《ᠴᠠᠭ ᠬᠢᠷᠢᠳᠡᠢ ᠮᠥᠷᠯᠡᠭᠡᠳ ᠰᠠᠨᠠᠭᠠᠨ ᠳ᠋ᠠᠭᠠᠨ ᠲᠠᠭᠠᠷᠠᠭᠰᠠᠨ ᠰᠠᠢᠨ ᠬᠤᠴᠠ ᠰᠤᠡᠭᠭᠤᠵᠦ ᠠᠪᠤᠯ᠎ᠠ》᠃ 5 ᠰᠠᠷ᠎ᠠ᠎ᠶ᠋ᠢᠨ 11᠎ᠦ ᠡᠳᠦᠷ᠂ ᠬᠥᠪᠡᠭᠡᠲᠦ ᠱᠢᠷ᠎ᠠ ᠬᠣᠱᠢᠭᠤᠨ᠎ᠤ ᠪᠣᠭ᠍ᠳᠠᠶ᠋ᠢᠨ ᠭᠤᠤᠯ ᠰᠤᠮᠤᠨ᠎ᠤ ᠮᠠᠯᠴᠢᠨ ᠪᠠᠯᠵᠢ ᠰᠠᠶᠢᠬᠠᠨ ᠬᠤᠳᠠᠯᠳᠤᠨ ᠠᠪᠤᠭ᠍ᠰᠠᠨ ᠬᠣᠶᠠᠷ ᠬᠤᠴᠠ ᠪᠡᠨ ᠵᠢᠭᠠᠭᠰᠠᠭᠠᠷ᠄ 《 ᠬᠤᠴᠠ ᠪᠦᠷᠢ ᠵᠢ 4500 ᠲᠦᠭᠦᠷᠢᠭ ᠵᠢᠡᠷ ᠬᠤᠳᠠᠯᠳᠤᠨ ᠠᠪᠴᠠᠢ᠂ ᠪᠢᠳᠡ ᠦᠪᠡᠷᠰᠡᠳ ᠵᠢᠡᠨ ᠤᠷᠢᠳᠠᠪᠡᠷ ᠪᠦᠬᠦ ᠵᠠᠷᠤᠳᠠᠯ᠎ᠢ ᠭᠠᠷᠭᠠᠵᠦ᠂ ᠵᠢᠯ᠎ᠤᠨ ᠰᠡᠭᠦᠯᠴᠢ ᠪᠡᠷ ᠵᠠᠰᠠᠭ᠎ᠤᠨ ᠣᠷᠳᠣᠨ ᠡᠴᠡ ᠬᠤᠴᠠ ᠪᠦᠷᠢ ᠳ᠋ᠤ ᠰᠠᠢᠨ ᠡᠭᠦᠯᠳᠡᠷ᠎ᠦᠨ ᠮᠠᠯ᠎ᠤᠨ ᠨᠥᠬᠥᠪᠥᠷᠢ 3000 ᠲᠦᠭᠦᠷᠢᠭ ᠤᠯᠭᠤᠨ᠎ᠠ᠃ ᠵᠠᠬ᠎ᠠ ᠲᠡᠭᠡᠷ᠎ᠡ ᠤᠴᠢᠪᠡᠯ ᠡᠳᠡᠭᠡᠷ ᠬᠤᠴᠠ ᠨᠤᠭᠤᠳ ᠲᠠᠳᠠᠵᠦ ᠬᠡᠯᠡᠬᠡᠳ ᠲᠤᠯᠤᠭ᠎ᠠ ᠨᠢ᠋ᠮᠠᠨ ᠮᠢᠡᠭᠭᠠᠨ ᠲᠦᠭᠦᠷᠢᠭ ᠬᠦᠷᠴᠦ ᠪᠠᠢᠭ᠎ᠠ ᠶᠤᠮ ᠴᠢᠨᠢ ᠪᠤᠯᠢᠶᠠᠯᠳᠤᠬᠤ ᠦᠭᠡᠢ ᠭᠡᠳᠴᠦ ᠶᠠᠭᠠᠬᠢᠬᠤᠪ》 ᠭᠡᠵᠦ ᠬᠠᠨᠤᠮᠵᠢᠳᠠᠢᠬᠠᠨ ᠶᠠᠷᠢᠪᠠ᠃
ᠰᠤᠷᠪᠤᠯᠵᠢᠯᠠᠭ᠍ᠴᠢ ᠬᠥᠪᠡᠭᠡᠲᠦ ᠱᠢᠷ᠎ᠠ ᠬᠣᠱᠢᠭᠤᠨ᠎ᠤ ᠴᠠᠬᠠᠷ ᠬᠤᠨᠢᠨ᠎ᠤ ᠦᠷ᠎ᠡ ᠵᠢᠨ ᠮᠠᠯ᠎ᠤᠨ ᠲᠠᠯᠠᠪᠠᠢ᠎ᠡᠴᠡ ᠣᠢᠯᠠᠭᠠᠭ᠍ᠰᠠᠨ᠎ᠢᠶᠠᠷ᠂ ᠳᠤᠰ ᠦᠷ᠎ᠡ ᠵᠢᠨ ᠮᠠᠯ᠎ᠤᠨ ᠲᠠᠯᠠᠪᠠᠢ ᠨᠢ 4 ᠰᠠᠷ᠎ᠠ᠎ᠶ᠋ᠢᠨ 25 ᠡᠴᠡ 5 ᠰᠠᠷ᠎ᠠ ᠵᠢᠨ 11᠎ᠤ ᠡᠳᠦᠷ ᠪᠤᠯᠳᠠᠯᠠᠬᠢ ᠬᠠᠭᠠᠰᠬᠠᠨ ᠰᠠᠷ᠎ᠠ᠎ᠶ᠋ᠢᠨ ᠬᠤᠭᠤᠴᠠᠭᠠᠨ᠎ᠳᠤ 408 ᠴᠠᠬᠠᠷ ᠰᠢᠳᠦᠯᠡᠡᠭ ᠬᠤᠴᠠ ᠬᠤᠳᠠᠯᠳᠤᠵᠤ᠂ ᠡᠨᠡ ᠨᠢ ᠲᠤᠰ ᠲᠠᠯᠠᠪᠠᠢ ᠵᠢᠨ ᠡᠨᠡ ᠵᠢᠯ᠎ᠦᠨ ᠲᠥᠯᠥᠪᠯᠡᠭ᠌ᠰᠡᠨ ᠶᠡᠷᠦᠩᠬᠡᠶ ᠬᠡᠮᠵᠢᠶᠡᠨ᠎ᠦ 82.26% ᠵᠢ ᠡᠵᠡᠯᠡᠪᠡ᠃ ᠬᠥᠪᠡᠭᠡᠲᠦ ᠱᠢᠷ᠎ᠠ ᠬᠣᠱᠢᠭᠤ ᠲᠥᠪ᠎ᠦᠨ ᠪᠠ ᠣᠷᠣᠨ ᠨᠤᠲᠤᠭ᠎ᠤᠨ ᠰᠠᠢᠨ ᠡᠭᠦᠯᠳᠡᠷ᠎ᠦᠨ ᠮᠠᠯ᠎ᠤᠨ ᠨᠥᠬᠥᠪᠥᠷᠢ ᠶ᠋ᠢᠨ ᠲᠥᠷᠦ᠍᠎ᠶ᠋ᠢᠨ ᠪᠣᠳᠣᠯᠭ᠎ᠠ᠎ᠶ᠋ᠢ ᠲᠤᠭᠤᠰᠢᠳᠠᠢ ᠨᠠᠢᠳᠠᠪᠤᠷᠢᠵᠢᠭᠤᠯᠵᠤ᠂ ᠲᠣᠰ ᠬᠣᠱᠢᠭᠤᠨ ᠤ ᠮᠠᠯᠵᠢᠬᠤ ᠡᠷᠦᠬᠡ᠎ᠶ᠋ᠢᠨ ᠱᠢᠨᠡᠳᠭᠡᠭ᠌ᠰᠡᠨ ᠣᠨᠴᠠ ᠲᠡᠰ᠎ᠤᠨ ᠪᠤᠶᠤ ᠨᠢᠭᠡᠳᠦᠭᠡᠷ ᠳᠡᠰ᠎ᠤᠨ ᠴᠠᠬᠠᠷ ᠬᠤᠴᠠ ᠪᠦᠷᠢᠳᠦ 3000 ᠲᠥᠭᠥᠷᠢᠭ᠎ᠦᠨ ᠨᠥᠬᠥᠪᠥᠷᠢ ᠤᠯᠭᠤᠬᠤ ᠠᠷᠭ᠎ᠠ ᠬᠡᠮᠵᠢᠶ᠎ᠡ ᠵᠢ ᠡᠷᠴᠢᠮᠳᠡᠢ ᠬᠡᠷᠡᠭᠵᠢᠭᠦᠯᠪᠡ᠃ ᠲᠤᠬᠠᠢᠯᠠᠪᠠᠯ ᠬᠥᠪᠡᠭᠡᠲᠦ ᠱᠢᠷ᠎ᠠ ᠬᠣᠱᠢᠭᠤᠨ᠎ᠤ ᠮᠠᠯ ᠠᠵᠤ ᠠᠬᠤᠶ᠎ᠶ᠋ᠢᠨ ᠠᠵᠢᠯ᠎ᠤᠨ ᠥᠷᠲᠡᠭᠡ᠎ᠡᠴᠡ ᠬᠢᠨᠡᠨ ᠲᠤᠭᠳᠠᠭᠠᠵᠦ ᠬᠢᠷᠢ ᠲᠡᠩᠴᠡᠭ᠌ᠰᠡᠨ ᠴᠠᠬᠠᠷ ᠬᠤᠴᠠ(1 ᠨᠠᠰᠤ)᠎ᠶ᠋ᠢᠨ ᠦᠨ᠎ᠡ᠎ᠶ᠋ᠢ ᠨᠢᠭᠡᠳᠦᠯᠲᠡᠶ ᠪᠡᠷ 4500 ᠲᠥᠭᠥᠷᠢᠭ᠎ᠢᠶᠡᠷ ᠲᠣᠭ᠍ᠲᠠᠭᠠᠵᠦ᠂ ᠮᠠᠯᠵᠢᠬᠤ ᠡᠷᠦᠬᠡ ᠬᠤᠪᠢ ᠪᠡᠷ ᠵᠢᠠᠨ 1500 ᠲᠥᠭᠥᠷᠢᠭ ᠭᠠᠷᠭᠠᠪᠠᠯ ᠤᠳᠤᠮ᠎ᠤᠨ ᠲᠡᠮᠳᠡᠭ᠌ᠯᠡᠯ ᠨᠢ ᠲᠣᠳᠣᠷᠬᠠᠶ᠂ ᠡᠭᠡᠮᠦᠭ ᠲᠠᠳᠠᠭᠰᠠᠨ᠂ ᠡᠷᠡᠭᠦᠯ ᠮᠡᠨᠳᠦ᠍᠎ᠶ᠋ᠢᠨ ᠬᠢᠷᠢ ᠲᠡᠩᠴᠡᠭ᠌ᠰᠡᠨ ᠦᠨᠡᠮᠯᠡᠯ ᠪᠠ ᠱᠢᠯᠭᠠᠨ ᠲᠣᠭ᠍ᠲᠠᠭᠠᠭ᠍ᠰᠠᠨ ᠲᠡᠮᠳᠡᠭ᠌ᠯᠡᠯᠪᠦᠬᠦᠢ ᠰᠢᠯᠢᠳᠡᠭ ᠡᠭᠦᠯᠳᠡᠷ᠎ᠤᠨ ᠬᠤᠴᠠ ᠬᠤᠳᠠᠯᠳᠤᠨ ᠠᠪᠴᠦ ᠪᠤᠯᠬᠤ ᠠᠵᠢ᠃
《ᠡᠳᠡᠭᠡᠷ ᠬᠤᠴᠠ᠎ᠳᠦ ᠴᠢᠩᠭ᠎ᠠ ᠬᠢᠨᠠᠨ ᠲᠣᠭ᠍ᠲᠠᠭᠠᠯᠲᠠ ᠬᠢᠵᠦ᠍ ᠬᠢᠷᠢ ᠲᠡᠩᠴᠡᠭ᠌ᠰᠡᠨ ᠨᠣᠷᠮ᠎ᠠ ᠨᠢ 97.6% ᠳ᠋ᠥ᠍ ᠬᠦᠷᠴᠡᠶ᠃ ᠰᠣᠩᠭᠣᠭ᠍ᠳᠠᠬᠤ ᠪᠠᠷᠢᠮᠵᠢᠶ᠎ᠠ᠎ᠳᠤ᠂ 1 ᠨᠠᠰᠤ ᠣᠷᠴᠢᠮ᠂ ᠪᠡᠶ᠎ᠡ᠎ᠶ᠋ᠢᠨ ᠬᠦᠨᠳᠦ᠍᠎ᠨᠢ 67.5 ᠺᠢᠯᠣᠭ᠌ᠷᠠᠮ ᠡᠴᠡ ᠲᠡᠭᠡᠭᠰᠢ᠂ ᠤᠳᠤᠮ ᠴᠠᠳᠢᠭ᠎ᠤᠨ ᠲᠠᠩᠰᠠ ᠡᠪᠬᠡᠮᠡᠯ᠎ᠨᠢ ᠪᠦᠷᠢᠨ ᠪᠦᠲᠦᠨ ᠪᠠᠢᠬᠤ ᠬᠡᠷᠡᠭᠳᠡᠢ》᠃
ᠴᠠᠬᠠᠷ ᠬᠤᠨᠢᠨ᠎ᠤ ᠦᠷ᠎ᠡ ᠵᠢᠨ ᠮᠠᠯ᠎ᠤᠨ ᠲᠠᠯᠠᠪᠠᠢ ᠵᠢᠨ ᠳᠠᠷᠤᠭ᠎ᠠ ᠤᠳᠭᠠᠨᠪᠠᠶᠠᠷ ᠰᠤᠷᠪᠤᠯᠵᠢᠯᠠᠭᠴᠢ ᠳ᠋ᠤ᠄ 《ᠡᠨᠡ ᠵᠢᠯ ᠮᠠᠯᠴᠢᠳ ᠦᠷ᠎ᠡ ᠵᠢᠨ ᠮᠠᠯ ᠵᠢᠡᠨ ᠰᠢᠨᠡᠳᠭᠡᠵᠦ᠂ ᠮᠠᠨ᠎ᠤ ᠲᠠᠯᠠᠪᠠᠢ ᠵᠢᠨ ᠬᠤᠴᠠ ᠵᠢ ᠪᠤᠯᠢᠶᠠᠯᠳᠤᠨ ᠠᠪᠤᠵᠠᠭᠠᠵᠦ ᠪᠤᠢ᠂ ᠡᠨᠡ ᠬᠠᠨᠳᠦᠰᠢ ᠪᠡᠷ ᠪᠤᠯ ᠡᠨᠡ ᠵᠢᠯ᠎ᠤᠨ ᠬᠤᠳᠠᠯᠳᠤᠬᠤ ᠪᠡᠷ ᠰᠢᠭᠰᠢᠨ ᠭᠠᠷᠭᠠᠭᠰᠠᠨ 496 ᠬᠤᠴᠠ ᠵᠢ ᠲᠤᠡᠭ ᠤᠳᠠᠬᠤ ᠦᠭᠡᠢ ᠬᠤᠳᠠᠯᠳᠤᠵᠦ ᠲᠠᠭᠤᠰᠬᠠᠨ᠎ᠠ ᠳ᠋ᠠ》 ᠭᠡᠯ᠎ᠠ᠃
《ᠴᠠᠬᠠᠷ ᠬᠣᠨᠢ》 ᠪᠣᠯ ᠥᠪᠥᠷ ᠮᠣᠩᠭᠣᠯ᠎ᠤᠨ ᠨᠠᠷᠢᠨ ᠨᠤᠤᠰᠤᠳᠤ ᠬᠣᠨᠢ᠎ᠪᠠᠷ ᠡᠬᠡ ᠪᠡᠶ᠎ᠡ ᠪᠣᠯᠭᠠᠵᠤ᠂ ᠭᠧᠷᠮᠠᠨᠦ ᠮᠧᠷᠢᠨᠣᠰ ᠬᠣᠨᠢ᠎ᠪᠠᠷ ᠡᠴᠢᠭᠡ ᠪᠡᠶ᠎ᠡ ᠪᠤᠯᠭᠠᠨ᠂ 20 ᠭᠠᠷᠤᠶ ᠵᠢᠯ ᠪᠣᠢᠵᠢᠭᠤᠯᠤᠭ᠍ᠰᠠᠨ ᠮᠢᠬ᠎ᠠ ᠨᠣᠣᠰᠣᠨᠤ ᠬᠤᠤᠰ ᠬᠡᠷᠡᠭᠴᠡᠭᠡ᠎ᠳᠤ ᠣᠷᠣᠨ ᠨᠤᠲᠤᠭ᠎ᠤᠨ ᠱᠢᠯᠢᠳᠡᠭ ᠡᠭᠦᠯᠳᠡᠷ ᠪᠣᠯᠤᠨ᠎ᠠ᠃ 2014 ᠣᠨ᠎ᠳᠤ ᠤᠯᠤᠰ᠎ᠤᠨ ᠮᠠᠯ ᠵᠢᠭᠦᠷᠲᠡᠨ᠎ᠦ ᠤᠳᠤᠮᠯᠠᠯ᠎ᠤᠨ ᠡᠬᠢ ᠪᠠᠶᠠᠯᠢᠭ᠎ᠤᠨ ᠵᠥᠪᠯᠡᠯ᠎ᠦᠨ ᠬᠢᠨᠠᠨ ᠲᠣᠭ᠍ᠲᠠᠭᠠᠯᠲᠠ᠎ᠵᠢ ᠦᠡᠭᠭᠡᠷᠡᠭᠡᠵᠦ᠂ 《ᠴᠠᠬᠠᠷ ᠬᠣᠨᠢ》 ᠭᠡᠵᠦ᠍ ᠵᠢᠩᠬᠢᠨᠢ᠎ᠪᠡᠷ ᠨᠡᠷᠡᠢᠳᠴᠠᠢ᠃ ᠡᠨᠡᠬᠦ ᠡᠭᠦᠯᠳᠡᠷ ᠨᠢ ᠲᠡᠵᠢᠭᠡᠯ ᠪᠤᠷᠳᠤᠭ᠎ᠠ ᠳ᠋ᠤ ᠵᠤᠬᠢᠴᠠᠬᠤ ᠨᠢ ᠰᠠᠢᠨ᠂ ᠬᠦᠢᠳᠡᠨ᠎ᠳᠤ ᠲᠠᠭᠠᠭᠠᠴᠠᠳᠠᠢ᠂ ᠨᠠᠰᠤ ᠭᠦᠶ᠋ᠴᠡᠭ᠌ᠰᠡᠨ ᠪᠦᠲᠦᠭᠦᠨ ᠬᠤᠴᠠ ᠵᠢᠨ ᠬᠦᠨᠳᠦ ᠨᠢ 100 ᠺᠢᠯᠣᠭ᠌ᠷᠠᠮ᠎ᠠᠴᠠ ᠳᠡᠭᠡᠭ᠌ᠰᠢ ᠬᠦᠷᠴᠦ᠂ ᠨᠤᠤᠰᠤ ᠭᠠᠷᠬᠤ ᠬᠡᠮᠵᠢᠶ᠎ᠡ ᠨᠢ ᠨᠤᠳᠤᠭ᠎ᠤᠨ ᠡᠭᠦᠯᠳᠡᠷ᠎ᠤᠨ 4᠎ᠡᠴᠡ 5 ᠳᠠᠬᠢᠨ ᠢᠯᠡᠭᠦᠦ ᠪᠠᠢᠵᠤ᠂ ᠢᠬᠢᠷᠡᠯᠡᠬᠦ ᠨᠤᠷᠮ᠎ᠠ ᠨᠢ 145% ᠳ᠋ᠤ ᠭᠥᠷᠳᠡᠭ᠃ ᠮᠠᠯᠴᠢᠨ ᠪᠠᠯᠵᠢ ᠴᠠᠬᠠᠷ ᠬᠤᠨᠢ ᠮᠠᠯᠵᠢᠵᠦ ᠪᠤᠢ ᠲᠤᠬᠠᠢ ᠪᠡᠨ ᠡᠢᠨᠬᠦ ᠲᠤᠭᠠᠴᠠᠯᠠᠪᠠ᠄《ᠮᠠᠨᠠᠢᠬᠢᠨ ᠰᠠᠭᠤᠷᠢ ᠡᠬᠡ ᠮᠠᠯ ᠤᠨ ᠲᠤᠭ᠎ᠠ ᠪᠡᠨ100 ᠤᠷᠴᠢᠮ ᠪᠠᠢᠯᠭᠠᠵᠦ᠂ ᠡᠨᠡ ᠬᠤᠶᠠᠷ ᠬᠤᠴᠠ ᠵᠢ ᠨᠠᠭᠠᠳᠤ ᠵᠠᠬ᠎ᠠ ᠳ᠋ᠠᠭᠠᠨ 2 ᠵᠢᠯ ᠬᠤᠨᠢᠨ ᠳ᠋ᠠᠭᠠᠨ ᠲᠠᠯᠪᠢᠵᠦ ᠪᠤᠯᠤᠨ᠎ᠠ᠃ ᠴᠠᠬᠠᠷ ᠬᠤᠨᠢᠨ᠎ᠤ ᠤᠨᠳᠤᠷᠤᠯᠳᠠ ᠰᠠᠢᠨ᠂ ᠲᠠᠷᠭᠤ ᠠᠪᠬᠤ ᠨᠢ ᠬᠤᠷᠳᠤᠨ᠂ ᠮᠢᠬ᠎ᠠ ᠭᠠᠷᠬᠤ ᠨᠢ ᠰᠠᠢᠨ ᠪᠦᠭᠡᠳ ᠭᠠᠷᠤᠯᠳᠠᠴᠦ ᠬᠠᠡᠭᠭᠠᠮᠵᠢᠲᠠᠢ᠂ ᠨᠠᠷᠢᠨ ᠪᠤᠳᠤᠵᠦ ᠦᠵᠡᠪᠡᠯ ᠨᠤᠳᠤᠭ ᠡᠭᠦᠯᠳᠡᠷ᠎ᠤᠨ ᠬᠤᠨᠢᠨ ᠡᠴᠡ ᠢᠯᠡᠭᠦᠦ 1000 ᠲᠦᠭᠦᠷᠢᠭ ᠵᠢᠨ ᠤᠷᠤᠯᠭ᠎ᠠ ᠡᠭᠦᠳᠬᠦᠴᠦ ᠠᠰᠠᠭᠤᠳᠠᠯ ᠦᠭᠡᠢ》 ᠭᠡᠪᠠ᠃
ᠣᠢᠷ᠎ᠠ᠎ᠶ᠋ᠢᠨ ᠵᠢᠯ᠎ᠡᠴᠡ ᠨᠠᠭᠠᠰᠢ᠂ ᠬᠥᠪᠡᠭᠡᠲᠦ ᠱᠢᠷ᠎ᠠ ᠬᠣᠱᠢᠭᠤ ᠰᠠᠢᠨ ᠡᠭᠦᠯᠳᠡᠷ᠎ᠢ ᠲᠦᠭᠡᠮᠡᠯᠵᠢᠭᠦᠯᠬᠦ ᠡᠷᠴᠢᠮ᠎ᠢᠶᠡᠨ ᠦᠷᠭᠦᠯᠵᠢᠯᠡᠨ ᠴᠢᠩᠭᠠᠷᠠᠭᠤᠯᠵᠤ᠂ ᠲᠥᠷᠥ᠎ᠶ᠋ᠢᠨ ᠪᠣᠳᠣᠯᠭ᠎ᠠ ᠵᠢ ᠨᠠᠢᠳᠠᠪᠤᠷᠢᠵᠢᠭᠤᠯᠬᠤ᠎ᠪᠠᠷ ᠥᠷᠭᠡᠨ ᠣᠯᠠᠨ ᠮᠠᠯᠴᠢᠳ᠎ᠲᠤ ᠦᠨᠡᠨᠬᠦ᠌ ᠠᠱᠢᠭ ᠬᠦᠷᠲᠡᠭᠡᠬᠦ᠌᠎ᠶ᠋ᠢ ᠪᠠᠲᠤᠯᠠᠪᠠ᠃ 2012 ᠣᠨ᠎ᠡᠴᠡ ᠡᠬᠢᠯᠡᠨ ᠪᠠᠢᠭᠤᠯᠤᠭ᠍ᠰᠠᠨ ᠴᠠᠬᠠᠷ ᠬᠣᠨᠢᠨ᠎ᠤ ᠦᠷ᠎ᠡ᠎ᠶ᠋ᠢᠨ ᠮᠠᠯ᠎ᠤᠨ ᠲᠠᠯᠠᠪᠠᠢ ᠨᠢ ᠠᠷᠪᠠ ᠭᠠᠷᠤᠢ ᠵᠢᠯ᠎ᠦᠨ ᠬᠥᠭ᠌ᠵᠢᠯᠲᠡ᠎ᠪᠡᠷ ᠳᠠᠮᠵᠢᠨ᠂ ᠤᠳᠤ 1 ᠲᠦᠮᠡ ᠭᠠᠷᠤᠢ ᠮᠦ᠍ ᠨᠤᠳᠤᠭ ᠪᠡᠯᠴᠢᠭᠡᠷ᠎ᠢ ᠡᠵᠡᠡᠭᠨᠡᠵᠦ᠂ 3420 ᠲᠡᠭ᠌ᠰᠢ ᠳᠥᠷᠪᠡᠯᠵᠢᠨ ᠮᠧᠲᠷ᠎ᠤᠨ ᠪᠠᠷᠢᠮᠵᠢᠶᠠᠵᠢᠭ᠍ᠰᠠᠨ ᠳᠤᠯᠠᠭᠠᠨ ᠫᠧᠩ᠎ᠲᠡᠶ ᠪᠣᠯᠵᠤ᠂ ᠵᠢᠯ ᠪᠦᠷᠢ 500 ᠣᠷᠴᠢᠮ ᠰᠢᠯᠢᠳᠡᠭ ᠦᠷ᠎ᠡ ᠮᠠᠯ ᠬᠠᠩᠭᠠᠬᠤ ᠴᠢᠳᠠᠪᠤᠷᠢ᠎ᠲᠠᠶ ᠪᠣᠯᠵᠠᠢ᠃ ᠲᠠᠯᠠᠪᠠᠶ ᠳ᠋ᠠᠭᠠᠨ ᠬᠦᠪᠦᠷᠡᠯ ᠱᠢᠯᠵᠢᠭᠦᠯᠬᠦ᠌ ᠲᠠᠰᠤᠭ᠂ ᠮᠠᠯ ᠡᠮᠨᠡᠯᠭᠡ᠎ᠶ᠋ᠢᠨ ᠲᠠᠰᠤᠭ ᠪᠣᠯᠤᠨ ᠤᠶᠤᠨᠴᠢᠯᠠᠭ᠍ᠰᠠᠨ ᠲᠣᠭ᠎ᠠ ᠪᠠᠷᠢᠮᠲᠠ᠎ᠶ᠋ᠢᠨ ᠬᠠᠮᠢᠶᠠᠷᠤᠯᠲᠠ᠎ᠶ᠋ᠢᠨ ᠲᠠᠪᠴᠠᠩ ᠲᠠᠢ ᠪᠤᠯᠵᠦ᠂ 《ᠦᠷ᠎ᠡ ᠵᠢᠨ ᠮᠠᠯ ᠤᠨ ᠲᠠᠯᠠᠪᠠᠶ + ᠲᠤᠰᠬᠠᠢᠵᠢᠭᠰᠠᠨ ᠬᠣᠷᠱᠢᠶ᠎ᠠ + ᠭᠤᠤᠯᠳᠠᠯᠭᠠᠲᠤ ᠰᠦᠷᠦᠭ + ᠬᠤᠴᠠᠨ ᠤ ᠰᠦᠷᠦᠭ》 ᠵᠢ ᠨᠢᠭᠡ ᠴᠤᠭᠴᠠᠵᠢᠭᠤᠯᠤᠭᠰᠠᠨ ᠡᠭᠦᠯᠳᠡᠷ ᠰᠠᠢᠵᠢᠷᠠᠭᠤᠯᠬᠤ ᠱᠢᠰᠲ᠋ᠧᠮ ᠢ ᠪᠠᠢᠭᠤᠯᠤᠭᠰᠠᠨ᠎ᠤ ᠬᠠᠮᠲᠤ ᠰᠤᠮᠤ ᠪᠠᠯᠭᠠᠰᠤ᠂ ᠭᠠᠴᠠᠭ᠎ᠠ ᠬᠣᠶᠠᠷ ᠱᠠᠲᠤᠨ ᠳᠤ ᠦᠶ᠋ᠯᠡᠴᠢᠯᠡᠭᠡᠨ᠎ᠦ ᠪᠦᠯᠬᠦᠮᠪᠠᠢᠭᠤᠯᠵᠤ᠂ ᠰᠠᠢᠨ ᠡᠭᠦᠯᠳᠡᠷ᠎ᠢ ᠦᠷᠡᠵᠢᠭᠦᠯᠦᠨ ᠪᠣᠢᠵᠢᠭᠤᠯᠬᠤ᠂ ᠲᠦᠭᠡᠮᠡᠯᠵᠢᠭᠦᠯᠬᠦ᠂ ᠬᠡᠷᠡᠭ᠌ᠯᠡᠬᠦ᠌᠎ᠶ᠋ᠢ ᠤᠶᠠᠯᠳᠤᠭᠤᠯᠬᠤ ᠶ᠋ᠢ ᠨᠢᠭᠡᠨᠳᠡ ᠪᠡᠶᠡᠯᠡᠭᠦᠯᠪᠡ᠃ 2022 ᠣᠨ᠎ᠳᠤ᠂ ᠲᠤᠰ ᠦᠷ᠎ᠡ ᠵᠢᠨ ᠮᠠᠯ᠎ᠤᠨ ᠲᠠᠯᠠᠪᠠᠢ ᠨᠢ ᠥᠪᠡᠷᠲᠡᠭᠡᠨ ᠵᠠᠰᠠᠬᠤ ᠣᠷᠣᠨ᠎ᠤ ᠡᠭᠦᠯᠳᠡᠷ ᠪᠣᠢᠵᠢᠭᠤᠯᠬᠤ ᠭᠣᠣᠯ ᠲᠠᠯᠠᠪᠠᠢ᠎ᠪᠠᠷ ᠦᠨᠡᠯᠡᠭ᠌ᠳᠡᠵᠦ᠂ 2024 ᠣᠨ᠎ᠳᠤ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ ᠦᠨ ᠲᠤᠰᠭᠠᠢ ᠮᠡᠷᠭᠡᠵᠢᠯᠲᠡᠨ ᠦ ᠠᠵᠢᠯ᠎ᠤᠨ ᠦᠷᠳᠡᠭᠡ᠎ᠶ᠋ᠢ ᠪᠠᠢᠭᠤᠯᠪᠠ᠃ ᠡᠨᠡ ᠵᠢᠯ ᠪᠠᠰᠠ ᠥᠪᠡᠷᠲᠡᠭᠡᠨ ᠵᠠᠰᠠᠬᠤ ᠣᠷᠣᠨ ᠤ ᠲᠠᠰ᠎ᠤᠨ ᠠᠮᠢᠲᠠᠨ ᠤ ᠭᠡᠮ ᠬᠢᠵᠢᠭ ᠢ ᠰᠡᠷᠭᠡᠢᠯᠡᠨ ᠵᠠᠰᠠᠬᠤ ᠲᠠᠯᠠᠪᠠᠶ᠎ᠶ᠋ᠢᠨ ᠱᠢᠯᠭᠠᠷᠠᠭᠤᠯᠤᠯᠲᠠ᠎ᠳᠤ ᠬᠢᠷᠢ ᠲᠡᠡᠭᠴᠡᠵᠠᠢ᠃