ᠸᠠᠩ ᠸᠧᠶ ᠵᠥᠩ ᠪᠠᠶᠠᠨᠨᠠᠭᠤᠷ ᠬᠣᠲᠠ᠎ᠳᠤ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠶ ᠵᠥᠪ ᠦᠵᠡᠯᠲᠡ᠎ᠶ᠋ᠢ ᠪᠣᠶ ᠪᠣᠯᠭᠠᠬᠤ ᠪᠠ ᠦᠶ᠋ᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠦᠨ ᠠᠵᠢᠯ᠎ᠤᠨ ᠶᠠᠷᠢᠯᠴᠠᠬᠤ ᠬᠤᠷᠠᠯ ᠢ᠋ ᠡᠷᠭᠢᠯᠡᠨ ᠬᠤᠷᠠᠯᠳᠤᠭᠤᠯᠪᠠ
2026-05-14 10:15:41
ᠵᠣᠬᠢᠶᠠᠭ᠍ᠴᠢ᠄
ᠯᠢ ᠬᠠᠨ
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 13 ᠤ᠋ ᠡᠳᠦᠷ᠂ ᠥᠪᠡᠷᠲᠡᠭᠡᠨ ᠵᠠᠰᠠᠬᠤ ᠣᠷᠣᠨ ᠎ᠤ ᠨᠠᠮ᠎ᠤᠨ ᠬᠤᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭ᠌ᠴᠢᠳ ᠎ᠦᠨ ᠶᠡᠬᠡ ᠬᠤᠷᠠᠯ ᠎ᠤᠨ ᠪᠠᠢᠩᠭᠤ᠎ᠶ᠋ᠢᠨ ᠬᠤᠷᠢᠶ᠎ᠠ ᠵᠢᠨ ᠡᠷᠬᠢᠯᠡᠭ᠌ᠴᠢ ᠸᠠᠩ ᠸᠧᠢ ᠵᠦᠩ ᠪᠠᠶᠠᠨᠨᠠᠭᠤᠷ ᠬᠤᠳᠠ᠎ᠳᠤ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠶ ᠵᠥᠪ ᠦᠵᠡᠯᠲᠡ ᠎ᠶ᠋ᠢ ᠪᠣᠶ ᠪᠣᠯᠭᠠᠬᠤ ᠪᠠ  ᠦᠶ᠋ᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠦᠨ ᠠᠵᠢᠯ ᠎ᠤᠨ ᠶᠠᠷᠢᠯᠴᠠᠬᠤ ᠬᠤᠷᠠᠯ ᠎ᠢ ᠡᠷᠬᠢᠯᠡᠨ ᠬᠤᠷᠠᠯᠳᠤᠭᠤᠯᠵᠤ᠂ ᠬᠣᠯᠪᠣᠭ᠍ᠳᠠᠯ ᠪᠦᠬᠦᠢ ᠪᠠᠢᠳᠠᠯ ᠎ᠤᠨ ᠬᠠᠷᠢᠭᠤ ᠮᠡᠳᠡᠭᠦᠯᠦᠯᠲ ᠡ᠎ᠶ᠋ᠢ ᠰᠣᠨᠣᠰᠴᠤ᠌᠂ ᠬᠠᠷᠢᠯᠴᠠᠬᠤ ᠡᠲᠡᠭᠡᠳ ᠪᠣᠯᠤᠨ ᠠᠵᠤ ᠠᠬᠤᠢᠯᠠᠯ᠎ᠤᠨ ᠲᠥᠯᠥᠭᠡᠯᠡᠭ᠌ᠴᠢᠳ ᠎ᠡᠴᠡ  ᠰᠠᠨᠠᠯ ᠰᠠᠨᠠᠭᠤᠯᠭ᠎ᠠ ᠬᠤᠷᠢᠶᠠᠪᠠ᠃ ᠲᠡᠷᠡ᠂ ᠶᠡᠷᠦᠩᠬᠡᠶ ᠱᠦᠵᠢ ᠰᠢ ᠵᠢᠨ ᠫᠢᠩ ᠎ᠦᠨ ᠥᠪᠥᠷ ᠮᠣᠩᠭᠣᠯ ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ ᠲᠥᠪ ᠎ᠦᠨ ᠳᠠᠪᠬᠤᠷᠭ᠎ᠠ᠎ᠶ᠋ᠢᠨ ᠰᠤᠷᠤᠯᠴᠠᠯᠭ᠎ᠠ ᠬᠥᠮᠦᠵᠢᠯ᠎ᠦᠨ ᠠᠵᠢᠯ᠎ᠤᠨ ᠲᠤᠰᠭᠠᠶ ᠠᠩᠭᠢ ᠎ᠶ᠋ᠢᠨ ᠪᠠᠢᠷᠢᠯᠠᠭᠤᠯᠤᠯᠲᠠ ᠱᠠᠭᠠᠷᠳᠠᠯᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠰᠤᠷᠤᠯᠴᠠᠬᠤ ᠪᠠᠢᠴᠠᠭᠠᠬᠤ ᠰᠠᠢᠵᠢᠷᠠᠭᠤᠯᠬᠤ ᠡᠯ᠎ᠡ ᠵᠦᠶ᠋ᠯ᠎ᠦᠨ ᠠᠵᠢᠯ᠎ᠢ ᠨᠠᠷᠢᠨ ᠬᠢᠨᠠᠮᠠᠭᠠᠶ᠂ ᠯᠠᠪᠳᠠᠭᠤᠨ ᠪᠠᠲᠤᠲᠠᠶ ᠰᠠᠢᠲᠤᠷ ᠬᠢᠵᠦ᠍᠂ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠶ᠋ᠢ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ ᠪᠣᠳᠠᠲᠤ ᠦᠷ᠎ᠡ ᠪᠦᠲᠦᠮᠵᠢ ᠪᠣᠯᠭᠠᠨ ᠬᠤᠪᠢᠷᠠᠭᠤᠯᠵᠤ᠂ ᠪᠣᠳᠠᠲᠤ ᠠᠵᠢᠯᠯᠠᠭ᠎ᠠ᠎ᠪᠠᠷ᠎ᠢᠶᠠᠨ 《ᠬᠣᠶᠠᠷ ᠎ᠢ ᠲᠣᠭ᠍ᠲᠠᠭᠠᠭᠰᠠᠨ》 ᠢ᠋ ᠡᠷᠡᠰ ᠬᠦᠷᠢᠶᠡᠯᠡᠵᠦ᠍᠂《ᠬᠣᠶᠠᠷ ᠎ᠢ ᠬᠠᠮᠠᠭᠠᠯᠠᠬᠤ》 ᠶ᠋ᠢ ᠡᠷᠡᠰ ᠪᠡᠶᠡᠯᠡᠭᠦᠯᠬᠦ᠌ ᠬᠡᠷᠡᠭ᠌ᠲᠡᠶ ᠭᠡᠵᠦ᠍ ᠴᠢᠬᠤᠯᠠᠴᠢᠯᠠᠪᠠ᠃

ᠬᠤᠷᠠᠯ ᠳᠡᠭᠡᠷ᠎ᠡ᠂ ᠪᠠᠶᠠᠨᠨᠠᠭᠤᠷ ᠬᠣᠲᠠ᠎ᠶ᠋ᠢᠨ ᠨᠠᠮ᠎ᠤᠨ ᠬᠤᠷᠢᠶ᠎ᠠ ᠵᠢᠨ ᠱᠦᠵᠢ ᠾᠧ ᠸᠧᠶ ᠬᠤᠸᠠ᠂ ᠬᠠᠩᠭᠢᠨ ᠬᠣᠢᠲᠤ ᠬᠣᠱᠢᠭᠤᠨ᠎ᠤ ᠨᠠᠮ᠎ᠤᠨ ᠬᠤᠷᠢᠶ᠎ᠠ ᠵᠢᠨ ᠱᠦᠵᠢ ᠬᠠᠨ ᡁᠢ ᠶᠧ ᠪᠣᠯᠤᠨ ᠡᠯ ᠳ᠋ᠤ ᠴᠢᠶᠣᠤ ᠪᠠᠯᠭᠠᠰᠤᠨ᠎ᠤ᠎ᠲᠠᠶ ᠶᠠᠩ ᠱᠧᠩ ᠲᠣᠰᠭᠣᠨ᠎ᠤ ᠨᠠᠮ᠎ᠤᠨ ᠡᠭᠦᠷ᠎ᠦᠨ ᠱᠦᠵᠢ ᠴᠠᠩ ᠶᠦᠩ ᠹᠦ᠋ ᠲᠣᠰ ᠲᠣᠰ ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ ᠪᠠᠢᠳᠠᠯ᠎ᠢᠶᠠᠨ ᠬᠠᠷᠢᠭᠤ ᠮᠡᠳᠡᠭᠦᠯᠪᠡ᠂ 《9·3》 ᠤ᠋ ᠡᠷᠳᠡᠮ ᠱᠢᠨᠵᠢᠯᠡᠭᠡᠨ᠎ᠦ ᠨᠡᠢᠭᠡᠮᠯᠢᠭ᠎ᠦᠨ ᠭᠡᠱᠢᠭᠦᠨ᠂ ᠪᠣᠷᠣᠲᠣᠬᠣᠶ ᠳᠡᠭᠡᠳᠦ ᠰᠤᠷᠭᠠᠭᠤᠯᠢ᠎ᠶ᠋ᠢᠨ ᠳᠡᠳ᠋ ᠵᠠᠬᠢᠷᠤᠯ ᠯᠢ ᡁᠢ ᠭᠠᠩ ᠪᠣᠯᠤᠨ ᠰᠠᠨ ᠫᠠᠩ ᠎ᠳ᠋ᠠᠨ ᠢᠳᠡᠭᠡᠨ᠎ᠦ ᠬᠢᠵᠠᠭᠠᠷᠲᠤ ᠺᠣᠮᠫᠠᠨᠢ᠎ᠶ᠋ᠢᠨ ᠬᠡᠷᠡᠭ ᠮᠡᠳᠡᠭ᠌ᠴᠢᠳ᠎ᠦᠨ ᠳᠠᠷᠤᠭ᠎ᠠ ᠱᠢᠤᠢ ᠵᠢᠶᠠᠨ ᠱᠢᠩ᠂ ᠰᠠᠨ ᠷᠦᠢ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠬᠤᠪᠢᠴᠠᠭᠠᠲᠤ ᠬᠢᠵᠠᠭᠠᠷᠲᠤ ᠺᠣᠮᠫᠠᠨᠢ᠎ᠶ᠋ᠢᠨ ᠬᠡᠷᠡᠭ ᠮᠡᠳᠡᠭ᠌ᠴᠢᠳ᠎ᠦᠨ ᠳᠠᠷᠤᠭ᠎ᠠ ᠵᠠᠩ ᠶᠦᠩ ᠫᠢᠩ᠂ ᠲᠠᠯ᠎ᠠ ᠨᠤᠲᠤᠭ᠎ᠤᠨ ᠱᠢᠨ ᠾᠧ ᠢᠳᠡᠭᠡᠨ᠎ᠦ ᠬᠢᠵᠠᠭᠠᠷᠲᠤ ᠺᠣᠮᠫᠠᠨᠢ᠎ᠶ᠋ᠢᠨ ᠳᠡᠳ᠋ ᠶᠡᠷᠦᠩᠬᠡᠶ ᠳᠠᠭᠠᠭᠠᠮᠠᠯ ᠶᠠᠩ ᠳ᠋ᠦᠩ᠂ ᠪᠠᠷᠠᠭᠤᠨ ᠣᠷᠣᠨ᠎ᠤ ᠵᠡᠰ ᠮᠠᠲ᠋ᠧᠷᠢᠶᠠᠯ᠎ᠤᠨ ᠬᠢᠵᠠᠭᠠᠷᠲᠤ ᠺᠣᠮᠫᠠᠨᠢ᠎ᠶ᠋ᠢᠨ ᠨᠠᠮ᠎ᠤᠨ ᠬᠤᠷᠢᠶ᠎ᠠ ᠵᠢᠨ ᠱᠦᠵᠢ ᠬᠤᠸᠠᠩ ᠵᠢᠨ᠂ ᠯᠢᠶᠨᠨ ᠪᠠᠩ ᠡᠮ ᠦᠶ᠋ᠯᠡᠳᠬᠦ᠌ (ᠦᠪᠦᠷ ᠮᠤᠩᠭᠤᠯ)  ᠬᠢᠵᠠᠭᠠᠷᠲᠤ ᠺᠣᠮᠫᠠᠨᠢ᠎ᠶ᠋ᠢᠨ ᠶᠡᠷᠦᠩᠬᠡᠶ ᠳᠠᠭᠠᠭᠠᠮᠠᠯ ᠵᠠᠩ ᠸᠸᠨ ᠢᠦᠶ᠂ ᠰᠠᠨ ᠢ (ᠪᠠᠶᠠᠨᠨᠠᠭᠤᠷ)ᠰᠠᠯᠬᠢᠨ ᠬᠦᠴᠦᠨ᠎ᠦ ᠴᠠᠬᠢᠯᠭᠠᠨ᠎ᠤ ᠲᠣᠨᠣᠭ᠍ᠯᠠᠯ᠎ᠤᠨ ᠬᠢᠵᠠᠭᠠᠷᠲᠤ ᠺᠣᠮᠫᠠᠨᠢ᠎ᠶ᠋ᠢᠨ ᠶᠡᠷᠦᠩᠬᠡᠢ ᠳᠠᠭᠠᠭᠠᠮᠠᠯ ᠵᠢᠨ ᠲᠤᠤ᠎ᠨᠠᠷ ᠤᠷᠢᠳ ᠬᠣᠵᠢᠳ ᠦᠭᠡ ᠬᠡᠯᠡᠪᠡ᠃ ᠸᠠᠩ ᠸᠧᠶ ᠵᠥᠩ ᠪᠠᠢᠨ ᠪᠠᠢᠨ ᠣᠯᠠᠨ᠎ᠲᠠᠶ ᠶᠠᠷᠢᠯᠴᠠᠨ ᠰᠣᠯᠢᠯᠴᠠᠵᠤ᠂ ᠬᠣᠯᠪᠣᠭ᠍ᠳᠠᠯ ᠪᠥᠬᠥᠶ ᠪᠠᠢᠳᠠᠯ᠎ᠢ ᠨᠠᠷᠢᠨ ᠠᠰᠠᠭᠤᠪᠠ᠃

ᠸᠠᠩ ᠸᠧᠶ ᠵᠥᠩ ᠶᠠᠷᠢᠶᠠᠨ᠎ᠳᠠᠭᠠᠨ᠂ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠦᠵᠡᠯᠲᠡ᠎ᠶ᠋ᠢᠨ ᠬᠡᠯᠪᠡᠷᠢᠯ ᠪᠠ ᠵᠦᠷᠢᠶ᠎ᠠ ᠵᠢᠨ ᠠᠰᠠᠭᠤᠳᠠᠯ ᠨᠢ ᠨᠠᠮ᠎ᠤᠨ ᠱᠢᠨᠵᠢ ᠴᠢᠨᠠᠷ ᠵᠣᠷᠢᠯᠲᠠ᠂ ᠤᠯᠤᠰ ᠲᠥᠷᠥ᠎ᠶ᠋ᠢᠨ ᠵᠣᠭ᠍ᠰᠣᠯᠲᠠ᠂ ᠨᠠᠮᠴᠢ ᠴᠢᠨᠠᠷ᠎ᠤᠨ ᠵᠠᠷᠴᠢᠮ᠂ ᠰᠤᠷᠲᠠᠯ᠎ᠤᠨ ᠱᠠᠭᠠᠷᠳᠠᠯᠭ᠎ᠠ ᠵᠡᠷᠭᠡ᠎ᠡᠴᠡ ᠳᠡᠷᠰᠯᠡᠵᠦ᠂ ᠨᠠᠮ ᠪᠠ ᠵᠠᠰᠠᠭ᠎ᠤᠨ ᠣᠷᠳᠣᠨ᠎ᠤ ᠳᠦᠷᠢ ᠲᠥᠷᠬᠦ᠌ ᠪᠠ ᠣᠯᠠᠨ ᠨᠡᠢᠲᠡ᠎ᠶ᠋ᠢ ᠢᠲᠡᠭᠡᠭᠦᠯᠬᠦ᠌ ᠬᠦᠴᠦᠨ᠎ᠢ ᠬᠣᠬᠢᠷᠠᠭᠤᠯᠬᠤ ᠪᠣᠯᠬᠣᠷ ᠡᠷᠬᠡᠪᠰᠢ ᠲᠡᠭᠦᠨ᠎ᠦ ᠬᠦᠨᠳᠦ ᠨᠣᠴᠢᠲᠠᠶ ᠬᠤᠤᠷ ᠬᠥᠨᠥᠭᠡᠯᠲᠦ ᠴᠢᠨᠠᠷ᠎ᠢ ᠭᠦᠨᠵᠡᠭᠡᠶ ᠲᠠᠨᠢᠵᠤ᠂ ᠰᠤᠷᠤᠯᠴᠠᠯᠭ᠎ᠠ ᠬᠥᠮᠦᠵᠢᠯ᠎ᠢ ᠰᠠᠢᠲᠤᠷ ᠠᠳᠭᠤᠬᠤ ᠡᠬᠦᠷᠬᠡ ᠬᠠᠷᠢᠭᠤᠴᠠᠯᠭᠠᠲᠤ ᠰᠡᠳᠭᠢᠯᠭᠡ ᠪᠠᠨ ᠤᠯᠠᠮ ᠨᠢᠭᠡ ᠠᠯᠬᠤᠮ ᠴᠢᠩᠭᠠᠳᠭᠠᠵᠤ᠂ 《ᠨᠡᠢᠲᠡ᠎ᠶ᠋ᠢᠨ ᠲᠥᠯᠥᠭᠡ ᠨᠠᠮ ᠪᠠᠢᠭᠤᠯᠬᠤ᠂ ᠠᠷᠠᠳ ᠲᠦᠮᠡᠨ᠎ᠳᠦ ᠪᠤᠶᠠᠨ ᠦᠶ᠋ᠯᠡᠳᠬᠦ᠌᠂ ᠱᠢᠨᠵᠢᠯᠡᠬᠦ᠌ ᠤᠬᠠᠭᠠᠨᠴᠢ᠎ᠪᠠᠷ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ᠂ ᠦᠨᠡᠨ ᠬᠦ᠌ ᠠᠳᠭᠤᠵᠤ ᠪᠣᠳᠠᠲᠠᠶ ᠠᠵᠢᠯᠯᠠᠬᠤ》 ᠶᠡᠷᠦᠩᠬᠡᠶ ᠱᠠᠭᠠᠷᠳᠠᠯᠭ᠎ᠠ᠎ᠶ᠋ᠢ ᠪᠠᠲᠤ ᠡᠵᠡᠮᠳᠡᠵᠦ᠍᠂ ᠠᠷᠠᠳ ᠲᠦᠮᠡᠨ᠎ᠦ ᠲᠥᠯᠥᠭᠡ ᠵᠠᠰᠠᠭ᠎ᠤᠨ ᠠᠵᠢᠯ᠎ᠤᠨ ᠪᠦᠲᠦᠮᠵᠢ ᠭᠠᠷᠭᠠᠵᠤ᠂ ᠪᠣᠳᠠᠲᠠᠶ ᠠᠵᠢᠯᠯᠠᠬᠤ ᠪᠡᠷ ᠵᠠᠰᠠᠭ᠎ᠤᠨ ᠠᠵᠢᠯ᠎ᠤᠨ ᠪᠦᠲᠦᠮᠵᠢ ᠭᠠᠷᠭᠠᠬᠤ ᠪᠣᠳᠠᠲᠤ ᠦᠷ᠎ᠡ ᠪᠦᠲᠦᠮᠵᠢ᠎ᠪᠡᠷ ᠠᠷᠠᠳ᠎ᠤᠨ ᠢᠲᠡᠭᠡᠯ᠎ᠢ ᠤᠯᠬᠤ ᠬᠡᠷᠡᠭ᠌ᠲᠡᠶ᠃ ᠰᠤᠷᠤᠯᠴᠠᠬᠤ ᠪᠠᠢᠴᠠᠭᠠᠬᠤ ᠰᠠᠢᠵᠢᠷᠠᠭᠤᠯᠬᠤ ᠵᠢ ᠨᠢᠭᠡ ᠴᠤᠭᠴᠠᠵᠢᠭᠤᠯᠤᠨ ᠠᠬᠢᠭᠤᠯᠬᠤ ᠪᠠ ᠲᠦᠷᠢᠮ ᠲᠣᠭ᠍ᠲᠠᠭᠠᠯ ᠲᠣᠭ᠍ᠲᠠᠭᠠᠬᠤ ᠡᠯ᠎ᠡ ᠵᠦᠢᠯ᠎ᠦᠨ ᠡᠭᠦᠷᠭᠡ᠎ᠶ᠋ᠢ ᠪᠣᠳᠠᠲᠠᠢ ᠠᠳᠭᠤᠨ ᠨᠠᠷᠢᠯᠢᠭ ᠠᠳᠭᠤᠵᠤ᠂ ᠰᠤᠷᠤᠯᠴᠠᠵᠥ᠍ ᠰᠤᠳᠤᠯᠤᠨ ᠶᠠᠷᠢᠯᠴᠠᠬᠤ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ 《ᠭᠤᠷᠪᠠ᠎ᠶ᠋ᠢ ᠬᠠᠷᠭᠤᠭᠤᠯᠬᠤ》 ᠱᠠᠭᠠᠷᠳᠠᠯᠭ᠎ᠠ ᠶᠣᠰᠣᠭᠠᠷ ᠲᠤᠪᠤᠢ᠌ᠮ᠎ᠠ ᠠᠰᠠᠭᠤᠳᠠᠯ᠎ᠢ ᠭᠦᠨᠵᠡᠭᠡᠢ ᠪᠠᠢᠴᠠᠭᠠᠨ ᠡᠷᠢᠵᠦ᠍᠂ ᠪᠠᠢᠴᠠᠭᠠᠬᠤ᠎ᠶ᠋ᠢᠨ ᠳᠠᠭᠠᠤ ᠰᠠᠢᠵᠢᠷᠠᠭᠤᠯᠵᠤ᠂ ᠳᠠᠷᠤᠢ ᠎ᠳᠦᠨᠢ  ᠬᠡᠷᠡᠭ᠌ᠵᠢᠭᠦᠯᠵᠦ᠍ ᠳᠠᠷᠤᠢ ᠎ᠳᠦᠨᠢ ᠰᠠᠢᠵᠢᠷᠠᠭᠤᠯᠵᠤ᠂ ᠦᠨᠡᠨ ᠬᠦ᠌ ᠰᠠᠢᠵᠢᠷᠠᠭᠤᠯᠵᠤ ᠪᠣᠳᠠᠲᠠᠢ ᠰᠠᠢᠵᠢᠷᠠᠭᠤᠯᠵᠤ᠂ ᠱᠢᠨ᠎ᠡ ᠳᠠᠷᠤᠭ᠎ᠠ ᠬᠠᠭᠤᠴᠢᠨ ᠲᠠᠩᠰᠠ ᠎ᠶ᠋ᠢ ᠬᠠᠮᠢᠶᠠᠷᠬᠤ ᠦᠭᠡᠢ ᠪᠠᠢᠬᠤ᠂ ᠵᠠᠰᠠᠭ᠎ᠤᠨ ᠣᠷᠳᠣᠨ᠎ᠤ ᠪᠡᠯᠡ ᠣᠷᠣᠭᠤᠯᠤᠯᠲᠠ᠎ᠶ᠋ᠢᠨ ᠲᠦᠷᠦᠯ ᠵᠦᠢᠯ ᠳᠤᠲᠠᠭᠤ ᠲᠤᠷᠭᠤᠨ ᠬᠠᠶᠠᠬᠳᠠᠵᠤ ᠰᠤᠯᠠ ᠲᠠᠯᠪᠢᠭᠳᠠᠵᠤ ᠪᠠᠢᠬᠤ ᠵᠡᠷᠭᠡ ᠲᠤᠪᠤᠢ᠌ᠮ᠎ᠠ ᠠᠰᠠᠭᠤᠳᠠᠯ᠎ᠢ ᠲᠥᠪᠯᠡᠷᠡᠭᠦᠯᠦᠨ ᠴᠡᠭ᠌ᠴᠡᠯᠡᠨ ᠵᠠᠰᠠᠬᠤ᠎ᠶ᠋ᠢ ᠰᠠᠢᠲᠤᠷ ᠠᠳᠭᠤᠵᠤ᠂ ᠬᠠᠨᠳᠤᠯᠭᠠᠲᠤ ᠴᠢᠨᠠᠷᠲᠠᠢ᠎ᠪᠠᠷ ᠲᠦᠷᠢᠮ᠎ᠢ ᠲᠡᠭᠦᠯᠳᠡᠷᠵᠢᠭᠦᠯᠵᠦ᠍᠂ ᠶᠣᠰᠣ ᠲᠦᠷᠢᠮ᠎ᠢ ᠰᠠᠢᠲᠤᠷ ᠲᠣᠭ᠍ᠲᠠᠭᠠᠵᠤ᠂ ᠡᠭᠦᠳᠡ᠎ᠪᠡᠨ ᠨᠡᠭᠡᠭᠡᠵᠤ  ᠬᠥᠮᠦᠵᠢᠯ ᠬᠢᠬᠦ ᠱᠠᠭᠠᠷᠳᠠᠯᠭ᠎ᠠ᠎ᠶ᠋ᠢ ᠰᠠᠢᠲᠤᠷ ᠨᠠᠢᠳᠠᠪᠤᠷᠢᠵᠢᠭᠤᠯᠵᠤ᠂ ᠰᠤᠷᠤᠯᠴᠠᠯᠭ᠎ᠠ ᠬᠥᠮᠦᠵᠢᠯ᠎ᠢ ᠪᠦᠬᠦ᠌ ᠬᠦᠴᠦ᠍᠎ᠪᠡᠷ᠎ᠢᠶᠡᠨ ᠪᠣᠳᠠᠲᠤ ᠦᠷ᠎ᠡ ᠪᠦᠲᠦᠮᠵᠢ ᠭᠠᠷᠭᠠᠨ ᠠᠳᠬᠤᠬᠤ ᠬᠡᠷᠡᠭ᠌ᠲᠡᠢ᠃  ᠰᠤᠷᠤᠯᠴᠠᠯᠭ᠎ᠠ ᠬᠥᠮᠦᠵᠢᠯ ᠪᠣᠯᠤᠨ ᠭᠣᠣᠯ ᠠᠵᠢᠯ᠎ᠢ ᠨᠢᠭᠡᠳᠦᠯᠲᠡᠢ ᠲᠥᠯᠥᠪᠵᠢᠭᠦᠯᠵᠦ᠍᠂ ᠨᠡᠩ ᠤᠬᠠᠮᠰᠠᠷ᠎ᠡᠴᠡ᠎ᠪᠠᠨ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠲᠤᠭᠤᠱᠢᠯᠠᠭᠤᠯᠵᠤ᠂ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠴᠢᠳᠠᠪᠤᠷᠢ ᠪᠠ ᠲᠦᠪᠱᠢᠨ᠎ᠢᠶᠡᠨ ᠳᠡᠭᠡᠭ᠌ᠰᠢᠯᠡᠭᠦᠯᠬᠦ᠌ ᠬᠡᠷᠡᠭ᠌ᠲᠡᠢ᠃ ᠰᠡᠳᠭᠢᠯ ᠲᠠᠯᠪᠢᠨ ᠦᠨᠡᠨ ᠰᠡᠳᠭᠢᠯ ᠡᠴᠡ ᠪᠡᠨ ᠣᠯᠠᠨ ᠲᠦᠮᠡᠨ᠎ᠳᠦ ᠰᠠᠢᠨ ᠶᠠᠪᠤᠳᠠᠯ ᠪᠣᠳᠠᠲᠤ ᠶᠠᠪᠤᠳᠠᠯ ᠬᠢᠵᠦ᠍ ᠦᠭᠴᠤ᠂ 《ᠠᠷᠠᠳ᠎ᠤᠨ ᠠᠮᠢᠳᠤᠷᠠᠯ᠎ᠤᠨ ᠠᠷᠪᠠᠨ ᠶᠡᠬᠡ ᠢᠨᠵᠧᠨᠧᠷᠢᠩ》 ᠢ᠋ ᠰᠠᠢᠲᠤᠷ ᠵᠣᠬᠢᠶᠠᠨ ᠪᠠᠢᠭᠤᠯᠤᠨ ᠬᠡᠷᠡᠭ᠌ᠵᠢᠭᠦᠯᠵᠦ᠍᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠠᠬᠢᠭᠤᠯᠬᠤ ᠬᠠᠤᠯᠢ ᠎ᠶ᠋ᠢ ᠭᠦᠨᠵᠡᠭᠡᠶ ᠲᠤᠭᠤᠰᠢᠯᠠᠭᠤᠯᠵᠤ᠂ ᠦᠨᠳᠦᠰᠦᠲᠡᠨ᠎ᠨᠦᠭᠦᠳ᠎ᠦᠨ ᠬᠠᠮᠲᠤ᠎ᠪᠠᠷ ᠪᠠᠶᠠᠵᠢᠬᠤ᠂ ᠨᠡᠢᠭᠡᠮ ᠵᠢᠷᠤᠮ ᠎ᠤᠨ ᠣᠳᠣᠬᠢᠴᠢᠯᠠᠯᠲᠠ ᠲᠡᠢᠰᠢ ᠬᠠᠮᠲᠤ᠎ᠪᠠᠷ ᠤᠷᠤᠭ᠍ᠰᠢᠯᠠᠬᠤ᠎ᠶ᠋ᠢ  ᠠᠬᠢᠭᠤᠯᠬᠤ ᠬᠡᠷᠡᠭᠲᠡᠢ᠃ ᠨᠠᠩ ᠴᠢᠩᠭ᠎ᠠ ᠲᠦᠷᠢᠮ ᠲᠣᠭ᠍ᠲᠠᠭᠠᠯ ᠰᠠᠬᠢᠯᠭ᠎ᠠ ᠪᠠᠲᠤ ᠬᠠᠤᠯᠢ ᠴᠠᠭᠠᠵᠠ ᠶᠣᠰᠣᠭᠠᠷ ᠲᠤᠱᠢᠶᠠᠯ᠎ᠢᠶᠠᠨ ᠭᠦᠶ᠋ᠴᠡᠳᠭᠡᠨ ᠡᠷᠬᠡ᠎ᠪᠡᠨ ᠬᠡᠷᠡᠭ᠌ᠯᠡᠵᠦ᠍᠂ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ ᠲᠣᠭ᠍ᠲᠠᠴᠠ᠎ᠶ᠋ᠢ ᠱᠢᠯᠢᠳᠡᠭ᠌ᠵᠢᠭᠦᠯᠦᠨ᠂ ᠪᠠᠯᠠ ᠮᠥᠩᠭᠥ᠎ᠶ᠋ᠢᠨ ᠬᠡᠷᠡᠭ᠌ᠯᠡᠯᠲᠡ᠎ᠶ᠋ᠢ ᠵᠢᠷᠤᠮᠵᠢᠭᠤᠯᠬᠤ ᠬᠡᠷᠡᠭᠲᠡᠢ᠃ ᠬᠥᠭ᠌ᠵᠢᠯᠲᠡ ᠪᠠ ᠠᠮᠤᠷ ᠲᠦᠪᠱᠢᠨ᠎ᠢ ᠨᠠᠩ ᠬᠦᠴᠦᠲᠡᠶ ᠨᠢᠭᠡᠳᠦᠯᠲᠡᠶ ᠲᠥᠯᠥᠪᠵᠢᠭᠦᠯᠵᠦ᠍᠂ ᠠᠶᠤᠯᠭᠦᠶ ᠦᠶ᠋ᠯᠡᠳᠪᠦᠷᠢᠯᠡᠯ᠎ᠦᠨ ᠬᠡᠮ ᠰᠣᠭᠣᠭ᠎ᠢ ᠵᠢᠭ᠍ᠰᠠᠭᠠᠨ ᠪᠠᠢᠴᠠᠭᠠᠵᠤ ᠴᠡᠭ᠌ᠴᠡᠯᠡᠨ ᠵᠠᠰᠠᠬᠤ᠎ᠶ᠋ᠢ ᠴᠠᠭ ᠢᠮᠠᠭ᠍ᠲᠠ ᠰᠤᠯᠠᠷᠠᠭᠤᠯᠤᠯ ᠥᠬᠡᠶ ᠰᠠᠢᠲᠤᠷ ᠠᠳᠭᠤᠬᠤ ᠬᠡᠷᠡᠭ᠌ᠲᠡᠶ᠃ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠨᠡᠩ ᠪᠦᠲᠦᠮᠵᠢᠲᠡᠢ ᠠᠬᠢᠭᠤᠯᠵᠤ᠂ ᠤᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠢᠷᠡᠯ᠎ᠦᠨ ᠠᠰᠠᠭᠤᠳᠠᠯ ᠎ᠢ ᠲᠥᠪᠯᠡᠷᠡᠭᠦᠯᠦᠨ ᠴᠡᠭ᠌ᠴᠡᠯᠡᠨ ᠵᠠᠰᠠᠬᠤ ᠪᠣᠭᠣᠮᠲᠠ ᠱᠢᠪᠲᠤᠯᠬᠤ ᠱᠢᠢᠳᠪᠦᠷᠢᠲᠦ ᠳᠠᠢᠯᠠᠯᠳᠤᠭᠠᠨ ᠬᠢᠬᠦ᠌᠎ᠶ᠋ᠢ ᠪᠦᠬᠦ᠌ ᠬᠦᠴᠦᠨ᠎ᠢᠶᠡᠷ᠎ᠢᠶᠡᠨ ᠠᠬᠢᠭᠤᠯᠵᠤ᠂ ᠰᠤᠷᠲᠠᠯ᠎ᠢ ᠴᠡᠭ᠌ᠴᠡᠯᠡᠨ ᠰᠠᠬᠢᠯᠭ᠎ᠠ ᠪᠠᠲᠤ᠎ᠶ᠋ᠢ ᠴᠢᠩᠳᠠᠯᠠᠵᠤ ᠢᠯᠵᠢᠷᠡᠯ᠎ᠢ ᠡᠰᠡᠷᠭᠦᠴᠡᠬᠦ᠌ ᠰᠦᠷ ᠬᠦᠴᠦᠲᠦ ᠪᠠᠢᠳᠠᠯ᠎ᠢ ᠢᠮᠠᠭ᠍ᠲᠠ ᠪᠠᠲᠤᠯᠠᠵᠤ᠂ ᠰᠠᠢ᠌ᠨ ᠰᠠᠢᠬᠠᠨ ᠤᠯᠤᠰ ᠲᠦᠷᠦ᠍᠎ᠶ᠋ᠢᠨ ᠠᠮᠢ ᠠᠬᠤᠢ᠎ᠶ᠋ᠢ ᠴᠡᠪᠡᠷᠱᠢᠭᠦᠯᠦᠨ ᠪᠤᠢ ᠪᠣᠯᠭᠠᠬᠤ ᠬᠡᠷᠡᠭ᠌ᠲᠡᠢ ᠭᠡᠵᠦ ᠵᠢᠭᠠᠵᠤ ᠭᠠᠷᠭᠠᠪᠠ᠃

ᠸᠠᠩ ᠸᠧᠢ ᠵᠦᠩ᠂ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ᠌ ᠪᠣᠯ ᠨᠢᠭᠡ ᠵᠦᠢᠯ᠎ᠦᠨ ᠲᠥᠪ ᠴᠢᠩᠭ᠎ᠠ ᠤᠯᠤᠰ ᠲᠦᠷᠦ᠍᠎ᠶ᠋ᠢᠨ ᠡᠭᠦᠷᠭᠡ ᠮᠥᠨ᠂ ᠡᠯ᠎ᠡ ᠱᠠᠲᠤᠨ᠎ᠤ ᠨᠠᠮ᠎ᠤᠨ ᠬᠣᠷᠢᠢ᠎ᠠ  (ᠨᠠᠮ ᠎ᠤᠨ ᠤᠳᠤᠷᠢᠳᠭᠤ ᠳᠤᠭᠤᠢᠯᠠᠩ) ᠤᠬᠠᠮᠰᠠᠷ᠎ᠡᠴᠡ᠎ᠪᠠᠨ ᠭᠣᠣᠯ ᠴᠣᠭ᠍ᠴᠠ᠎ᠶ᠋ᠢᠨ ᠬᠠᠷᠢᠭᠤᠴᠠᠯᠭ᠎ᠠ ᠎ᠵᠢ ᠡᠭᠦᠷᠭᠡᠯᠡᠵᠦ᠍᠂ ᠭᠣᠣᠯ ᠬᠠᠷᠢᠭᠤᠴᠠᠯᠭᠠᠲᠠᠨ ᠨᠦᠬᠦᠳ ᠨᠢᠭᠡᠳᠦᠭᠡᠷ ᠬᠠᠷᠢᠭᠤᠴᠠᠯᠭᠠᠲᠠᠨ ᠎ᠤ ᠲᠤᠱᠢᠶᠠᠯ ᠬᠠᠷᠢᠭᠤᠴᠠᠯᠭ᠎ᠠ᠎ᠪᠠᠨ ᠰᠠᠢᠲᠤᠷ ᠭᠦᠢᠴᠡᠳᠭᠡᠵᠦ᠍᠂ ᠤᠳᠤᠷᠢᠳᠭᠤ ᠪᠠᠭ᠎ᠤᠨ ᠪᠦᠷᠢᠯᠳᠦᠬᠦᠨ 《ᠨᠢᠭᠡ ᠠᠵᠢᠯ᠎ᠤᠨ ᠪᠠᠢᠷᠢ᠎ᠳᠤ ᠬᠣᠣᠰ ᠬᠠᠷᠢᠭᠤᠴᠠᠯᠭ᠎ᠠ ᠡᠭᠦᠷᠭᠡᠯᠡᠬᠦ》 ᠵᠢ ᠰᠠᠢᠲᠤᠷ ᠨᠠᠢᠳᠠᠪᠤᠷᠢᠵᠢᠭᠤᠯᠬᠤ ᠬᠡᠷᠡᠭ᠌ᠲᠡᠢ᠃ ᠰᠤᠷᠤᠯᠴᠠᠯᠭ᠎ᠠ ᠬᠥᠮᠦᠵᠢᠯ᠎ᠦᠨ ᠠᠵᠢᠯ᠎ᠤᠨ ᠲᠤᠰᠭᠠᠶ ᠠᠩᠭᠢ ᠨᠢᠭᠡᠳᠦᠯᠲᠡᠶ ᠲᠥᠯᠥᠪᠵᠢᠭᠦᠯᠬᠦ᠌᠎ᠪᠡᠨ ᠴᠢᠩᠭᠠᠳᠭᠠᠵᠤ᠂ ᠵᠢᠯᠣᠭᠣᠳᠣᠯᠭ᠎ᠠ᠎ᠪᠠᠨ ᠴᠢᠩᠭᠠᠳᠭᠠᠨ᠂ ᠡᠭᠦᠷᠭᠡ᠎ᠶ᠋ᠢ ᠨᠠᠷᠢᠯᠢᠭ ᠪᠣᠳᠠᠲᠠᠶ ᠨᠠᠢᠳᠠᠪᠤᠷᠢᠵᠢᠭᠤᠯᠬᠤ᠎ᠶ᠋ᠢ ᠠᠬᠢᠭᠤᠯᠬᠤ ᠬᠡᠷᠡᠭ᠌ᠲᠡᠶ᠃ ᠡᠯ᠎ᠡ ᠱᠠᠯᠠᠪᠳᠠᠭᠤᠯᠤᠨ ᠵᠢᠯᠣᠭᠣᠳᠭᠤ ᠳᠤᠭᠤᠢᠯᠠᠩ ᠱᠠᠯᠠᠪᠳᠠᠭᠤᠯᠤᠨ ᠵᠢᠯᠣᠭᠣᠳᠭᠤ ᠶᠠᠰᠤ ᠴᠢᠨᠠᠷ ᠦᠷ᠎ᠡ ᠪᠦᠲᠦᠮᠵᠢ᠎ᠪᠡᠨ ᠳᠡᠭᠡᠭ᠌ᠰᠢᠯᠡᠭᠦᠯᠵᠦ᠍᠂ ᠱᠠᠯᠠᠪᠳᠠᠭᠤᠯᠤᠨ ᠵᠢᠯᠤᠭᠤᠳᠤᠭᠤᠯᠬᠤ ᠡᠲᠡᠭᠡᠳ᠎ᠯᠦᠭᠡ ᠨᠢᠬᠡ ᠰᠡᠳᠦᠪ᠎ᠢ ᠬᠠᠮᠲᠤ᠎ᠪᠠᠷ ᠬᠠᠷᠢᠭᠤᠯᠵᠤ᠂ ᠠᠰᠠᠭᠤᠳᠠᠯ᠎ᠢ ᠪᠦᠲᠦᠮᠵᠢᠲᠡᠶ ᠱᠢᠶ᠋ᠳᠪᠦᠷᠢᠯᠡᠬᠦ᠌᠎ᠶ᠋ᠢ ᠠᠬᠢᠭᠤᠯᠬᠤ ᠬᠡᠷᠡᠭ᠌ᠲᠡᠶ᠃ ᠨᠡᠢᠲᠡᠯᠢᠭ ᠵᠢᠱ᠌ᠢᠢ᠎ᠡ᠎ᠶ᠋ᠢ ᠠᠳᠭᠤᠬᠤ ᠠᠰᠠᠭᠤᠳᠠᠯ ᠶᠠᠭ ᠡᠬᠦᠰᠴᠤ ᠪᠠᠢᠭ᠎ᠠ ᠦᠶ᠎ᠠ ᠳ᠋ᠤᠨᠢ ᠢᠯᠡᠷᠡᠬᠦᠯᠬᠦ᠎ᠵᠢ ᠠᠳᠬᠤᠬᠤ ᠵᠠᠷᠯᠠᠨ ᠨᠡᠢᠲᠡᠯᠡᠬᠦ ᠵᠢ ᠠᠳᠭᠤᠬᠤ᠎ᠶ᠋ᠢ ᠪᠠᠷᠢᠮᠲᠠᠯᠠᠵᠤ᠂ ᠬᠦᠨᠳᠦ ᠨᠣᠴᠢᠲᠠᠢ ᠠᠰᠠᠭᠤᠳᠠᠯ ᠣᠷᠣᠱᠢᠵᠤ ᠪᠠᠢᠪᠠᠯ ᠴᠢᠩᠭ᠎ᠠ ᠬᠠᠷᠢᠭᠤᠴᠠᠯᠭ᠎ᠠ ᠨᠡᠬᠡᠮᠵᠢᠯᠡᠵᠦ᠍ ᠬᠠᠷᠢᠭᠤᠴᠠᠯᠭ᠎ᠠ ᠲᠤᠯᠭᠠᠬᠤ ᠬᠡᠷᠡᠭ᠌ᠲᠡᠢ ᠭᠡᠵᠦ ᠴᠢᠬᠤᠯᠠᠴᠢᠯᠠᠪᠠ᠃

ᠢᠦᠢ ᠯᠢ ᠱᠢᠨ ᠣᠷᠣᠯᠴᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号