ᠦᠬᠡᠷ ᠲᠠᠢ ᠤᠢᠷᠠᠳᠤᠬᠤ ᠴᠢᠬᠤᠯᠠ ᠦᠭᠡᠢ᠂ 《ᠡᠬᠡᠮᠦᠭ》 ᠵᠡᠭᠦᠯᠭᠡᠬᠦ ᠴᠢᠬᠤᠯᠠ ᠦᠭᠡᠢ᠂ ᠵᠦᠪᠬᠡᠨ ᠭᠠᠷ ᠤᠳᠠᠰᠤ ᠪᠡᠷ ᠶ᠋ᠢᠡᠨ ᠠᠳᠠᠯᠢ ᠪᠤᠰᠤ ᠬᠠᠷᠠᠭᠠᠰᠤ ᠡᠴᠡ ᠬᠡᠳᠤᠨ ᠵᠢᠷᠤᠭ ᠲᠦᠷᠰᠤ ᠠᠪᠤᠭᠰᠠᠭᠠᠷ ᠬᠡᠳᠦᠨ ᠠᠷᠪᠠᠨ ᠰᠸᠺᠦ᠋ᠨ᠋ᠳ᠋ ᠤ᠋ᠨ ᠳᠤᠲᠤᠷ᠎ᠡ ᠦᠬᠡᠷ ᠤ᠋ᠨ ᠤᠳᠤᠮ ᠢᠷᠡᠯ ᠢ᠋ ᠨᠢ ᠬᠢᠨᠠᠨ ᠬᠠᠷᠭᠤᠭᠤᠯᠵᠤ᠂ ᠮᠡᠳᠡᠭᠡ ᠵᠠᠡᠭᠬᠢ ᠵᠢ ᠨᠢ ᠳᠠᠡᠭᠰᠠᠯᠠᠵᠤ ᠳᠡᠢᠯᠬᠦ ᠪᠤᠯᠵᠠᠢ᠃ ᠦᠪᠦᠷ ᠮᠤᠡᠭᠭᠤᠯ ᠤ᠋ᠨ ᠠᠵᠤ ᠦᠢᠯᠡᠳᠪᠦᠷᠢ ᠶ᠋ᠢᠨ ᠶᠡᠬᠡ ᠰᠤᠷᠭᠠᠭᠤᠯᠢ ᠶ᠋ᠢᠨ ᠴᠢ ᠶᠦᠡᠭ ᠱᠸᠡᠭ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠤ᠋ᠨ ᠰᠤᠳᠤᠯᠤᠨ ᠨᠡᠬᠡᠭᠡᠭᠰᠡᠨ ᠦᠬᠡᠷ ᠤ᠋ᠨ ᠦᠡᠭᠭᠡ ᠵᠢᠰᠤᠮ ᠢ᠋ ᠰᠢᠷᠪᠢᠵᠤ ᠤᠳᠤᠮ ᠢᠷᠡᠯ ᠢ᠋ ᠲᠤᠳᠤᠯᠠᠬᠤ AI ᠮᠡᠷᠭᠡᠵᠢᠯ ᠠᠰᠢᠬᠯᠠᠯᠳᠠ ᠳ᠋ᠤ ᠤᠷᠤᠵᠤ᠂ ᠬᠡᠪ ᠤ᠋ᠨ ᠪᠠᠢᠳᠠᠯ ᠳᠤᠤᠷᠠᠬᠢ ᠦᠬᠡᠷ ᠤ᠋ᠨ ᠦᠡᠭᠭᠡ ᠵᠢᠰᠤᠮ ᠢ᠋ ᠢᠯᠭᠠᠨ ᠲᠠᠨᠢᠬᠤ ᠤᠨᠤᠪᠴᠢ ᠶ᠋ᠢᠨ ᠨᠣᠷᠮ᠎ᠠ ᠨᠢ 95% ᠵᠢ ᠲᠠᠪᠠᠵᠤ᠂ ᠮᠠᠯ ᠠᠵᠤ ᠠᠬᠤᠢ ᠵᠢᠨ ᠲᠤᠭᠠᠴᠢᠯᠠᠭᠰᠠᠨ ᠬᠦᠭᠵᠢᠯᠳᠡ ᠳ᠋ᠤ ᠬᠦᠴᠦᠳᠤ ᠡᠨ᠋ᠸᠷᠬᠢ ᠨᠡᠮᠡᠷᠢᠯᠡᠪᠡ᠃
ᠤᠢᠷ᠎ᠠ ᠵᠢᠨ ᠵᠢᠯ ᠳ᠋ᠤ ᠮᠠᠨ ᠤ᠋ ᠤᠷᠤᠨ ᠪᠤᠳᠠ ᠪᠤᠭ ᠮᠠᠯ ᠤ᠋ᠨ ᠴᠢᠬᠢᠨ ᠳ᠋ᠤ 《ᠡᠬᠡᠮᠦᠭ》 ᠵᠡᠬᠦᠯᠬᠡᠨ ᠤᠳᠤᠮ ᠢᠷᠡᠯ ᠢ᠋ ᠨᠢ ᠬᠢᠨᠠᠨ ᠬᠠᠷᠭᠤᠭᠤᠯᠬᠤ᠂ ᠬᠤᠯᠪᠤᠭᠳᠠᠯ ᠪᠦᠬᠦᠢ ᠮᠡᠳᠡᠬᠡ ᠵᠠᠩᠬᠢ ᠵᠢ ᠲᠡᠮᠳᠡᠭᠯᠡᠬᠦ ᠪᠠ ᠪᠦᠬᠦ ᠦᠶᠡᠯᠡᠯ ᠤ᠋ᠨ ᠬᠤᠭᠤᠴᠠᠭᠠᠨ ᠤ᠋ ᠦᠷᠡᠵᠢᠯᠳᠡ ᠪᠤᠢᠵᠢᠯᠳᠠ ᠵᠢ ᠨᠢ ᠮᠦᠷᠳᠡᠬᠦ ᠪᠡᠷ ᠲᠠᠮᠵᠢᠨ ᠮᠠᠯ ᠠᠵᠤ ᠠᠬᠤᠢ ᠵᠢᠨ ᠲᠤᠭᠠᠴᠢᠯᠠᠭᠰᠠᠨ ᠤᠶᠤᠨᠴᠢᠯᠠᠭᠰᠠᠨ ᠬᠦᠭᠵᠢᠯᠳᠡ ᠵᠢ ᠠᠬᠢᠭᠤᠯᠵᠤ ᠪᠠᠢᠨ᠎ᠠ᠃ ᠬᠡᠪᠡᠴᠦ 《ᠡᠬᠡᠮᠦᠭ》 ᠵᠡᠬᠦᠯᠬᠡᠬᠦ ᠵᠠᠭᠪᠤᠷ ᠨᠢ ᠦᠪᠡᠷ ᠤ᠋ᠨ ᠦᠷᠳᠡᠭ ᠵᠢᠡᠷ ᠦᠨᠳᠦᠷ᠂ ᠭᠡᠭᠡᠭᠳᠡᠵᠦ ᠤᠷᠬᠢᠭᠳᠠᠬᠤ ᠪᠤᠯᠤᠮᠵᠢ ᠪᠡᠷ ᠶᠡᠬᠡ ᠮᠦᠷᠲᠡᠭᠡᠨ ᠪᠠᠰᠠ ᠬᠡᠮ ᠬᠢᠵᠢᠭ ᠲᠦ᠍ ᠬᠠᠯᠳᠠᠪᠤᠷᠢᠯᠠᠭᠳᠠᠵᠤ ᠮᠡᠳᠡᠬᠦ ᠵᠡᠷᠬᠡ ᠠᠮᠤᠷ ᠲᠦᠪᠰᠢᠨ ᠤ᠋ ᠬᠡᠮ ᠰᠤᠭᠤᠭ ᠲᠠᠢ ᠶᠤᠮ᠃ ᠴᠢ ᠶᠦᠡᠭ ᠱᠸᠡᠭ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠤ᠋ᠨ ᠬᠢᠨ ᠮᠠᠨ ᠤ᠋ ᠤᠷᠤᠨ ᠤ᠋ ᠮᠠᠯ ᠠᠵᠤ ᠠᠬᠤᠢ ᠶ᠋ᠢᠨ ᠬᠦᠭᠵᠢᠯᠲᠡ ᠶ᠋ᠢᠨ ᠪᠤᠳᠠᠳᠤ ᠪᠠᠢᠳᠠᠯ ᠳ᠋ᠦ ᠰᠠᠭᠤᠷᠢᠯᠠᠨ᠂ 2019 ᠤᠨ ᠳ᠋ᠦ ᠦᠬᠡᠷ ᠤ᠋ᠨ ᠦᠡᠭᠭᠡ ᠵᠢᠰᠤᠮ ᠢ᠋ ᠰᠢᠷᠪᠢᠵᠦ ᠤᠳᠤᠮ ᠢᠷᠡᠯ ᠢ᠋ ᠲᠤᠳᠤᠯᠠᠬᠤ ᠰᠤᠳᠤᠯᠭᠠᠨ ᠤ᠋ ᠲᠦᠷᠦᠯ ᠵᠦᠢᠯ ᠢ᠋ ᠡᠬᠢᠯᠡᠭᠦᠯᠵᠦ᠂ AI ᠮᠡᠷᠭᠡᠵᠢᠯ ᠵᠢᠡᠷ ᠡᠨᠡ ᠬᠦ᠌ ᠲᠤᠳᠠᠭᠤᠳᠠᠯ ᠢ᠋ ᠨᠦᠬᠦᠪᠤᠷᠢᠯᠡᠬᠦ ᠵᠢ ᠵᠤᠷᠢᠵᠠᠢ᠃ ᠲᠤᠬᠠᠢ ᠵᠢᠨ ᠦᠶ᠎ᠠ ᠳ᠋ᠤ ᠪᠦᠬᠦ ᠤᠯᠤᠰ ᠲᠦ᠍ ᠲᠤᠯᠢᠳᠠᠵᠤ ᠪᠤᠯᠤᠮᠠᠷ ᠡᠢᠮᠤᠷᠬᠦᠤ ᠮᠡᠷᠬᠡᠵᠢᠯ ᠬᠠᠷᠠᠬᠠᠨ ᠦᠬᠡᠢ ᠪᠠᠢᠯ᠎ᠠ᠃ ᠲᠡᠳᠡ ᠬᠡᠳᠤᠨ ᠵᠢᠯ ᠤ᠋ᠨ ᠰᠤᠳᠤᠯᠭᠠᠨ ᠪᠠ ᠮᠡᠷᠭᠡᠵᠢᠯ ᠤ᠋ᠨ ᠪᠣᠭᠣᠮᠲᠠ ᠱᠢᠪᠲᠤᠯᠤᠯᠲᠠ ᠪᠡᠷ ᠳᠠᠮᠵᠢᠨ 《ᠨᠡᠢᠳᠡᠮ ᠤ᠋ᠨ ᠬᠡᠷᠡᠭᠯᠡᠭᠡᠨ ᠤ᠋ ᠲᠣᠮᠣ ᠵᠠᠭ᠍ᠪᠤᠷ ᠲᠦ᠍ ᠲᠤᠬᠢᠷᠠᠭᠤᠯᠤᠯᠲᠠ ᠬᠢᠬᠦ + ᠪᠡᠶ᠎ᠡ ᠪᠠᠨ ᠳᠠᠭᠠᠭᠠᠵᠤ ᠰᠤᠳᠤᠯᠤᠭᠰᠠᠨ ᠨᠠᠷᠢᠯᠢᠭ ᠬᠠᠷᠭᠤᠭᠤᠯᠬᠤ ᠵᠢᠵᠢᠭ ᠵᠠᠭ᠍ᠪᠤᠷ》 ᠪᠤᠯᠤᠨ 《ᠭᠠᠷ ᠤᠳᠠᠰᠤ ᠪᠡᠷ ᠲᠠᠮᠵᠢᠭᠤᠯᠬᠤ + ᠡᠬᠦᠯᠡᠨ ᠲᠠᠪᠴᠠᠩ ᠳ᠋ᠤ ᠪᠤᠳᠤᠬᠤ》 ᠵᠢ ᠤᠶᠠᠯᠳᠤᠭᠤᠯᠤᠭᠰᠠᠨ ᠦᠬᠡᠷ ᠤ᠋ᠨ ᠦᠡᠭᠭᠡ ᠵᠢᠰᠤᠮ ᠢ᠋ ᠰᠢᠷᠪᠢᠵᠤ ᠤᠳᠤᠮ ᠢᠷᠡᠯ ᠢ᠋ ᠲᠤᠳᠤᠯᠠᠬᠤ AI ᠮᠡᠷᠭᠡᠵᠢᠯ ᠢ᠋ ᠰᠤᠳᠤᠯᠤᠨ ᠨᠡᠬᠡᠬᠡᠵᠤ᠂ 《ᠦᠰᠬᠦ ᠮᠠᠯ ᠤ᠋ᠨ ᠵᠢᠰᠤ ᠨᠢ ᠨᠢᠬᠡ》 ᠪᠤᠯᠬᠤᠷ ᠢᠯᠭᠠᠨ ᠲᠠᠨᠢᠬᠤ ᠳ᠋ᠤ ᠬᠦᠴᠢᠷᠳᠠᠢ᠂ ᠲᠡᠬᠦᠨᠴᠢᠯᠡᠨ ᠲᠡᠵᠢᠭᠡᠨ ᠦᠷᠡᠵᠢᠭᠦᠯᠬᠦ᠌ ᠣᠷᠴᠢᠨ ᠨᠦᠬᠦᠴᠡᠯ ᠨᠢ ᠪᠤᠳᠤᠯᠢᠶᠠᠨᠲᠠᠶ ᠮᠡᠳᠤ ᠵᠢᠨ ᠰᠢᠷᠪᠢᠵᠤ ᠲᠤᠳᠤᠯᠠᠬᠤ ᠮᠡᠷᠬᠡᠵᠢᠯ ᠳ᠋ᠤ ᠲᠤᠯᠭᠠᠷᠠᠭᠰᠠᠨ ᠠᠰᠠᠭᠤᠳᠠᠯ ᠢ᠋ ᠨᠢᠬᠡᠳ ᠨᠢᠬᠡ ᠪᠡᠷ ᠰᠢᠢᠳᠪᠤᠷᠢᠯᠡᠵᠤ᠂ ᠤᠳᠤ ᠬᠡᠪ ᠤ᠋ᠨ ᠪᠠᠢᠳᠠᠯ ᠳᠤᠤᠷᠠᠬᠢ ᠦᠬᠡᠷ ᠤ᠋ᠨ ᠦᠡᠭᠭᠡ ᠵᠢᠰᠤᠮ ᠢ᠋ ᠢᠯᠭᠠᠨ ᠲᠠᠨᠢᠬᠤ ᠤᠨᠤᠪᠴᠢ ᠶ᠋ᠢᠨ ᠨᠣᠷᠮ᠎ᠠ ᠵᠢ 95% ᠡᠴᠡ ᠲᠠᠬᠡᠭᠰᠢ ᠳ᠋ᠤ ᠬᠦᠷᠬᠡᠪᠡ᠃
《ᠤᠳᠤᠬᠠᠨ ᠳ᠋ᠤ ᠲᠤᠰ ᠮᠡᠷᠬᠡᠵᠢᠯ ᠢ᠋ ᠭᠤᠤᠯᠳᠠᠭᠤ ᠦᠬᠡᠷ ᠤ᠋ᠨ ᠲᠠᠭᠠᠳᠬᠠᠯ ᠤ᠋ᠨ ᠦᠢᠯᠡᠰ ᠲᠦ᠍ ᠬᠡᠷᠡᠭᠯᠡᠵᠤ᠂ ᠬᠤᠵᠢᠮ ᠦᠢᠯᠡᠳᠪᠤᠷᠢᠯᠡᠯ ᠪᠤᠷᠤᠯᠠᠭᠤᠯᠭ᠎ᠠ ᠵᠢᠨ ᠨᠡᠩ ᠦᠷᠬᠡᠨ ᠬᠡᠪᠴᠢᠶᠡᠨ ᠳ᠋ᠤ ᠤᠷᠤᠭᠤᠯᠬᠤ ᠪᠡᠷ ᠲᠦᠯᠦᠪᠯᠡᠵᠤ ᠪᠠᠢᠨ᠎ᠠ᠃ ᠪᠢᠳᠡ ᠠᠮᠢᠳᠤ ᠦᠬᠡᠷ ᠪᠠ ᠬᠤᠬᠢᠷᠠᠵᠤ ᠰᠦᠢᠳᠦᠭᠰᠡᠨ ᠦᠭᠡᠷ ᠢ᠋ ᠨᠠᠷᠢᠨ ᠤᠨᠤᠴᠠᠲᠠᠢ ᠬᠠᠷᠭᠤᠭᠤᠯᠵᠤ ᠲᠠᠢᠯᠬᠦ ᠮᠡᠷᠭᠡᠵᠢᠯ ᠤ᠋ᠨ ᠬᠣᠭᠣᠰᠣᠨ ᠢ᠋ ᠨᠥᠬᠥᠪᠥᠷᠢᠯᠡᠪᠠ᠃ ᠬᠤᠬᠢᠷᠠᠵᠤ ᠰᠦᠢᠳᠦᠭᠰᠡᠨ ᠦᠬᠡᠷ ᠤ᠋ᠨ ᠦᠡᠭᠭᠡ ᠵᠢᠰᠤᠮ ᠪᠠ ᠪᠡᠶ᠎ᠡ ᠪᠠᠢᠳᠠᠯ ᠳ᠋ᠤ ᠮᠠᠰᠢ ᠶᠡᠬᠡ ᠬᠤᠪᠢᠷᠠᠯᠲᠠ ᠭᠠᠷᠴᠤ᠂ ᠤᠨᠴᠠᠯᠢᠭ ᠰᠢᠨᠵᠢ ᠨᠢ ᠪᠠᠯᠠᠷᠬᠠᠢᠰᠢᠳᠠᠭ ᠪᠤᠯᠬᠤᠷ ᠬᠦᠮᠦᠨ ᠤ᠋ ᠬᠦᠴᠦ ᠪᠠ ᠬᠡᠪ ᠤ᠋ᠨ ᠵᠠᠭᠪᠤᠷ ᠶ᠋ᠢᠡᠷ ᠢᠯᠭᠠᠨ ᠲᠤᠳᠤᠯᠠᠬᠤ ᠳ᠋ᠦ ᠪᠡᠷᠭᠡᠳᠠᠢ ᠪᠠᠢᠳᠠᠭ᠃ ᠪᠢᠳᠡ ᠡᠨᠡ ᠬᠦ᠌ ᠮᠡᠷᠭᠡᠵᠢᠯ ᠳ᠋ᠡᠬᠡᠨ ᠰᠠᠭᠤᠷᠢᠯᠠᠨ ᠬᠤᠬᠢᠷᠠᠵᠤ ᠰᠦᠢᠳᠦᠭᠰᠡᠨ ᠲᠦᠮᠡ ᠭᠠᠷᠤᠢ ᠦᠬᠡᠷ ᠤ᠋ᠨ ᠦᠯᠢᠭᠡᠷ ᠶᠠᠩᠵᠤ ᠵᠢ ᠴᠤᠭᠯᠠᠭᠤᠯᠤᠨ ᠲᠤᠰᠬᠠᠢ ᠳ᠋ᠡᠢᠲ᠋ᠠ ᠬᠦᠮᠦᠷᠭᠡ ᠪᠠᠢᠭᠤᠯᠵᠤ᠂ ᠳᠦᠷᠰᠦ ᠶ᠋ᠢᠨ ᠬᠤᠪᠢᠷᠠᠯᠲᠠ ᠭᠠᠷᠤᠭᠰᠠᠨ ᠪᠠᠢᠳᠠᠯ ᠳᠤᠤᠷᠠᠬᠢ ᠢᠯᠭᠠᠨ ᠲᠠᠨᠢᠬᠤ ᠤᠨᠤᠪᠴᠢ ᠶ᠋ᠢᠨ ᠨᠤᠷᠮ᠎ᠠ ᠵᠢ 80% ᠵᠢ ᠳᠠᠪᠠᠭᠤᠯᠤᠨ᠂ ᠦᠬᠡᠷ ᠤ᠋ᠨ ᠤᠳᠤᠮ ᠢᠷᠡᠯ ᠢ᠋ ᠳᠠᠷᠤᠢ ᠳ᠋ᠤᠨᠢ ᠲᠤᠳᠤᠯᠠᠵᠤ᠂ ᠳᠠᠭᠠᠳᠬᠠᠯ ᠤ᠋ᠨ ᠲᠦᠯᠦᠪᠦᠷᠢ ᠳ᠋ᠦ ᠡᠷᠬᠡ ᠰᠦᠷᠳᠦ ᠨᠠᠢᠳᠠᠪᠤᠷᠢᠲᠠᠢ ᠮᠡᠷᠭᠡᠵᠢᠯ ᠤ᠋ᠨ ᠦᠨᠳᠦᠰᠦᠯᠡᠯ ᠬᠠᠡᠭᠭᠠᠵᠤ ᠪᠠᠢᠨ᠎ᠠ》 ᠭᠡᠵᠦ ᠴᠢ ᠶᠦᠡᠭ ᠱᠸᠡᠭ ᠫᠷᠤᠹᠸᠰᠰᠤᠷ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
ᠳᠠᠭᠠᠳᠬᠠᠯ ᠤ᠋ᠨ ᠠᠵᠢᠯᠴᠢᠳ ᠦᠬᠡᠷ ᠤ᠋ᠨ ᠦᠡᠭᠭᠡ ᠵᠢᠰᠤᠮ ᠢ᠋ ᠰᠢᠷᠪᠢᠵᠤ ᠤᠳᠤᠮ ᠢᠷᠡᠯ ᠢ᠋ ᠲᠤᠳᠤᠯᠠᠬᠤ AI ᠮᠡᠷᠭᠡᠵᠢᠯ ᠢ᠋ ᠠᠰᠢᠭᠯᠠᠨ ᠭᠠᠷ ᠤᠳᠠᠰᠤ ᠪᠡᠷ ᠶ᠋ᠢᠡᠨ ᠱᠠᠭᠠᠷᠳᠠᠯᠭ᠎ᠠ ᠶᠤᠰᠤᠭᠠᠷ ᠬᠡᠳᠤᠨ ᠵᠢᠷᠤᠭ ᠲᠦᠷᠰᠤ ᠠᠪᠤᠭᠰᠠᠭᠠᠷ 50 ᠭᠠᠷᠤᠢ ᠰᠸᠺᠦ᠋ᠨ᠋ᠳ᠋ ᠤ᠋ᠨ ᠳᠤᠲᠤᠷ᠎ᠡ ᠨᠢᠭᠡ ᠦᠬᠡᠷ ᠤ᠋ᠨ ᠮᠡᠳᠡᠭᠡ ᠵᠠᠡᠭᠬᠢ ᠶ᠋ᠢᠨ ᠳᠠᠡᠭᠰᠠ ᠡᠪᠬᠡᠮᠡᠯ ᠢ᠋ ᠪᠠᠢᠭᠤᠯᠵᠤ᠂ ᠦᠩᠬᠡᠷᠡᠭᠰᠡᠨ ᠳ᠋ᠤ ᠨᠢᠭᠡ ᠡᠳᠦᠷ ᠠᠵᠢᠯᠯᠠᠭᠠᠳ ᠠᠷᠠᠢ ᠴᠢᠷᠠᠢ 50 ᠭᠠᠷᠤᠢ ᠦᠬᠡᠷ ᠲᠦ᠍ 《ᠡᠬᠡᠮᠦᠭ》 ᠵᠡᠭᠦᠯᠭᠡᠵᠦ ᠪᠠᠢᠭᠰᠠᠨ ᠪᠤᠯ ᠤᠳᠤ 200 ᠭᠠᠷᠤᠢ ᠦᠬᠡᠷ ᠤ᠋ᠨ ᠮᠡᠳᠡᠭᠡ ᠵᠠᠡᠭᠬᠢ ᠵᠢ ᠺᠤᠮᠫᠢᠦ᠋ᠲ᠋ᠸᠷ ᠲᠦ᠍ ᠤᠷᠤᠭᠤᠯᠵᠤ᠂ ᠠᠵᠢᠯ ᠤ᠋ᠨ ᠦᠷ᠎ᠠ ᠪᠦᠳᠦᠮᠵᠢ ᠵᠢ ᠶᠡᠬᠡ ᠪᠡᠷ ᠲᠠᠬᠡᠭᠰᠢᠯᠡᠬᠦᠯᠦᠭᠰᠡᠨ ᠵᠢᠡᠷ ᠪᠠᠷᠠᠬᠤ ᠦᠬᠡᠢ ᠦᠬᠡᠷ ᠵᠢᠡᠨ ᠲᠠᠭᠠᠳᠬᠠᠯ ᠳ᠋ᠤ ᠤᠷᠤᠭᠤᠯᠬᠤ ᠲᠠᠵᠢᠬᠡᠪᠤᠷᠢ ᠵᠢᠨ ᠡᠷᠦᠬᠡ ᠳ᠋ᠤ ᠨᠠᠢᠳᠠᠪᠤᠷᠢᠳᠠᠢ ᠪᠠᠳᠤᠯᠠᠭ᠎ᠠ ᠬᠠᠩᠭᠠᠬᠤ ᠪᠤᠯᠤᠭᠰᠠᠨ ᠵᠢᠡᠷ ᠬᠢᠡᠭᠭᠠᠨ᠂ ᠲᠦᠡᠭᠯᠢᠶᠤᠤ᠂ ᠤᠯᠠᠭᠠᠨᠬᠠᠳᠠ᠂ ᠰᠢᠯᠢ ᠶ᠋ᠢᠨ ᠭᠤᠤᠯ᠂ ᠤᠯᠠᠭᠠᠨᠴᠠᠪ᠂ ᠪᠤᠭᠤᠲᠤ᠂ ᠦᠬᠠᠢ ᠵᠡᠷᠭᠡ ᠠᠢᠮᠠᠭ ᠬᠤᠲᠠ ᠳ᠋ᠤ ᠲᠤᠰ ᠮᠡᠷᠬᠡᠵᠢᠯ ᠢ᠋ ᠦᠷᠭᠡᠨ ᠶ᠋ᠢᠡᠷ ᠬᠡᠷᠡᠭᠯᠡᠵᠦ ᠪᠠᠢᠨ᠎ᠠ᠃ ᠤᠳᠤᠬᠠᠨ ᠳ᠋ᠦ ᠳᠤᠮᠳᠠᠳᠤ ᠤᠯᠤᠰ ᠤ᠋ᠨ ᠠᠷᠠᠳ ᠤ᠋ᠨ ᠳᠠᠭᠠᠳᠬᠠᠯ᠂ ᠳᠤᠮᠳᠠᠳᠤ ᠤᠯᠤᠰ ᠤ᠋ᠨ ᠳᠠ ᠳᠢ ᠡᠳ᠋ ᠬᠦᠷᠦᠡᠭᠭᠡ ᠶ᠋ᠢᠨ ᠳᠠᠭᠠᠳᠬᠠᠯ ᠵᠡᠷᠭᠡ ᠳᠠᠭᠠᠳᠬᠠᠯ ᠤ᠋ᠨ ᠪᠠᠢᠭᠤᠯᠤᠮᠵᠢ ᠨᠢ ᠴᠢ ᠶᠦᠡᠭ ᠱᠸᠡᠭ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠲᠠᠢ ᠭᠦᠨᠵᠡᠭᠡᠢ ᠬᠠᠮᠲᠤᠷᠠᠯᠴᠠᠭ᠎ᠠ ᠦᠷᠨᠢᠭᠦᠯᠵᠦ᠂ ᠨᠢᠬᠡᠨᠳᠡ 70 ᠲᠦᠮᠡ ᠭᠠᠷᠤᠢ ᠦᠬᠡᠷ ᠲᠦ᠍ ᠮᠡᠳᠡᠭᠡ ᠵᠠᠡᠭᠬᠢ ᠵᠢᠨ ᠳᠠᠡᠭᠰᠠ ᠡᠪᠬᠡᠮᠡᠯ ᠪᠠᠢᠭᠤᠯᠤᠭᠰᠠᠨ ᠪᠦᠬᠡᠳ ᠲᠠᠭᠠᠳᠬᠠᠯ ᠳ᠋ᠤ ᠤᠷᠤᠭᠤᠯᠬᠤ ᠵᠢ ᠬᠦᠯᠢᠶᠡᠨ ᠠᠪᠴᠠᠢ᠃ ᠦᠡᠭᠭᠡᠷᠡᠭᠰᠡᠨ ᠳ᠋ᠦ ᠨᠢᠬᠡ ᠬᠤᠬᠢᠷᠠᠵᠤ ᠰᠦᠢᠳᠦᠭᠰᠡᠨ ᠦᠬᠡᠷ ᠢ᠋ ᠢᠯᠭᠠᠨ ᠲᠤᠳᠤᠯᠠᠬᠤ ᠳ᠋ᠦ ᠨᠠᠭᠠᠳᠤ ᠵᠠᠬ᠎ᠠ ᠳ᠋ᠠᠭᠠᠨ 3 ᠡᠳᠦᠷ ᠬᠡᠷᠡᠭᠰᠡᠵᠦ ᠪᠠᠢᠭᠰᠠᠨ ᠪᠤᠯ ᠤᠳᠤ ᠶᠡᠷᠦᠡᠭᠭᠡᠢ ᠳ᠋ᠡᠭᠡᠨ 2 ᠴᠠᠭ᠂ ᠬᠠᠮᠤᠭ ᠤ᠋ᠨ ᠤᠳᠠᠭᠠᠨ ᠳ᠋ᠠᠭᠠᠨ 12 ᠴᠠᠭ ᠤ᠋ᠨ ᠳᠤᠲᠤᠷ᠎ᠠ ᠲᠤᠳᠤᠯᠠᠵᠤ ᠳᠡᠢᠯᠬᠦ ᠪᠤᠯᠵᠤ᠂ ᠨᠢᠭᠡᠨᠲᠡ 1.49 ᠲᠦᠮᠡᠨ ᠦᠬᠡᠷ ᠲᠦ᠍ ᠲᠠᠭᠠᠳᠬᠠᠯ ᠤ᠋ᠨ ᠲᠦᠯᠦᠪᠦᠷᠢ ᠦᠭᠴᠦ᠂ ᠳᠠᠭᠠᠳᠬᠠᠯ ᠤ᠋ᠨ ᠲᠦᠯᠦᠪᠦᠷᠢ ᠶ᠋ᠢᠨ ᠦᠷ᠎ᠡ ᠪᠦᠲᠦᠮᠵᠢ ᠵᠢ ᠪᠦᠲᠦᠮᠵᠢᠲᠡᠢ ᠳᠡᠭᠡᠭᠰᠢᠯᠡᠭᠦᠯᠪᠡ᠃
ᠴᠢ ᠶᠦᠡᠭ ᠱᠸᠡᠭ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠤ᠋ᠨ ᠬᠢᠨ ᠤᠢᠷ᠎ᠠ ᠳ᠋ᠦ ᠦᠬᠡᠷ ᠤ᠋ᠨ ᠦᠡᠭᠭᠡ ᠵᠢᠰᠤᠮ ᠢ᠋ ᠰᠢᠷᠪᠢᠵᠤ ᠤᠳᠤᠮ ᠢᠷᠡᠯ ᠢ᠋ ᠳᠤᠲᠤᠯᠠᠬᠤ AI ᠮᠡᠷᠭᠡᠵᠢᠯ ᠶ᠋ᠢᠡᠨ ᠳᠡᠰ ᠳᠡᠪᠰᠢᠭᠦᠯᠵᠦ᠂ ᠦᠬᠡᠷ ᠤ᠋ᠨ ᠡᠪᠡᠷ᠂ ᠦᠡᠭᠭᠡ ᠵᠢᠰᠤᠮ᠂ ᠪᠡᠶ᠎ᠡ ᠪᠢᠯᠳᠠᠷ ᠢ᠋ ᠤᠯᠠᠨ ᠲᠠᠯ᠎ᠠ ᠡᠴᠡ ᠰᠡᠭᠦᠳᠡᠷᠯᠡᠵᠦ᠂ 8 ᠵᠢᠷᠤᠭ ᠳᠦᠷᠰᠦ ᠪᠦᠬᠦᠢ ᠦᠬᠡᠷ ᠤ᠋ᠨ ᠠᠮᠢᠳᠤ ᠪᠣᠳᠠᠰ ᠤ᠋ᠨ ᠣᠨᠴᠠᠯᠢᠭ ᠰᠢᠨᠵᠢ ᠵᠢᠨ ᠲᠤᠰᠭᠠᠶ ᠬᠥᠮᠥᠷᠭᠡ ᠶ᠋ᠢ ᠪᠠᠢᠭᠤᠯᠤᠭᠰᠠᠨ ᠪᠦᠬᠡᠳ ᠪᠠᠰᠠ ᠦᠬᠡᠷ ᠤ᠋ᠨ ᠪᠡᠶ᠎ᠡ ᠶ᠋ᠢᠨ ᠬᠦᠨᠳᠦ ᠵᠢ ᠬᠡᠮᠵᠢᠬᠦ ᠴᠢᠳᠠᠪᠬᠢ ᠵᠢ ᠨᠡᠮᠡᠭᠳᠡᠭᠦᠯᠤᠨ᠂ ᠬᠡᠮᠵᠢᠯᠳᠡ ᠶ᠋ᠢᠨ ᠵᠦᠷᠢᠶ᠎ᠡ ᠵᠢ 10% ᠶ᠋ᠢᠨ ᠳᠤᠲᠤᠷ᠎ᠠ ᠬᠢᠵᠠᠭᠠᠷᠯᠠᠵᠤ ᠲᠠᠢᠯᠬᠦ ᠪᠤᠯᠵᠤ᠂ ᠲᠠᠵᠢᠬᠡᠪᠤᠷᠢ ᠵᠢᠨ ᠡᠷᠦᠬᠡ ᠵᠢᠨ ᠦᠬᠡᠷ ᠶ᠋ᠢᠡᠨ ᠪᠠᠡᠭᠬᠢ ᠳ᠋ᠦ ᠪᠠᠷᠢᠴᠠᠭᠠᠯᠠᠬᠤ᠂ ᠵᠠᠬ᠎ᠠ ᠳᠡᠯᠭᠡᠭᠦᠷ ᠲᠦ᠍ ᠪᠤᠷᠤᠯᠠᠭᠤᠯᠬᠤ ᠳ᠋ᠦ ᠳᠦᠭᠦᠮ ᠦᠵᠡᠭᠦᠯᠵᠦ ᠪᠠᠢᠨ᠎ᠠ᠃
《ᠪᠢᠳᠡ ᠳᠠᠷᠠᠭᠠᠴᠢ ᠪᠡᠷ ᠮᠡᠷᠭᠡᠵᠢᠯ ᠵᠢᠡᠨ ᠦᠷᠭᠦᠯᠵᠢᠯᠡᠨ ᠱᠢᠯᠢᠳᠡᠭ᠌ᠵᠢᠭᠦᠯᠵᠦ᠍᠂ ᠮᠡᠷᠭᠡᠵᠢᠯ ᠤ᠋ᠨ ᠱᠢᠰᠲ᠋ᠧᠮ ᠬᠢᠭᠡᠳ ᠮᠠᠯᠵᠢᠯ ᠤ᠋ᠨ ᠲᠠᠯᠠᠪᠠᠶ ᠵᠢᠨ ᠬᠠᠮᠢᠶᠠᠷᠤᠯᠲᠠ ᠵᠢᠨ ᠲᠠᠪᠴᠠᠩ ᠤ᠋ᠨ ᠲᠣᠭ᠎ᠠ ᠪᠠᠷᠢᠮᠲᠠ ᠵᠢ ᠪᠦᠳᠦᠮᠵᠢᠳᠠᠢ ᠨᠡᠪᠲᠡᠷᠡᠯᠴᠡᠬᠦᠯᠤᠨ᠂ ᠬᠡᠷᠡᠭᠯᠡᠬᠡᠨ ᠤ᠋ ᠬᠦᠷᠢᠶ᠎ᠠ ᠴᠠᠷᠠᠭ᠎ᠠ ᠵᠢ ᠨᠢ ᠬᠦᠴᠦᠯᠡᠨ ᠦᠷᠬᠡᠳᠬᠡᠵᠤ᠂ 〈ᠦᠬᠡᠷ ᠤ᠋ᠨ ᠳᠠᠩᠰᠠ ᠡᠪᠬᠡᠮᠡᠯ ᠪᠠᠢᠭᠤᠯᠬᠤ — ᠪᠦᠬᠦ ᠦᠶᠡᠯᠡᠯ ᠤ᠋ᠨ ᠬᠤᠭᠤᠴᠠᠭᠠᠨ ᠤ᠋ ᠦᠷᠡᠵᠢᠯᠳᠠ ᠪᠤᠢᠵᠢᠯᠳᠠ ᠶ᠋ᠢ ᠨᠢ ᠮᠥᠷᠳᠡᠬᠦ᠌ — ᠠᠶᠤᠯ ᠲᠦᠭ᠌ᠰᠢᠭᠦᠷᠢ ᠶ᠋ᠢ ᠤᠷᠢᠳᠴᠢᠯᠠᠨ ᠰᠡᠷᠡᠮᠵᠢᠯᠡᠭᠦᠯᠬᠦ᠌〉 ᠪᠢᠲᠡᠭᠦᠤ ᠬᠡᠯᠬᠢᠶᠡᠳᠤ ᠬᠠᠮᠢᠶᠠᠷᠤᠯᠲᠠ ᠵᠢᠨ ᠱᠢᠰᠲ᠋ᠧᠮ ᠢ᠋ ᠪᠠᠢᠭᠤᠯᠵᠤ᠂ ᠮᠠᠯ ᠠᠵᠤ ᠠᠬᠤᠢ ᠵᠢᠨ ᠲᠤᠭᠠᠴᠢᠯᠠᠭᠰᠠᠨ ᠤᠶᠤᠨᠴᠢᠯᠠᠭᠰᠠᠨ ᠬᠦᠭᠵᠢᠯᠳᠡ ᠵᠢ ᠠᠬᠢᠭᠤᠯᠬᠤ ᠳ᠋ᠤ ᠤᠶᠤᠨ ᠬᠦᠴᠦ ᠪᠠᠨ ᠨᠡᠮᠡᠷᠢᠯᠡᠨ᠎ᠡ》 ᠭᠡᠵᠦ ᠴᠢ ᠶᠦᠡᠭ ᠱᠸᠡᠭ ᠫᠷᠤᠹᠸᠰᠰᠤᠷ ᠶᠠᠷᠢᠵᠤ ᠪᠠᠢᠯ᠎ᠠ᠃