ᠤᠢᠷ᠎ᠠ᠎ᠶᠢᠨ ᠡᠳᠦᠷ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠱᠢᠪᠲᠤᠯᠤᠭ᠍ᠰᠠᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠭᠡᠵᠦ᠍᠂ ᠬᠥᠳᠡᠭᠡ ᠲᠣᠰᠭᠣᠨ᠎ᠢ ᠪᠥᠬᠥ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠎ᠶ᠋ᠢ ᠦᠷᠭᠦᠯᠵᠢᠯᠡᠨ ᠠᠬᠢᠭᠤᠯᠬᠤ᠎ᠶ᠋ᠢᠨ ᠲᠥᠯᠥᠭᠡ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠱᠢᠤᠳᠠᠨ᠎ᠤ ᠲᠦᠷᠭᠡᠨ ᠬᠦᠷᠭᠡᠯᠲᠡ᠎ᠶ᠋ᠢᠨ ᠦᠶ᠋ᠯᠡᠰ᠎ᠦᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠠᠵᠢᠯ᠎ᠤᠨ ᠤᠳᠤᠷᠢᠳᠭᠤ ᠳᠤᠭᠤᠢᠯᠠᠩ ᠶᠠᠷᠢᠯᠴᠠᠬᠤ ᠬᠤᠷᠠᠯ ᠬᠤᠷᠠᠯᠳᠤᠭᠤᠯᠵᠤ᠂ ᠰᠢᠥᠳᠠᠨ᠎ᠤ ᠠᠵᠢᠯ ᠲᠥᠷᠥᠯ᠎ᠦᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤᠶᠠᠪᠤᠴᠠᠳᠡᠬᠢ ᠬᠠᠪᠰᠤᠷᠤᠨ ᠲᠡᠳᠬᠦᠬᠦ᠌ ᠠᠵᠢᠯ᠎ᠢ ᠰᠤᠳᠤᠯᠤᠨ ᠠᠬᠢᠭᠤᠯᠵᠠᠢ᠃
ᠬᠤᠷᠠᠯ᠎ᠡᠴᠠ᠂ ᠣᠢᠷ᠎ᠠ᠎ᠶ᠋ᠢᠨ ᠵᠢᠯ᠎ᠦᠨ ᠲᠤᠷᠱᠢᠬᠢ ᠱᠢᠤᠳᠠᠨ᠎ᠤ ᠲᠦᠷᠭᠡᠨ ᠬᠦᠷᠭᠡᠯᠲᠡ᠎ᠶ᠋ᠢᠨ ᠦᠶ᠋ᠯᠡᠰ᠎ᠦᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠶᠠᠪᠤᠴᠠ᠎ᠳᠡᠬᠢ ᠬᠠᠪᠰᠤᠷᠤᠨ ᠲᠡᠳᠬᠦᠬᠦ᠌ ᠠᠵᠢᠯ᠎ᠢ ᠥᠷᠨᠢᠭᠦᠯᠦᠭ᠌ᠰᠡᠨ ᠪᠠᠢᠳᠠᠯ ᠪᠠ ᠦᠷ᠎ᠡ ᠪᠦᠲᠦᠮᠵᠢ᠎ᠶ᠋ᠢ ᠵᠠᠷᠯᠠᠨ ᠮᠡᠳᠡᠭ᠌ᠳᠡᠭ᠌ᠰᠡᠨ ᠪᠥᠭᠡᠳ ᠬᠣᠯᠪᠣᠭᠠᠯᠠᠨ ᠳᠠᠭᠠᠭᠠᠴᠢᠯᠠᠵᠦ ᠬᠠᠪᠰᠤᠷᠤᠨ ᠲᠡᠳᠬᠦᠬᠦ᠌ ᠲᠣᠰᠭᠣᠨ᠎ᠤ ᠱᠠᠩᠳᠤ ᠱᠢᠶᠠᠨ᠎ᠤ ᠰᠢ ᠵᠢᠩ ᠽᠢ ᠪᠠᠯᠭᠠᠰᠤᠨ᠎ᠤ ᠴᠢᠳ᠋ᠧᠩᠤᠨ ᠬᠤᠳᠠ ᠲᠣᠰᠭᠣᠨ᠎ᠤ ᠪᠣᠳᠠᠲᠤ ᠪᠠᠢᠳᠠᠯ᠎ᠲᠠᠶ ᠤᠶᠠᠯᠳᠤᠭᠤᠯᠤᠨ 2026 ᠣᠨ᠎ᠤ ᠬᠠᠪᠰᠤᠷᠤᠨ ᠲᠡᠳᠬᠦᠬᠦ᠌ ᠠᠵᠢᠯ᠎ᠢ ᠭᠦᠨᠵᠡᠭᠡᠶ ᠰᠤᠳᠤᠯᠵᠤ᠂ ᠲᠥᠷᠥᠯ ᠵᠦᠶ᠋ᠯ᠎ᠢᠶᠡᠷ ᠬᠠᠪᠰᠤᠷᠤᠨ ᠲᠡᠳᠬᠦᠬᠦ᠌ ᠠᠵᠢᠯ᠎ᠢ ᠢᠳᠡᠪᠬᠢᠲᠡᠶ ᠥᠷᠨᠢᠭᠦᠯᠵᠠᠢ᠃
ᠬᠤᠷᠠᠯ᠎ᠡᠴᠨ᠂ ᠬᠣᠯᠪᠣᠭᠠᠯᠠᠨ ᠳᠠᠭᠠᠭᠠᠴᠢᠯᠠᠵᠦ ᠬᠠᠪᠰᠤᠷᠤᠨ ᠲᠡᠳᠬᠦᠬᠦ᠌ ᠠᠵᠢᠯ᠎ᠤᠨ ᠦᠷ᠎ᠡ ᠪᠦᠲᠦᠮᠵᠢ᠎ᠨᠢ ᠱᠢᠤᠳᠠᠨ᠎ᠤ ᠲᠦᠷᠭᠡᠨ ᠬᠦᠷᠭᠡᠯᠳᠡ᠎ᠶ᠋ᠢᠨ ᠠᠵᠢᠯ ᠲᠥᠷᠥᠯ᠎ᠦᠨ ᠤᠯᠤᠰ ᠲᠥᠷᠥ᠎ᠶ᠋ᠢᠨ ᠵᠣᠭ᠍ᠰᠣᠴᠠ ᠪᠠ ᠨᠡᠢᠭᠡᠮ᠎ᠦᠨ ᠬᠠᠷᠢᠭᠤᠴᠠᠯᠭ᠎ᠠ᠎ᠶ᠋ᠢ ᠭᠦᠶ᠋ᠴᠡᠳ ᠢᠯᠡᠷᠡᠭᠦᠯᠵᠦ᠍ ᠪᠤᠢ ᠬᠡᠵᠦ ᠵᠢᠭᠠᠨ ᠭᠠᠷᠭᠠᠬᠤ᠎ᠶᠢᠨ ᠬᠠᠮᠳᠤ᠂ ᠬᠤᠢᠰᠢᠳᠡ ᠪᠥᠬᠥ᠌ ᠠᠵᠢᠯ ᠲᠥᠷᠥᠯ᠎ᠢᠶᠡᠷ᠎ᠢᠶᠡᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠪᠥᠬᠥ᠌ ᠲᠠᠯ᠎ᠠ᠎ᠪᠠᠷ ᠠᠬᠢᠭᠤᠯᠬᠤ᠎ᠶ᠋ᠢᠨ ᠴᠢᠬᠤᠯᠠ ᠶᠡᠬᠡ ᠠᠴᠢ ᠬᠣᠯᠪᠣᠭ᠍ᠳᠠᠯ᠎ᠢ ᠭᠦᠨᠵᠡᠭᠡᠶ ᠲᠠᠨᠢᠵᠤ᠂ ᠦᠵᠡᠯ ᠰᠠᠨᠠᠭ᠎ᠠ ᠪᠠ ᠦᠶ᠋ᠯᠡ ᠠᠵᠢᠯᠯᠠᠭ᠎ᠠ᠎ᠪᠠᠨ ᠲᠥᠪ᠎ᠦᠨ ᠪᠠ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠱᠢᠶ᠋ᠳᠪᠦᠷᠢᠲᠦ ᠪᠣᠳᠣᠯᠭ᠎ᠠ ᠪᠠᠢᠷᠢᠯᠠᠭᠤᠯᠤᠯᠲᠠ ᠳᠡᠭᠡᠷ᠎ᠡ ᠦᠨᠡᠨ ᠬᠦ᠌ ᠨᠢᠭᠡᠳᠭᠡᠵᠦ᠍᠂ ᠬᠠᠷᠢᠭᠤᠴᠠᠯᠭᠠᠲᠤ ᠰᠡᠳᠭᠢᠯᠭᠡ ᠪᠠ ᠡᠭᠦᠷᠭᠡᠲᠦ ᠪᠣᠳᠣᠯ᠎ᠢᠶᠠᠨ ᠴᠢᠩᠭᠠᠳᠭᠠᠵᠤ᠂ ᠰᠠᠨᠠᠭᠠᠴᠢᠯᠠᠭ᠎ᠠ᠎ᠠᠴᠠ᠎ᠪᠠᠨ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠢᠯᠭ᠎ᠠ ᠭᠠᠷᠭᠠᠵᠤ᠂ ᠬᠣᠯᠪᠣᠭᠠᠯᠠᠨ ᠳᠠᠭᠠᠭᠠᠴᠢᠯᠠᠵᠦ ᠬᠠᠪᠰᠤᠷᠤᠨ ᠲᠡᠳᠬᠦᠬᠦ᠌ ᠠᠵᠢᠯ᠎ᠢ ᠪᠣᠳᠠᠲᠠᠶ᠎ᠳᠤ ᠨᠠᠢᠳᠠᠪᠤᠷᠢᠵᠢᠭᠤᠯᠤᠨ ᠦᠷ᠎ᠡ ᠪᠦᠲᠦᠮᠵᠢ ᠤᠯᠬᠤ᠎ᠶ᠋ᠢ ᠦᠨᠡᠨ ᠬᠦ᠌ ᠪᠠᠲᠤᠯᠠᠬᠤ ᠬᠡᠷᠡᠭ᠌ᠲᠡᠶ᠃ ᠲᠥᠷᠥᠯ ᠵᠦᠶ᠋ᠯ᠎ᠢ ᠨᠤᠲᠠᠯᠠᠬᠤ᠂ ᠠᠬᠢᠭᠤᠯᠬᠤ ᠪᠠ ᠬᠠᠮᠢᠶᠠᠷᠴᠤ᠌ ᠬᠠᠮᠠᠭᠠᠯᠠᠬᠤ ᠠᠵᠢᠯ᠎ᠢ ᠴᠢᠩᠭ᠎ᠠ ᠪᠣᠳᠠᠲᠠᠶ ᠰᠠᠢᠲᠤᠷ ᠠᠳᠭᠤᠵᠤ᠂ ᠡᠳᠦᠷ ᠲᠤᠲᠤᠮ᠎ᠤᠨ ᠬᠢᠨᠠᠯᠲᠠ ᠪᠠ ᠬᠢᠨᠠᠨ ᠱᠢᠯᠭᠠᠯᠲᠠ᠎ᠶ᠋ᠢ ᠨᠠᠷᠢᠯᠢᠬ᠍ᠵᠢᠭᠤᠯᠤᠨ᠂ ᠬᠠᠪᠰᠤᠷᠤᠨ ᠲᠡᠳᠬᠦᠬᠦ᠌ ᠡᠬᠢ ᠪᠠᠶᠠᠯᠢᠭ᠎ᠤᠨ ᠣᠨᠢᠨ ᠳᠡᠭᠡᠷ᠎ᠡ᠎ᠨᠢ ᠣᠷᠣᠭᠤᠯᠤᠯᠲᠠ ᠬᠢᠬᠦ᠌᠎ᠶ᠋ᠢ ᠦᠨᠡᠨ ᠬᠦ᠌ ᠪᠠᠲᠤᠯᠠᠵᠤ᠂ ᠬᠠᠢᠷ᠎ᠠ ᠬᠠᠯᠠᠮᠵᠢ ᠪᠣᠯᠭᠠᠨ᠎ᠢ ᠪᠣᠳᠠᠲᠠᠶ᠎ᠳᠤ ᠨᠠᠢᠳᠠᠪᠤᠷᠢᠵᠢᠭᠤᠯᠬᠤ ᠬᠡᠷᠡᠭ᠌ᠲᠡᠶ᠃ 《ᠮᠢᠩᠭ᠎ᠠ ᠲᠦᠮᠡ᠎ᠶ᠋ᠢᠨ ᠢᠨᠵᠧᠨᠧᠷᠢᠩ》 ᠤ᠋ᠨ ᠲᠤᠷᠱᠢᠯᠭ᠎ᠠ᠎ᠶ᠋ᠢ ᠰᠤᠷᠤᠯᠴᠠᠨ ᠬᠡᠷᠡᠭ᠌ᠯᠡᠬᠦ᠌᠎ᠪᠡᠷ ᠤᠳᠤᠷᠢᠳᠤᠮᠵᠢ ᠪᠣᠯᠭᠠᠵᠤ᠂ ᠠᠵᠢᠯ᠎ᠤᠨ ᠠᠷᠭ᠎ᠠ ᠬᠡᠮᠵᠢᠶ᠎ᠡ᠎ᠪᠡᠨ ᠨᠠᠷᠢᠯᠢᠬ᠍ᠵᠢᠭᠤᠯᠵᠤ᠂ ᠠᠵᠢᠯ᠎ᠤᠨ ᠬᠠᠮᠲᠤᠷᠠᠯ ᠬᠦᠴᠦᠨ᠎ᠢ ᠪᠦᠷᠢᠯᠳᠦᠭᠦᠯᠵᠦ᠍᠂ ᠬᠥᠳᠡᠭᠡ ᠲᠣᠰᠭᠣᠨ᠎ᠢ ᠪᠥᠬᠥ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠎ᠶ᠋ᠢ ᠬᠦᠴᠦᠲᠡᠶ ᠪᠦᠲᠦᠮᠵᠢᠲᠡᠶ ᠠᠬᠢᠭᠤᠯᠬᠤ ᠬᠡᠷᠡᠭ᠌ᠲᠡᠶ ᠭᠡᠵᠦ᠍ ᠴᠢᠬᠤᠯᠠᠴᠢᠯᠠᠵᠠᠢ᠃