ ᠬᠦᠨᠳᠦ᠍ ᠶ᠋ᠢ ᠣᠯᠭᠣᠪᠠ᠃ ᠱᠢᠯᠤᠭᠤᠨ ᠬᠥᠬᠡ ᠬᠣᠱᠢᠭᠤᠨ ᠤ᠋ ᠴᠠᠩ ᠬᠣᠩ ᠴᠠᠭᠠᠨ ᠢᠳᠡᠭᠡᠨ ᠤ᠋ ᠦᠶ᠋ᠯᠡᠳᠪᠦᠷᠢ ᠲᠦᠷᠦᠯ ᠲᠡᠮᠲᠡᠭ ᠤ᠋ᠨ ᠡᠷᠬᠡ ᠣᠯᠭᠣᠯᠲᠠ ᠵᠢ ᠣᠯᠤᠭ᠍ᠰᠠᠨ ᠤ᠋ ᠳᠠᠷᠠᠭ᠎ᠠ᠂ ᠠᠵᠤ ᠠᠬᠤᠢᠯᠠᠯ ᠨᠢ ᠨᠡᠨᠭ ᠲᠦᠷᠭᠡᠨ ᠢ᠋ᠶ᠋ᠡᠷ ᠬᠦᠭᠵᠢᠨ ᠪᠤᠵᠠᠭᠠᠢᠷᠠᠪᠠ᠃ 《〈ᠱᠢᠯᠢ ᠶ᠋ᠢᠨ ᠭᠤᠤᠯ ᠴᠠᠭᠠᠨ ᠢᠳᠡᠭᠡᠨ〉 ᠭᠡᠬᠦ ᠡᠨᠡ ᠬᠦ᠌ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠲᠡᠭ ᠨᠢ ᠪᠢᠳᠡᠨ ᠤ᠋ ᠦᠢᠯᠡᠳᠬᠦᠨ ᠢ᠋ᠶ᠋ᠡᠨ ᠡᠮᠦᠨᠡᠲᠦ ᠣᠷᠣᠨ ᠤ᠋ ᠵᠠᠬ᠎ᠠ ᠳᠡᠯᠭᠡᠭᠦᠷ ᠲᠦ᠍ ᠪᠤᠷᠤᠯᠠᠭᠤᠯᠬᠤ ᠳ᠋ᠤ ᠨᠡᠩ ᠤᠷᠤᠬᠰᠢᠲᠠᠢ ᠪᠤᠯᠭᠠᠵᠠᠢ》 ᠭᠡᠵᠦ᠍ ᠬᠡᠷᠡᠭ ᠮᠡᠳᠡᠭ᠌ᠴᠢᠳ ᠤ᠋ᠨ ᠳᠠᠷᠤᠭ᠎ᠠ ᠰᠦᠨ ᠯᠢ ᠱᠠᠨ ᠬᠡᠯᠡᠨ᠎ᠡ᠃ ᠡᠳᠦᠭᠡ᠂ ᠲᠤᠰ ᠠᠵᠤ ᠠᠬᠤᠢᠯᠠᠯ ᠤ᠋ᠨ ᠦᠢᠯᠡᠳᠬᠦᠨ ᠬᠥᠭ᠌ᠵᠢᠭᠡᠳ ᠨᠢᠭᠡᠨᠲᠡ 4 ᠶᠡᠬᠡ ᠲᠦᠷᠦᠯ 100 ᠱᠢᠬᠠᠮ ᠵᠦᠢᠯ ᠳ᠋ᠤ ᠬᠦᠷᠴᠦ᠍ ᠂ ᠪᠦᠬᠦ᠌ ᠤᠯᠤᠰ ᠤ᠋ᠨ ᠤᠯᠠᠨ ᠭᠠᠵᠠᠷ ᠲᠦ᠍ ᠪᠣᠷᠣᠯᠠᠭᠤᠯᠵᠤ ᠪᠠᠢᠨ᠎ᠠ᠃
2025 ᠣᠨ ᠳ᠋ᠤ᠂ 《ᠱᠢᠯᠢ ᠶ᠋ᠢᠨ ᠭᠤᠤᠯ ᠴᠠᠭᠠᠨ ᠢᠳᠡᠭᠡᠨ》 ᠤ᠋ ᠲᠦᠷᠦᠯ ᠲᠡᠮᠲᠡᠭ ᠤ᠋ᠨ ᠡᠷᠬᠡ ᠣᠯᠭᠣᠭ᠍ᠰᠠᠨ ᠦᠶ᠋ᠯᠡᠳᠪᠦᠷᠢᠯᠡᠯ ᠤ᠋ᠨ ᠭᠤᠤᠯ ᠴᠣᠭ᠍ᠴᠠ 99 ᠪᠣᠯᠵᠣ᠂ ᠪᠥᠬᠥ᠌ ᠵᠢᠯ ᠳ᠋ᠤ 2964 ᠲᠣᠨ ᠲᠦᠷᠦᠯ ᠲᠡᠮᠲᠡᠭ ᠤ᠋ᠨ ᠦᠶ᠋ᠯᠡᠳᠬᠦᠨ ᠦᠶ᠋ᠯᠡᠳᠪᠦᠷᠢᠯᠡᠵᠦ᠍᠂ ᠳᠡᠭᠡᠷ᠎ᠡ ᠵᠢᠯ ᠤ᠋ᠨ ᠠᠳᠠᠯᠢ ᠬᠤᠭᠤᠴᠠᠭᠠᠨ ᠤ᠋ ᠬᠢ ᠡᠴᠡ 57% ᠪᠡᠷ ᠨᠡᠮᠡᠭ᠌ᠳᠡᠪᠡ; 1.58 ᠳ᠋ᠦᠩᠱᠢᠭᠤᠷ ᠲᠥᠭᠥᠷᠢᠭ ᠤ᠋ᠨ ᠪᠣᠷᠣᠯᠠᠭᠤᠯᠤᠯᠲᠠ ᠵᠢ ᠪᠡᠶᠡᠯᠡᠭᠦᠯᠵᠦ᠍᠂ ᠳᠡᠭᠡᠷ᠎ᠡ ᠵᠢᠯ ᠤ᠋ᠨ ᠠᠳᠠᠯᠢ ᠬᠤᠭᠤᠴᠠᠭᠠᠨ ᠤ᠋ ᠬᠢ ᠡᠴᠡ 42% ᠢ᠋ᠶ᠋ᠡᠷ ᠨᠡᠮᠡᠭ᠌ᠳᠡᠪᠡ᠃ ᠲᠣᠰ ᠵᠢᠯ ᠳ᠋ᠤ᠂ 《ᠱᠢᠯᠢ ᠶ᠋ᠢᠨ ᠭᠤᠤᠯ ᠴᠠᠭᠠᠨ ᠢᠳᠡᠭᠡᠨ》 ᠤ᠋ ᠲᠦᠷᠦᠯ ᠲᠡᠮᠲᠡᠭ ᠤ᠋ᠨ ᠵᠢᠱ᠌ᠢᠭ᠌ᠰᠡᠨ ᠥᠷᠲᠡᠭ 43.17 ᠳ᠋ᠦᠩᠱᠢᠭᠤᠷ ᠲᠥᠭᠥᠷᠢᠭ ᠬᠦᠷᠦᠭᠰᠡᠨ ᠪᠥᠭᠡᠳ 《ᠥᠪᠥᠷ ᠮᠣᠩᠭᠣᠯ ᠤ᠋ᠨ ᠨᠠᠷᠠᠲᠤ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠲᠡᠭ》 ᠤ᠋ᠨ ᠴᠣᠯᠠ ᠭᠥᠷᠳᠡᠪᠡ᠃
ᠮᠠᠯᠴᠢᠳ ᠤ᠋ᠨ ᠤᠷᠤᠯᠭᠠᠵᠢᠨ ᠨᠡᠮᠡᠭᠳᠡᠯ ᠡᠴᠡ ᠭᠤᠷᠪᠠᠨ ᠲᠠᠯ᠎ᠠ ᠪᠡᠷ ᠢ᠋ᠶ᠋ᠡᠨ ᠬᠠᠮᠲᠤ ᠪᠡᠷ ᠠᠱᠢᠭ ᠬᠦᠷᠲᠡᠬᠦ᠌ ᠬᠦᠷᠲᠡᠯ᠎ᠡ
ᠱᠢᠯᠢ ᠶ᠋ᠢᠨ ᠭᠤᠤᠯ ᠤ᠋ᠨ ᠴᠠᠭᠠᠨ ᠢᠳᠡᠭᠡᠨ ᠤ᠋ ᠠᠵᠤ ᠦᠶ᠋ᠯᠡᠰ ᠤ᠋ᠨ ᠬᠥᠭ᠌ᠵᠢᠯᠲᠡ ᠶ᠋ᠢᠨ ᠠᠴᠢ ᠬᠣᠯᠪᠣᠭ᠍ᠳᠠᠯ ᠨᠢ ᠠᠯᠢ ᠡᠷᠲᠡ ᠲᠠᠩ ᠭᠠᠭ᠍ᠴᠠ ᠠᠵᠤ ᠦᠶ᠋ᠯᠡᠰ ᠤ᠋ᠨ ᠬᠡᠪᠴᠢᠶ᠎ᠡ ᠡᠴᠡ ᠳᠠᠪᠠᠭ᠍ᠰᠠᠨ ᠪᠠᠢᠨ᠎ᠠ᠃ ᠲᠡᠷᠡ ᠨᠢ ᠨᠢᠭᠡᠳᠦᠭᠡᠷ᠂ ᠬᠣᠶᠠᠳᠤᠭᠠᠷ᠂ ᠭᠤᠷᠪᠠᠳᠤᠭᠠᠷ ᠠᠵᠤ ᠦᠢᠯᠡᠰ ᠢ᠋ ᠨᠡᠪᠲᠡᠷᠡᠭᠦᠯᠵᠦ᠍᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ᠂ ᠬᠠᠮᠲᠤ ᠪᠡᠷ ᠴᠢᠨᠡᠭᠡᠯᠢᠭ᠌ᠵᠢᠬᠦ᠌ ᠱᠢᠨ᠎ᠡ ᠪᠠᠢᠷᠢᠱᠢᠯ ᠢ᠋ ᠨᠡᠭᠡᠭᠡᠪᠡ᠃
ᠱᠢᠯᠢ ᠶ᠋ᠢᠨ ᠭᠤᠤᠯ ᠠᠢᠮᠠᠭ ᠲᠥᠷᠥ ᠶ᠋ᠢᠨ ᠪᠣᠳᠣᠯᠭ᠎ᠠ ᠪᠡᠷ ᠬᠥᠲᠥᠯᠥᠨ ᠵᠢᠯᠣᠭᠣᠳᠭᠤ ᠪᠡᠷ ᠳᠠᠮᠵᠢᠭᠤᠯᠤᠨ᠂ ᠮᠠᠯᠴᠢᠳ ᠤ᠋ᠨ ᠰᠦ ᠶ᠋ᠢᠨ ᠢᠷᠡᠯᠲᠡ ᠶ᠋ᠢᠨ ᠬᠣᠷᠱᠢᠶᠠ ᠪᠠᠢᠭᠤᠯᠬᠤ ᠵᠢ ᠵᠣᠷᠢᠭ᠍ᠵᠢᠭᠤᠯᠤᠭ᠍ᠰᠠᠨ ᠪᠥᠭᠡᠳ ᠲᠠᠷᠠᠬᠠᠶ ᠡᠷᠦᠬᠡᠨᠦᠭᠦᠳ ᠲᠦ᠍ ᠲᠦᠭᠦᠬᠡᠢ ᠰᠦ ᠶ᠋ᠢᠨ ᠬᠠᠮᠠᠭᠠᠯᠠᠯᠲᠠ ᠶ᠋ᠢᠨ ᠦᠨ᠎ᠡ ᠪᠡᠷ ᠬᠤᠳᠠᠯᠳᠤᠨ ᠠᠪᠬᠤ ᠵᠢ ᠬᠡᠷᠡᠭ᠌ᠵᠢᠭᠦᠯᠵᠦ᠍᠂ 《ᠴᠢᠨᠠᠷ ᠰᠠᠢᠲᠠᠶ ᠰᠦ ᠵᠢ ᠦᠨᠳᠦᠷ ᠦᠨ᠎ᠡ ᠬᠦᠷᠭᠡᠬᠦ》 ᠵᠢ ᠦᠨᠡᠨ ᠬᠦ᠌ ᠪᠠᠲᠤᠯᠠᠪᠠ᠃ 2025 ᠣᠨ ᠪᠣᠯᠲᠠᠯ᠎ᠠ᠂ ᠪᠥᠬᠥ᠌ ᠠᠢᠮᠠᠭ ᠤ᠋ᠨ ᠰᠠᠭᠠᠯᠢ ᠶ᠋ᠢᠨ ᠦᠨᠢᠶ᠎ᠡ ᠶ᠋ᠢᠨ ᠲᠣᠭ᠎ᠠ 34 ᠲᠦᠮᠡ ᠳ᠋ᠤ ᠬᠦᠷᠴᠦ᠍᠂ ᠰᠦ ᠶ᠋ᠢᠨ ᠭᠠᠷᠤᠯᠲᠠ 66.5 ᠲᠦᠮᠡᠨ ᠲᠣᠨ ᠳ᠋ᠤ ᠬᠦᠷᠴᠦ᠍᠂ ᠰᠠᠭᠠᠯᠢ ᠶ᠋ᠢᠨ ᠭᠡᠭᠦᠦ᠂ ᠰᠠᠭᠠᠯᠢ ᠶ᠋ᠢᠨ ᠢᠨᠭᠭᠡ ᠵᠡᠷᠭᠡ ᠣᠨᠴᠠᠯᠢᠭ᠍ᠲᠤ ᠰᠦ ᠶ᠋ᠢᠨ ᠢᠷᠡᠯᠲᠡ ᠴᠦ᠍ ᠵᠡᠷᠭᠡ ᠪᠡᠷ ᠬᠥᠭ᠌ᠵᠢᠵᠦ᠍᠂ ᠣᠯᠠᠨ ᠡᠱᠢᠲᠦ ᠬᠠᠩᠭᠠᠯᠭ᠎ᠠ ᠶ᠋ᠢᠨ ᠪᠠᠢᠷᠢᠱᠢᠯ ᠨᠢ ᠨᠠᠩ ᠣᠯᠠᠨ ᠮᠠᠯᠴᠢᠳ ᠲᠦ᠍ ᠠᠱᠢᠭ ᠬᠦᠷᠲᠡᠭᠡᠪᠡ᠃
ᠲᠡᠵᠢᠭᠡᠨ ᠦᠷᠡᠵᠢᠭᠦᠯᠬᠦ᠌ ᠡᠷᠦᠬᠡ ᠰᠦ ᠬᠤᠳᠠᠯᠳᠤᠬᠤ ᠳ᠋ᠠᠭᠠᠨ ᠪᠠᠲᠤᠯᠠᠭ᠎ᠠ ᠲᠠᠢ ᠪᠠᠢᠬᠤ ᠪᠡᠷ ᠪᠠᠷᠠᠬᠤ ᠥᠬᠡᠶ᠂ ᠨᠠᠩ ᠴᠤ᠌ 《ᠲᠡᠵᠢᠭᠡᠨ ᠦᠷᠡᠵᠢᠭᠦᠯᠬᠦ᠌ — ᠡᠳ᠋ᠱᠢᠭᠦᠯᠬᠦ᠌》 ᠵᠢ ᠨᠢᠭᠡ ᠴᠣᠭ᠍ᠴᠠᠵᠢᠭᠤᠯᠤᠭ᠍ᠰᠠᠨ ᠵᠠᠭ᠍ᠪᠤᠷ ᠳᠤᠤᠷ᠎ᠠ ᠨᠠᠩ ᠣᠯᠠᠨ ᠥᠷᠲᠡᠭ ᠨᠡᠮᠡᠭ᠌ᠳᠡᠯ ᠤ᠋ᠨ ᠠᠱᠢᠭ ᠣᠷᠣᠯᠭ᠎ᠠ ᠣᠯᠪᠠ᠃ ᠣᠳᠣᠬᠠᠨ ᠳ᠋ᠤ᠂ ᠪᠦᠬᠦ᠌ ᠠᠢᠮᠠᠭᠲᠤ ᠨᠢᠭᠡᠨᠲᠡ 《ᠶᠡᠬᠡ ᠲᠡᠵᠢᠭᠡᠨ ᠦᠷᠡᠵᠢᠭᠦᠯᠬᠦ ᠲᠠᠯᠠᠪᠠᠢ ᠪᠡᠷ ᠪᠠᠭ᠎ᠠ ᠲᠡᠵᠢᠭᠡᠨ ᠦᠷᠡᠵᠢᠭᠦᠯᠬᠦ ᠡᠷᠦᠬᠡ ᠵᠢ ᠳᠠᠭᠠᠭᠤᠯᠬᠤ᠂ ᠪᠦᠯᠦᠭ᠌ᠵᠢᠯ ᠢ᠋ᠶ᠋ᠡᠷ ᠬᠥᠭ᠌ᠵᠢᠯᠲᠡ ᠵᠢ ᠠᠬᠢᠭᠤᠯᠬᠤ》 ᠠᠮᠢᠳᠤᠯᠢᠭ ᠪᠠᠢᠳᠠᠯ ᠪᠦᠷᠢᠯᠳᠦᠪᠡ᠃ ᠱᠢᠯᠢ ᠶ᠋ᠢᠨ ᠭᠤᠤᠯ ᠠᠢᠮᠠᠭ ᠲᠦ᠍᠂ ᠡᠯ᠎ᠡ ᠬᠣᠱᠢᠭᠤ ᠱᠢᠶᠠᠨ ᠳ᠋ᠤ ᠲᠠᠷᠬᠠᠵᠤ ᠪᠠᠢᠭ᠎ᠠ 1500 ᠭᠠᠷᠤᠶ ᠴᠠᠭᠠᠨ ᠢᠳᠡᠭᠡᠨ ᠡᠳ᠋ᠱᠢᠭᠦᠯᠬᠦ᠌ ᠵᠢᠵᠢᠭ ᠦᠶ᠋ᠯᠡᠳᠭᠡᠯ ᠪᠣᠯᠤᠨ ᠬᠡᠳᠦᠨ ᠠᠷᠪᠠᠨ ᠣᠳᠣᠬᠢᠴᠢᠯᠠᠭ᠍ᠰᠠᠨ ᠠᠵᠤ ᠠᠬᠤᠢᠯᠠᠯ ᠨᠢ ᠮᠤᠨᠳᠠᠭ ᠶᠡᠬᠡ ᠠᠵᠢᠯ ᠣᠯᠭᠣᠯᠲᠠ ᠶ᠋ᠢᠨ ᠱᠢᠰᠲ᠋ᠧᠮ ᠢ᠋ ᠪᠦᠷᠢᠯᠳᠦᠭᠦᠯᠵᠡᠶ᠃ ᠪᠥᠬᠥ᠌ ᠠᠢᠮᠠᠭ ᠤ᠋ᠨ ᠠᠵᠤ ᠦᠶ᠋ᠯᠡᠰ ᠢ᠋ᠶ᠋ᠡᠷ ᠳᠠᠢᠴᠢᠯᠠᠨ ᠠᠵᠢᠯ ᠣᠯᠭᠣᠭ᠍ᠰᠠᠨ ᠪᠥᠬᠥ᠌ ᠬᠥᠮᠦᠨ ᠤ᠋ ᠲᠣᠭ᠎ᠠ ᠨᠢᠭᠡᠨᠲᠡ 8000 ᠬᠥᠮᠦᠨ ᠢ᠋ ᠳᠠᠪᠠᠪᠠ᠃
ᠴᠠᠭᠠᠨ ᠢᠳᠡᠭᠡᠨ ᠨᠢ ᠮᠠᠯᠵᠢᠬᠤ ᠡᠷᠦᠬᠡ᠂ ᠬᠣᠷᠱᠢᠶᠠ᠂ ᠠᠵᠤ ᠠᠬᠤᠢᠯᠠᠯ ᠢ᠋ ᠬᠣᠯᠪᠣᠵᠤ᠂ ᠲᠡᠵᠢᠭᠡᠨ ᠦᠷᠡᠵᠢᠭᠦᠯᠬᠦ᠌᠂ ᠡᠳ᠋ᠱᠢᠭᠦᠯᠬᠦ᠌᠂ ᠪᠣᠷᠣᠯᠠᠭᠤᠯᠬᠤ᠂ ᠰᠣᠶᠣᠯ ᠵᠢᠭᠤᠯᠴᠢᠯᠠᠯ ᠵᠡᠷᠭᠡ ᠣᠯᠠᠨ ᠭᠣᠭ᠍ᠴᠣᠭᠠ ᠵᠢ ᠬᠣᠯᠪᠣᠵᠤ᠂ ᠲᠠᠯ᠎ᠠ ᠨᠤᠲᠤᠭ ᠤ᠋ᠨ ᠠᠮᠢ ᠠᠬᠤᠶ ᠶ᠋ᠢᠨ ᠦᠨ᠎ᠡ ᠥᠷᠲᠡᠭ᠂ ᠰᠣᠶᠣᠯ ᠤ᠋ᠨ ᠦᠷᠲᠡᠭ ᠢ᠋ ᠤᠳᠤᠬᠢᠴᠢᠯᠠᠬᠰᠠᠨ ᠠᠵᠤ ᠦᠢᠯᠡᠰ ᠤ᠋ᠨ ᠰᠢᠰᠲᠸᠮ ᠢ᠋ᠶ᠋ᠡᠷ ᠳᠠᠮᠵᠢᠭᠤᠯᠤᠨ᠂ ᠲᠠᠰᠤᠷᠠᠯᠲᠠ ᠦᠭᠡᠢ ᠠᠵᠤ ᠠᠬᠤᠢ ᠶ᠋ᠢᠨ ᠦᠷᠲᠡᠭ ᠪᠤᠯᠭᠠᠨ ᠬᠤᠪᠢᠷᠠᠭᠤᠯᠪᠠ᠃ ᠲᠡᠷᠡ ᠨᠢ ᠮᠠᠯᠴᠢᠳ ᠤ᠋ᠨ ᠤᠷᠤᠯᠭ᠎ᠠ ᠵᠢ ᠨᠡᠮᠡᠭᠳᠡᠭᠦᠯᠦᠨ᠂ ᠬᠦᠳᠡᠭᠡ ᠲᠤᠰᠬᠤᠨ ᠤ᠋ ᠠᠵᠤ ᠦᠢᠯᠡᠰ ᠢ᠋ ᠬᠦᠭᠵᠢᠭᠦᠯᠵᠦ᠂ ᠲᠠᠷᠠᠴᠢᠯᠠᠨ ᠤᠯᠠᠮᠵᠢᠯᠠᠯᠲᠤ ᠰᠤᠶᠤᠯ ᠢ᠋ ᠰᠢᠨ᠎ᠡ ᠴᠠᠭ ᠦᠶ᠎ᠡ ᠳ᠋ᠤ ᠰᠢᠨ᠎ᠡ ᠭᠡᠷᠡᠯ ᠭᠢᠯᠪᠠᠭ᠎ᠠ ᠰᠠᠴᠤᠷᠠᠭᠤᠯᠪᠠ᠃