12 ᠲᠦᠮᠡᠨ ᠮᠥ᠍ ᠲᠠᠷᠢᠶᠠᠨ ᠭᠠᠵᠠᠷ᠎ᠢ ᠪᠦᠷᠬᠦᠵᠦ 120 ᠭᠠᠷᠤᠶ ᠲᠠᠷᠢᠶᠠᠴᠢᠨ ᠡᠷᠦᠬᠡ ᠳ᠋ᠤ ᠠᠰᠢᠭ ᠬᠦᠷᠳᠡᠭᠡᠪᠡ
ᠵᠤᠨ᠎ᠤ ᠡᠬᠢ ᠪᠠᠷ ᠤᠯᠠᠭᠠᠨᠬᠠᠳᠠ ᠬᠤᠳᠠ᠎ᠶ᠋ᠢᠨ ᠤᠩᠨᠢᠭᠤᠳ ᠬᠤᠱᠢᠭᠤᠨ᠎ᠤ ᠬᠦᠳᠡᠬᠡ ᠨᠤᠳᠤᠭ᠎ᠲᠦ ᠠᠮᠢᠵᠢᠷᠠᠯ ᠵᠢᠡᠷ ᠪᠢᠯᠬᠠᠨ᠎ᠠ᠃ ᠥᠷᠭᠡᠨ ᠠᠭᠤᠳᠠᠮ ᠬᠡᠭᠡᠷ᠎ᠡ ᠲᠠᠯ᠎ᠠ᠎ᠳᠤ᠂ ᠭᠠᠭ᠍ᠠᠶ ᠲᠡᠵᠢᠭᠡᠨ ᠦᠷᠡᠵᠢᠭᠦᠯᠬᠦ᠌ ᠳᠤᠭᠤᠷᠢᠭ ᠡᠴᠡ ᠡᠭᠦᠰᠦᠭ᠌ᠰᠡᠨ ᠨᠠᠮᠤᠭ᠎ᠤᠨ ᠰᠢᠩᠬᠡᠨ ᠨᠢ ᠭᠠᠵᠠᠷ ᠳᠣᠤᠷᠠᠬᠢ ᠬᠤᠭᠤᠯᠠᠶ ᠪᠠᠷ ᠲᠠᠮᠵᠢᠭᠠᠳ ᠲᠠᠷᠢᠶᠠᠨ ᠭᠠᠵᠠᠷ᠎ᠲᠤ ᠤᠷᠤᠵᠤ᠂ ᠲᠠᠷᠢᠶᠠᠨ ᠭᠠᠵᠠᠷ ᠲᠤ᠌ ᠪᠣᠬᠢᠷᠲᠤᠯ ᠥᠬᠡᠶ ᠬᠥᠳᠡᠯᠭᠡᠬᠦ᠌ ᠬᠦᠴᠦᠨ ᠨᠡᠮᠡᠷᠢᠯᠡᠵᠤ ᠪᠤᠢ᠃ 《ᠡᠨᠡ ᠪᠣᠯ ᠮᠠᠨ ᠤ᠋ ᠺᠣᠮᠫᠠᠨᠢ᠎ᠶ᠋ᠢᠨ ᠪᠠᠢᠭᠤᠯᠤᠭ᠍ᠰᠠᠨ 〈ᠭᠠᠭ᠍ᠠᠶ — ᠨᠠᠮᠤᠭ᠎ᠤᠨ ᠰᠢᠩᠬᠡᠨ — ᠲᠠᠷᠢᠶ᠎ᠠ〉 ᠵᠢᠨ ᠠᠮᠢ ᠠᠬᠤᠶ᠎ᠶ᠋ᠢᠨ ᠤᠷᠴᠢᠯ ᠵᠠᠭ᠍ᠪᠤᠷ ᠮᠥᠨ᠂ ᠨᠠᠮᠤᠭ᠎ᠤᠨ ᠰᠢᠩᠬᠡ᠎ᠨᠢ ᠲᠠᠷᠢᠶᠠᠨ ᠭᠠᠵᠠᠷ ᠲᠤ᠌ ᠪᠤᠴᠠᠭᠠᠬᠤ ᠬᠡᠯᠪᠡᠷᠢ᠎ᠪᠠᠷ ᠢᠯᠭᠠᠳᠠᠰᠤᠨᠤ ᠪᠣᠬᠢᠷᠲᠤᠯ᠎ᠢ ᠡᠬᠢ ᠪᠠᠶᠠᠯᠢᠭ᠍ᠵᠢᠭᠤᠯᠤᠨ ᠠᠱᠢᠭ᠍ᠯᠠᠬᠤ᠎ᠶ᠋ᠢ ᠪᠡᠶᠡᠯᠡᠭᠦᠯᠵᠡᠢ》 ᠬᠡᠵᠤ ᠵᠦᠩ ᠯᠢᠶᠠᠩ ᠵᠢᠶᠠ ᠵᠢᠶᠠ ᠺᠠᠩ (ᠤᠯᠠᠭᠠᠨᠬᠠᠳᠠ) ᠬᠢᠵᠠᠭᠠᠷᠲᠤ ᠺᠣᠮᠫᠠᠨᠢ᠎ᠶ᠋ᠢᠨ ᠶᠡᠷᠦᠩᠬᠡᠢ ᠳᠠᠭᠠᠭᠠᠮᠠᠯ ᠹᠠᠨ ᠪᠧᠨ ᠯᠦᠩ ᠲᠠᠨᠢᠯᠴᠠᠭᠤᠯᠪᠠ᠃
ᠰᠤᠷᠪᠤᠯᠵᠢᠯᠠᠭᠴᠢ 《 ᠭᠠᠭ᠍ᠠᠶ — ᠨᠠᠮᠤᠭ᠎ᠤᠨ ᠰᠢᠩᠬᠡᠨ — ᠲᠠᠷᠢᠶ᠎ᠠ 》 ᠶ᠋ᠢᠨ ᠵᠠᠭ᠍ᠪᠤᠷ᠎ᠤᠨ ᠰᠦᠪᠡᠭᠴᠢ ᠵᠢ ᠮᠦᠷᠳᠡᠨ ᠵᠦᠩ ᠯᠢᠶᠠᠩ ᠵᠢᠶᠠ ᠵᠢᠶᠠ ᠺᠠᠩ (ᠤᠯᠠᠭᠠᠨᠬᠠᠳᠠ) ᠬᠢᠵᠠᠭᠠᠷᠲᠤ ᠺᠣᠮᠫᠠᠨᠢ᠎ᠶ᠋ᠢᠨ ᠲᠡᠵᠢᠭᠡᠨ ᠦᠷᠡᠵᠢᠭᠦᠯᠬᠦ᠌ ᠲᠣᠭᠤᠷᠢᠭ᠎ᠲᠤ ᠬᠦᠷᠦᠯ᠎ᠡ᠃ ᠭᠠᠬᠠᠢ᠎ᠶᠢᠨ ᠡᠬᠦᠷ ᠲᠤ᠌ ᠣᠷᠣᠬᠤ ᠪᠠᠷ ᠬᠠᠮᠠᠷ ᠭᠠᠲᠠᠮᠠ ᠦᠮᠡᠬᠡᠢ ᠦᠨᠦᠷ ᠦᠨᠦᠷᠳᠦᠭᠳᠡᠬᠡ ᠦᠬᠡᠢ᠂ ᠬᠠᠷᠢᠨ ᠰᠠᠨᠠᠭᠠᠨ ᠡᠴᠡ ᠭᠠᠳᠠᠭᠤᠷ ᠬᠠᠭᠤᠷᠠᠢ ᠪᠦᠬᠡᠳ ᠳᠤᠯᠠᠭᠠᠨ ᠰᠠᠨᠠᠭᠳᠠᠵᠤ᠂ ᠨᠢᠭᠡ ᠪᠦᠯᠦᠭ ᠲᠠᠷᠭᠤ ᠰᠠᠢᠳᠠᠢ ᠴᠡᠪᠡᠷᠭᠡᠨ ᠳᠤᠷᠤᠢ ᠨᠤᠭᠤᠳ ᠬᠠᠷᠠᠭᠳᠠᠨ᠎ᠠ᠃ 《ᠡᠨᠳᠡ ᠡᠪᠦᠯ᠎ᠳᠡᠭᠡᠨ ᠳᠤᠯᠠᠭᠠᠨ ᠵᠤᠨ᠎ᠳᠠᠭᠠᠨ ᠰᠡᠷᠢᠬᠦᠨ ᠪᠠᠢᠵᠤ᠂ ᠠᠵᠢᠯᠳᠠᠨ ᠤ᠋ ᠪᠠᠢᠷᠢ ᠵᠢᠨ ᠬᠡᠷ᠎ᠠᠴᠠ ᠴᠤ᠌ ᠢᠯᠡᠭᠦᠦ ᠲᠠᠭᠠᠯᠠᠮᠵᠢᠳᠠᠢ ᠪᠠᠢᠳᠠᠭ᠃ ᠭᠠᠭ᠍ᠠᠶ᠎ᠶ᠋ᠢᠨ ᠡᠬᠦᠷ ᠪᠦᠷᠢ᠎ᠳᠤ ᠴᠥᠮ ᠣᠶᠤᠨᠳᠤ ᠣᠷᠴᠢᠨ ᠲᠣᠭᠤᠷᠢᠨ᠎ᠤ ᠡᠵᠡᠮᠳᠡᠯ᠎ᠤᠨ ᠱᠢᠰᠲ᠋ᠧᠮ᠎ᠲᠠᠢ᠂ ᠡᠨᠡ ᠬᠦ᠌ ᠱᠢᠰᠲ᠋ᠧᠮ᠎ᠨᠢ ᠭᠠᠭ᠍ᠠᠶ᠎ᠶ᠋ᠢᠨ ᠬᠠᠱᠢᠶ᠎ᠠ᠎ᠶ᠋ᠢᠨ 〈ᠣᠶᠤᠨᠳᠤ ᠲᠠᠷᠢᠬᠢ〉 ᠲᠠᠢ ᠠᠳᠠᠯᠢ᠎ᠪᠠᠷ 24 ᠴᠠᠭ ᠵᠢᠡᠷ ᠳᠤᠯᠠᠭᠠᠨ ᠴᠢᠭᠢᠭ᠎ᠤᠨ ᠬᠡᠮᠵᠢᠶ᠎ᠡ ᠪᠠ ᠰᠠᠯᠬᠢ ᠨᠡᠪᠲᠡᠷᠡᠭᠦᠯᠬᠦ᠌ ᠪᠠᠢᠳᠠᠯ᠎ᠢ ᠬᠢᠨᠠᠨ ᠬᠡᠮᠵᠢᠵᠦ᠍ ᠪᠠᠢᠨ᠎ᠠ ᠰᠢᠦ》 ᠭᠡᠵᠦ᠍ ᠲᠡᠵᠢᠬᠡᠨ ᠦᠷᠡᠵᠢᠬᠦᠯᠬᠦ ᠲᠠᠯᠠᠪᠠᠢ ᠵᠢᠨ ᠲᠠᠷᠤᠭ᠎ᠠ ᠸᠠᠡᠭ ᠴᠦᠨ ᠱᠸᠡᠭ ᠶᠦᠮᠦᠷᠯᠢᠭ ᠬᠡᠯᠡᠵᠦ ᠪᠠᠢᠯ᠎ᠠ᠃
ᠵᠤᠭᠤᠭ ᠲᠡᠯᠭᠡᠬᠦ ᠲᠠᠰᠢᠷᠠᠮ ᠵᠢᠡᠷ᠂ ᠠᠦ᠋ᠲ᠋ᠣᠴᠢᠯᠠᠭ᠍ᠰᠠᠨ ᠲᠡᠵᠢᠭᠡᠯ ᠪᠤᠷᠳᠤᠭ᠎ᠠ ᠵᠢᠨ ᠲᠥᠬᠥᠭᠡᠷᠦᠮᠵᠢ ᠳᠤᠭᠳᠠᠭᠰᠠᠨ ᠴᠠᠭ᠎ᠲᠠᠭᠠᠨ ᠠᠵᠢᠯᠯᠠᠵᠤ ᠡᠬᠢᠯᠡᠨ᠂ ᠲᠡᠵᠢᠬᠡᠯ ᠪᠣᠷᠳᠣᠭ᠎ᠠ ᠨᠢ ᠳᠤᠭᠳᠠᠭᠰᠠᠨ ᠬᠡᠮᠵᠢᠶ᠎ᠠ ᠪᠠᠷ ᠤᠡᠭᠭᠤᠴᠠᠨ ᠳ᠋ᠤ ᠪᠠᠭᠤᠵᠤ᠂ 《ᠬᠦᠬᠡᠷᠦᠯᠳᠦᠨ ᠳᠤᠭᠯᠠᠵᠤ》 ᠪᠠᠢᠭᠰᠠᠨ ᠲᠤᠷᠤᠢ ᠨᠤᠭᠤᠳ ᠲᠠᠷᠠ ᠲᠠᠷᠤᠢᠬᠠᠨ 《ᠬᠤᠭᠤᠯᠠ》 ᠪᠠᠨ ᠢᠳᠡᠨ᠎ᠡ᠃ ᠸᠠᠩ ᠴᠦᠨ ᠱᠧᠩ ᠪᠠᠭᠤᠤ ᠴᠠᠭ ᠵᠢᠡᠨ ᠬᠠᠷᠠᠭᠠᠳ᠄《10 ᠴᠠᠭ ᠬᠠᠭᠠᠰ ᠪᠤᠯᠤᠯ᠎ᠠ᠂ ᠡᠨᠡ ᠪᠣᠯ ᠡᠳᠡᠭᠡᠷ ᠭᠠᠭ᠍ᠠᠢ᠎ᠶ᠋ᠢᠨ ᠥᠨᠥᠳᠦᠷ᠎ᠤᠨ ᠬᠤᠶᠠᠳᠤᠭᠠᠷ ᠬᠤᠭᠤᠯᠠ ᠪᠣᠯᠤᠨ᠎ᠠ᠃ ᠤᠶᠤᠨᠳᠤ ᠲᠡᠵᠢᠭᠡᠬᠦ᠌ ᠲᠥᠬᠦᠭᠡᠷᠦᠮᠵᠢ ᠨᠢ ᠡᠳᠦᠷ ᠪᠦᠷᠢ ᠲᠣᠭ᠍ᠲᠠᠭ᠍ᠰᠠᠨ ᠴᠠᠭ᠎ᠲᠤ ᠤᠰᠤ ᠪᠤᠷᠳᠤᠭ᠎ᠠ ᠬᠠᠩᠭᠠᠳᠠᠭ》 ᠬᠡᠵᠠᠢ᠃ 《ᠡᠳᠡᠭᠡᠷ ᠪᠤᠷᠳᠤᠭ᠎ᠠ ᠵᠢᠨ ᠲᠦᠭᠦᠬᠡᠶ ᠮᠠᠲ᠋ᠧᠷᠢᠶᠠᠯ᠎ᠢ ᠪᠦᠷ ᠴᠢᠡᠭᠭ᠎ᠠ ᠪᠠᠷᠢᠮᠵᠢᠶ᠎ᠠ ᠪᠠᠷ ᠰᠤᠡᠭᠭᠤᠳᠠᠭ᠃ ᠲᠡᠵᠢᠭᠡᠯ ᠪᠣᠷᠳᠣᠭᠠᠨ᠎ᠤ ᠦᠢᠯᠡᠳᠪᠦᠷᠢ᠎ᠳᠤ ᠬᠦᠷᠭᠡᠭ᠌ᠰᠡᠨ ᠡᠷᠳᠡᠨᠢ ᠱᠢᠰᠢ᠎ᠶ᠋ᠢ ᠲᠠᠯᠠᠪᠠᠢ᠎ᠳᠤ ᠣᠷᠣᠬᠤ᠎ᠠᠴᠠ ᠡᠮᠦᠨ᠎ᠡ ᠴᠥᠮ ᠪᠠᠢᠴᠠᠭᠠᠯᠳᠠ ᠬᠢᠵᠦ ᠶᠠᠰᠤ ᠴᠢᠨᠠᠷ ᠢ᠋ ᠪᠠᠳᠤᠯᠠᠵᠤ ᠪᠠᠢᠨ᠎ᠠ》 ᠬᠡᠵᠦ ᠬᠠᠮᠳᠤ ᠶᠠᠪᠤᠵᠤ ᠪᠠᠢᠭᠰᠠᠨ ᠹᠠᠨ ᠪᠸᠨ ᠯᠦᠡᠭ ᠬᠠᠵᠠᠭᠤ ᠡᠴᠡ ᠨᠢ ᠨᠦᠬᠦᠪᠦᠷᠢᠯᠡᠵᠤ ᠬᠡᠯᠡᠨ᠎ᠠ᠃
ᠭᠠᠬᠠᠢ ᠵᠢᠨ ᠲᠡᠵᠢᠬᠡᠯ ᠪᠤᠷᠳᠤᠭ᠎ᠠ ᠵᠢ ᠪᠠᠳᠤᠯᠠᠬᠤ ᠨᠢ ᠮᠢᠬᠠᠨ᠎ᠤ᠋ ᠶᠠᠰᠤ ᠴᠢᠨᠠᠷ ᠲᠠᠢ ᠬᠣᠯᠪᠣᠭ᠍ᠳᠠᠵᠤ᠂ ᠭᠠᠬᠠᠢ ᠵᠢᠨ ᠢᠯᠭᠠᠳᠠᠰᠤ ᠵᠢ ᠰᠠᠢᠳᠤᠷ ᠰᠢᠢᠳᠪᠦᠷᠢᠯᠡᠬᠦ ᠨᠢ ᠠᠮᠢ ᠠᠬᠤᠢ ᠪᠣᠯᠤᠨ ᠭᠠᠵᠠᠷ ᠰᠢᠷᠦᠢ᠎ᠲᠠᠢ ᠬᠣᠯᠪᠣᠭ᠍ᠳᠠᠨ᠎ᠠ᠃
《ᠬᠡᠪᠴᠢᠶ᠎ᠡ ᠦᠷᠬᠡᠳᠬᠦ ᠳᠤᠳᠤᠮ ᠣᠷᠴᠢᠨ ᠲᠣᠭᠣᠷᠢᠨ᠎ᠢ ᠬᠠᠮᠠᠭᠠᠯᠠᠬᠤ ᠳᠠᠷᠤᠯᠲᠠ ᠴᠤ᠌ ᠶᠡᠭᠡᠳᠦᠨᠠ᠃ ᠢᠩᠭᠢᠭᠡᠳ ᠺᠣᠮᠫᠠᠨᠢ ᠡᠴᠡ 〈ᠭᠠᠭ᠍ᠠᠢ — ᠨᠠᠮᠤᠭ ᠤᠨ ᠰᠢᠩᠬᠡᠨ — ᠲᠠᠷᠢᠶ᠎ᠠ〉 ᠵᠢᠨ ᠠᠮᠢ ᠠᠬᠤᠢ᠎ᠶ᠋ᠢᠨ ᠤᠷᠴᠢᠯ ᠵᠠᠭ᠍ᠪᠤᠷ᠎ᠢ ᠪᠠᠢᠭᠤᠯᠵᠠᠢ》 ᠬᠡᠵᠤ ᠹᠠᠨ ᠪᠧᠨ ᠯᠦᠩ ᠰᠢᠭᠤᠳ ᠬᠡᠯᠡᠪᠡ᠃ 《ᠳᠤᠤᠷ᠎ᠠ ᠲᠠᠯ᠎ᠠ ᠵᠢᠨ ᠬᠢ ᠪᠤᠯ ᠢᠯᠭᠠᠳᠠᠰᠤ ᠬᠤᠷᠠᠮᠳᠤᠭᠤᠯᠬᠤ ᠴᠦᠬᠦᠷᠦᠮ ᠪᠤᠯᠤᠨ᠎ᠠ᠃ ᠢᠯᠭᠠᠳᠠᠰᠤ ᠬᠤᠷᠠᠮᠳᠤᠭᠠᠳ ᠵᠣᠬᠢᠬᠤ ᠬᠡᠮᠵᠢᠶᠡᠨᠳ᠋ᠦ᠍ ᠬᠦᠷᠦᠭ᠌ᠰᠡᠨᠦ᠌ ᠳᠠᠷᠠᠭ᠎ᠠ ᠭᠠᠵᠠᠷ ᠳᠣᠣᠷᠠᠬᠢ ᠬᠣᠭᠣᠯᠠᠢ᠎ᠪᠠᠷ ᠳᠠᠮᠵᠢᠨ ᠰᠢᠭᠤᠳ ᠨᠠᠮᠤᠭ᠎ᠤ᠋ᠨ ᠬᠡᠢ᠎ᠶᠢᠨ ᠥᠷᠲᠡᠭᠡᠨᠳ᠋ᠦ᠍ ᠬᠦᠷᠳᠡᠭ》 ᠬᠡᠵᠦ ᠹᠠᠨ ᠪᠸᠨ ᠯᠦᠩ ᠢᠯᠭᠠᠳᠠᠰᠤ ᠭᠣᠭᠣᠵᠢᠬᠤ ᠬᠠᠪᠲᠠᠰᠤ᠎ᠵᠢ ᠵᠢᠭᠠᠭᠠᠳ ᠲᠠᠨᠢᠯᠴᠠᠭᠤᠯᠤᠨ᠎ᠠ᠃
ᠰᠤᠷᠪᠤᠯᠵᠢᠯᠠᠭᠴᠢ ᠹᠠᠨ ᠪᠸᠨ ᠯᠦᠩᠢ᠋ ᠳᠠᠭᠠᠵᠤ᠂ ᠨᠠᠮᠤᠭ᠎ᠤ᠋ᠨ ᠬᠡᠢ᠎ᠶᠢᠨ ᠥᠷᠲᠡᠭᠡᠳ᠋ᠦ᠍ ᠬᠦᠷᠪᠡᠯ᠂ ᠬᠣᠶᠠᠷ ᠳᠤᠮᠤ ᠪᠣᠬᠢᠷᠲᠤᠯ ᠥᠬᠡᠢ ᠪᠥᠭᠡᠷᠡᠩᠬᠡᠢ ᠰᠠᠪᠠ ᠨᠢ ᠬᠣᠶᠠᠷ ᠪᠤᠬᠢᠷᠳᠤᠯ ᠦᠬᠡᠢ ᠪᠡᠬᠢᠯᠡᠯᠲᠡ ᠬᠡᠮᠡᠷᠬᠡᠨ ᠰᠦᠨᠳᠡᠷᠯᠡᠵᠦ᠍ ᠪᠠᠢᠯ᠎ᠠ᠃ 《ᠡᠨᠡ ᠪᠣᠯ ᠳᠠᠷᠤᠢ ᠢᠯᠭᠠᠳᠠᠰᠤ ᠱᠢᠩᠭᠡᠭᠡᠬᠦ᠌ 〈ᠳᠤᠮᠤ ᠲᠦᠬᠦᠬᠡᠷᠦᠮᠵᠢ〉 ᠪᠣᠯᠣᠨ᠎ᠠ᠃ ᠢᠯᠭᠠᠳᠠᠰᠤ᠎ᠨᠢ ᠠᠳᠡᠬᠢ ᠬᠠᠭᠤᠷᠠᠢ ᠴᠢᠭᠢᠭ᠎ᠢ ᠰᠠᠯᠭᠠᠬᠤ᠂ ᠬᠤᠶᠠᠷ ᠤᠳᠠᠭ᠎ᠠ ᠵᠢᠨ ᠬᠦᠴᠢᠯᠲᠥ᠋ᠷᠥᠭ᠌ᠴᠢ ᠢᠰᠭᠡᠬᠦ᠌ ᠵᠡᠷᠭᠡ ᠠᠯᠢ ᠤᠯᠠᠨ ᠶᠠᠪᠤᠴᠠ᠎ᠶ᠋ᠢ ᠥᠩᠭᠡᠷᠡᠭᠡᠭ᠌ᠰᠡᠨᠤ ᠲᠠᠷᠠᠭ᠎ᠠ᠂ ᠴᠢᠨᠠᠷ ᠰᠠᠢᠲᠠᠢ ᠱᠢᠩᠭᠡᠨ ᠪᠡᠶᠡᠲᠦ ᠪᠣᠷᠳᠣᠭᠤᠷ — ᠨᠠᠮᠤᠭ᠎ᠤᠨ ᠱᠢᠩᠭᠡᠨ ᠪᠤᠯᠵᠤ ᠬᠤᠪᠢᠷᠠᠨ᠎ᠠ》 ᠬᠡᠵᠤ ᠵᠦᠩ ᠯᠢᠶᠠᠩ ᠵᠢᠶᠠ ᠵᠢᠶᠠ ᠺᠠᠩ ᠤ᠋ᠨ ᠮᠡᠷᠭᠡᠵᠢᠯ᠎ᠤᠨ ᠬᠠᠷᠢᠭᠤᠴᠠᠯᠭᠠᠲᠠᠨ ᠾᠧᠦ ᠳ᠋ᠠ ᠵᠤᠤ ᠲᠠᠢᠯᠪᠤᠷᠢᠯᠠᠨ᠎ᠠ᠃ 《ᠬᠦᠷᠢᠶᠡᠨ ᠭᠠᠳᠠᠨᠠᠬᠢ ᠱᠢᠩᠬᠡᠨ ᠬᠠᠳᠠᠭᠠᠯᠠᠬᠤ ᠴᠦᠭᠦᠷᠦᠮ ᠳ᠋ᠤ ᠰᠢᠢᠳᠪᠦᠷᠢᠯᠡᠭᠰᠡᠨ ᠨᠠᠮᠤᠭ ᠤ᠋ᠨ ᠰᠢᠡᠭᠬᠡᠨ ᠢ᠋ ᠲᠤᠰᠭᠠᠢᠯᠠᠨ ᠬᠠᠳᠠᠭᠠᠯᠠᠳᠠᠭ᠃ ᠡᠲᠡᠭᠡᠷ ᠨᠠᠮᠤᠭ᠎ᠤᠨ ᠱᠢᠩᠭᠡᠨ᠎ᠨᠢ ᠭᠠᠵᠠᠷ ᠳᠣᠣᠷᠠᠬᠢ ᠬᠤᠭᠤᠯᠠᠶ᠎ᠪᠠᠷ ᠡᠷᠬᠢᠨ ᠲᠣᠭᠤᠷᠢᠨ᠎ᠤ ᠲᠠᠷᠢᠶᠠᠨ ᠭᠠᠵᠠᠷ᠎ᠲᠤ ᠬᠦᠷᠭᠡᠭᠳᠡᠵᠦ᠍᠂ ᠦᠨ᠎ᠡ ᠲᠥᠯᠥᠪᠦᠷᠢ ᠦᠭᠡᠢ᠎ᠪᠠᠷ ᠲᠠᠷᠢᠶᠠᠴᠢᠨ ᠡᠷᠦᠬᠡ ᠵᠢᠨ ᠲᠠᠷᠢᠶᠠᠯᠠᠩ᠎ᠤᠨ ᠦᠢᠯᠡᠳᠪᠦᠷᠢᠯᠡᠯ᠎ᠳᠤ ᠬᠡᠷᠡᠭ᠌ᠯᠡᠨ᠎ᠡ》 ᠬᠡᠵᠤ ᠾᠧᠦ ᠳ᠋ᠠ ᠵᠤᠤ ᠬᠡᠳᠦᠨ ᠲᠣᠮᠣ ᠬᠡᠯᠪᠡᠷᠢ᠎ᠶ᠋ᠢᠨ ᠱᠢᠩᠭᠡᠨ ᠨᠥᠭᠡᠴᠡᠯᠡᠬᠦ᠌ ᠴᠥᠭᠦᠷᠥᠮ ᠢ᠋ ᠵᠢᠭᠠᠭᠠᠳ ᠬᠡᠯᠡᠨ᠎ᠠ᠃
ᠨᠠᠮᠤᠭ᠎ᠤ᠋ᠨ ᠬᠡᠢ᠎ᠶᠢᠨ ᠥᠷᠲᠡᠭᠡ᠎ᠡᠴᠡ 13 ᠺᠢᠯᠣᠮᠧᠲ᠋ᠷ ᠵᠠᠢᠲᠠᠢ ᠶᠤᠸᠠᠨ ᠪᠤᠤ ᠸᠠ ᠲᠣᠰᠭᠣᠨ ᠳ᠋ᠤ᠂ ᠲᠣᠰᠭᠣᠨᠤ᠋ ᠵᠦᠪᠯᠡᠯ ᠤ᠋ᠨ ᠡᠷᠬᠢᠯᠡᠭ᠌ᠴᠢ ᠯᠢᠨ ᠢᠦᠢ ᠲᠠᠷᠢᠶᠠᠨ ᠦᠵᠦᠬᠦᠷ ᠲᠤ᠌ ᠣᠴᠣᠢᠨ ᠰᠠᠭᠤᠵᠤ᠂ ᠳᠤᠰᠤᠯᠭᠠᠨ ᠤᠰᠤᠯᠠᠬᠤ ᠰᠦᠷᠴᠢᠭᠦᠷ ᠵᠢᠡᠷ ᠨᠠᠮᠤᠭ᠎ᠤ᠋ᠨ ᠰᠢᠡᠭᠬᠡᠨ ᠰᠦᠷᠴᠢᠵᠦ᠍ ᠪᠠᠢᠬᠤ᠎ᠶᠢ ᠬᠠᠷᠠᠭᠠᠳ᠄《ᠨᠠᠮᠤᠭ᠎ᠤᠨ ᠱᠢᠩᠭᠡᠨ᠎ᠢ ᠬᠡᠷᠡᠭ᠌ᠯᠡᠭ᠌ᠰᠡᠨ᠎ᠤ ᠳᠠᠷᠠᠭ᠎ᠠ᠂ ᠮᠦ᠍ ᠪᠦᠷᠢ ᠵᠢᠨ ᠪᠤᠷᠳᠤᠭᠤᠷ᠎ᠤᠨ ᠥᠪᠡᠷ᠎ᠤᠨ ᠥᠷᠲᠡᠭ᠎ᠢ 50 ᠲᠥᠭᠦᠷᠢᠭ ᠠᠷᠪᠢᠯᠠᠵᠤ᠂ ᠡᠷᠳᠡᠨᠢ ᠱᠢᠰᠢ᠎ᠶ᠋ᠢᠨ ᠮᠦ᠍ ᠪᠦᠷᠢ᠎ᠶ᠋ᠢᠨ ᠤᠨᠠᠯᠲᠠ ᠪᠠᠷᠤᠭ 100 ᠵᠢᠩ ᠨᠡᠮᠡᠭ᠌ᠳᠡᠵᠦ᠍᠂ ᠮᠦ᠍ ᠪᠦᠷᠢ᠎ᠶ᠋ᠢᠨ ᠠᠱᠢᠭ ᠣᠷᠣᠯᠭ᠎ᠠ᠎ᠶ᠋ᠢ 150 ᠲᠥᠭᠦᠷᠢᠭ ᠳᠡᠭᠡᠭ᠌ᠰᠢᠯᠡᠭᠦᠯᠦᠨ᠎ᠡ᠃ ᠪᠦᠬᠦ᠌ ᠲᠣᠰᠭᠤᠨ᠎ᠤ 7000 ᠭᠠᠷᠤᠶ ᠮᠦ᠍ ᠲᠠᠷᠢᠶᠠᠨ ᠭᠠᠵᠠᠷ᠎ᠨᠢ ᠨᠠᠮᠤᠭ᠎ᠤᠨ ᠱᠢᠩᠭᠡᠨ ᠢ᠋ ᠲᠠᠷᠢᠶᠠᠨ ᠭᠠᠵᠠᠷ᠎ᠲᠤ ᠪᠤᠴᠠᠭᠠᠬᠤ ᠲᠥᠷᠥᠯ ᠵᠦᠢᠯ ᠢ᠋ ᠬᠡᠷᠡᠭᠵᠢᠬᠦᠯᠵᠦ᠂ ᠵᠢᠯ ᠳ᠋ᠤ 100 ᠲᠦᠮᠡᠨ ᠲᠥᠭᠦᠷᠢᠭ ᠤ᠋ᠨ ᠤᠷᠤᠯᠭ᠎ᠠ ᠨᠡᠮᠡᠭᠳᠡᠵᠦ ᠪᠠᠢᠨ᠎ᠠ》 ᠬᠡᠵᠤ ᠠᠵᠤ ᠠᠬᠤᠢ᠎ᠶ᠋ᠢᠨ ᠳᠠᠩᠰᠠ ᠪᠣᠳᠣᠵᠤ ᠪᠠᠢᠪᠠ᠃
ᠹᠠᠨ ᠪᠧᠨ ᠯᠦᠩ ᠤ᠋ᠨ ᠲᠠᠨᠢᠯᠴᠠᠭᠤᠯᠤᠭ᠍ᠰᠠᠨᠵᠢᠡᠷ᠂ ᠣᠳᠣᠬᠠᠨ᠎ᠳᠤ᠂ ᠺᠣᠮᠫᠠᠨᠢ ᠨᠢ ᠨᠢᠭᠡᠨᠲᠡ 6 ᠲᠣᠮᠣ ᠬᠡᠯᠪᠡᠷᠢ᠎ᠶ᠋ᠢᠨ ᠬᠦᠴᠢᠯᠲᠥ᠋ᠷᠥᠭ᠌ᠴᠢ ᠢᠰᠭᠡᠬᠦ ᠰᠠᠪᠠ ᠪᠠᠢᠭᠤᠯᠵᠤ᠂ 95 ᠺᠢᠯᠣᠮᠧᠲᠷ᠎ᠤᠨ ᠳᠠᠮᠵᠢᠭᠤᠯᠤᠨ ᠲᠦᠭᠡᠭᠡᠬᠦ᠌ ᠬᠤᠭᠤᠯᠠᠶ᠎ᠶ᠋ᠢ ᠢᠵᠢ ᠪᠥᠷᠢᠳᠦᠭᠦᠯᠦᠨ ᠤᠭᠰᠠᠷᠠᠵᠤ᠂ ᠡᠷᠬᠢᠨ ᠲᠣᠭᠤᠷᠢᠨ᠎ᠤ 12 ᠲᠦᠮᠡᠨ ᠮᠥ᠍ ᠲᠠᠷᠢᠶᠠᠨ ᠭᠠᠵᠠᠷ᠎ᠢ ᠬᠠᠮᠤᠷᠴᠤ᠌᠂ 120 ᠭᠠᠷᠤᠶ ᠲᠠᠷᠢᠶᠠᠴᠢᠨ ᠡᠷᠦᠬᠡ᠎ᠳᠤ ᠠᠱᠢᠭ ᠬᠦᠷᠲᠡᠭᠡᠵᠤ ᠪᠠᠢᠨ᠎ᠠ ᠬᠡᠵᠠᠢ᠃
ᠣᠩᠨᠢᠭᠤᠳ ᠬᠤᠱᠢᠭᠤᠨ᠎ᠤ ᠭᠠᠭ᠍ᠠᠶ᠎ᠶ᠋ᠢᠨ ᠲᠤᠭ᠎ᠠ 160 ᠲᠦᠮᠡ᠎ᠳᠤ ᠬᠦᠷᠴᠦ᠍᠂ ᠵᠢᠯ᠎ᠤᠨ ᠭᠠᠷᠭᠠᠯᠲᠠ᠎ᠶ᠋ᠢᠨ ᠬᠡᠮᠵᠢᠶ᠎ᠡ 230 ᠲᠦᠮᠡ ᠪᠠᠢᠵᠤ᠂ ᠲᠤᠬᠠᠶ᠎ᠶ᠋ᠢᠨ ᠭᠠᠵᠠᠷ᠎ᠤᠨ ᠴᠢᠬᠤᠯᠠ ᠠᠵᠤ ᠦᠢᠯᠡᠰ ᠪᠣᠯᠤᠭ᠍ᠰᠠᠨ ᠪᠠᠢᠨ᠎ᠠ᠃ 《ᠪᠢᠳᠡ ᠵᠦᠡᠭ ᠯᠢᠶᠠᠡᠭ ᠱᠢᠭ᠋ ᠡᠢᠮᠦᠷᠬᠥᠤ ᠠᠵᠤ ᠠᠬᠤᠢᠯᠠᠯ᠎ᠳᠤ ᠲᠦᠱᠢᠭ᠌ᠯᠡᠨ᠂ 〈ᠤᠯᠤᠰ᠎ᠤᠨ ᠠᠮᠢᠳᠤ ᠭᠠᠭ᠍ᠠᠢ᠎ᠶ᠋ᠢᠨ ᠭᠤᠣᠯ ᠡᠭᠦᠯᠳᠡᠷ ᠪᠤᠢᠵᠢᠭᠤᠯᠬᠤ ᠲᠠᠯᠠᠪᠠᠢ〉 ᠵᠢ ᠭᠤᠶᠤᠴᠢᠯᠠᠨ ᠮᠡᠳᠡᠭᠦᠯᠵᠦ᠍᠂ ᠪᠦᠬᠦ᠌ ᠬᠡᠯᠬᠢᠶ᠎ᠡ᠎ᠶ᠋ᠢᠨ ᠨᠡᠢᠭᠡᠮᠴᠢᠯᠡᠭ᠌ᠰᠡᠨ ᠦᠢᠯᠡᠴᠢᠯᠡᠭᠡᠨ᠎ᠤ ᠵᠠᠭ᠍ᠪᠤᠷ᠎ᠢ ᠳᠡᠯᠭᠡᠷᠡᠭᠦᠯᠵᠦ᠍᠂ ᠲᠠᠷᠢᠵᠤ ᠲᠡᠵᠢᠭᠡᠬᠦ᠌᠎ᠶ᠋ᠢ ᠤᠶᠠᠯᠳᠤᠭᠤᠯᠬᠤ ᠲᠤᠷᠱᠢᠯᠲᠠ᠎ᠶ᠋ᠢᠨ ᠴᠡᠭ᠎ᠢ ᠭᠦᠨᠵᠡᠭᠡᠢᠷᠡᠭᠦᠯᠵᠦ᠍᠂ ᠠᠮᠢ ᠠᠬᠤᠢ᠎ᠶ᠋ᠢᠨ ᠦᠷ᠎ᠡ ᠠᠱᠢᠭ ᠬᠢᠭᠡᠳ ᠠᠵᠤ ᠠᠬᠤᠢ᠎ᠶ᠋ᠢᠨ ᠦᠷ᠎ᠡ ᠠᠱᠢᠭ᠎ᠢ ᠤᠯᠠᠮ ᠨᠢᠭᠡ ᠠᠯᠬᠤᠮ ᠳᠡᠭᠡᠭ᠌ᠰᠢᠯᠡᠭᠦᠯᠦᠨ᠎ᠡ》 ᠬᠡᠵᠤ ᠤᠡᠭᠨᠢᠭᠤᠳ ᠬᠣᠱᠢᠭᠤᠨ᠎ᠤ ᠮᠠᠯ ᠠᠵᠤ ᠠᠬᠤᠢᠲᠠᠷᠢᠶᠠᠯᠠᠡᠭ ᠤ᠋ᠨ ᠲᠣᠪᠴᠢᠶᠠᠨ᠎ᠤ ᠳᠡᠳ᠋ ᠳᠠᠷᠤᠭ᠎ᠠ ᠠᠯᠲᠠᠨᠰᠠᠩ ᠢᠯᠡᠷᠬᠡᠢᠯᠡᠪᠡ᠃
[ᠰᠣᠷᠪᠤᠯᠵᠢᠯᠠᠬ᠍ᠴᠢ᠎ᠶ᠋ᠢᠨ ᠡᠪᠦᠷ ᠲᠡᠮᠳᠡᠭᠯᠡᠯ]
ᠭᠠᠭ᠍ᠠᠶ᠎ᠶ᠋ᠢᠨ ᠡᠬᠦᠷ ᠲᠤ᠌ ᠣᠷᠣᠬᠤ᠎ᠠᠴᠠ ᠡᠮᠦᠨ᠎ᠡ ᠳᠥᠷᠪᠡ ᠤᠳᠠᠭ᠎ᠠ ᠤᠬᠢᠶᠠᠯᠭ᠎ᠠ ᠬᠢᠵᠦ ᠠᠷᠢᠭᠤᠳᠭᠠᠵᠤ᠂ ᠳᠥᠷᠪᠡᠨ ᠢᠵᠢ ᠲᠤᠰᠭᠠᠶ ᠬᠡᠷᠡᠭ᠌ᠯᠡᠭᠡᠨ᠎ᠤ ᠬᠤᠪᠴᠠᠰᠤ ᠰᠣᠯᠢᠬᠤ ᠴᠢᠬᠤᠯᠠᠲᠠᠶ ᠪᠠᠢᠳᠠᠭ᠂ ᠡᠨᠡ ᠬᠥ᠌ ᠠᠮᠢᠳᠤ ᠪᠣᠳᠠᠰ᠎ᠤᠨ ᠠᠮᠤᠷ ᠲᠦᠪᠱᠢᠨ᠎ᠢ ᠪᠠᠳᠤᠯᠠᠬᠤ ᠨᠠᠷᠢᠨ ᠶᠠᠪᠤᠴᠠ ᠨᠢ ᠰᠤᠷᠪᠤᠯᠵᠢᠯᠠᠭ᠍ᠴᠢ᠎ᠶ᠋ᠢᠨ ᠣᠳᠣᠬᠢᠴᠢᠯᠠᠭ᠍ᠰᠠᠨ ᠲᠡᠵᠢᠭᠡᠨ ᠦᠷᠡᠵᠢᠭᠦᠯᠬᠦ᠌ ᠲᠠᠯᠠᠪᠤᠷᠲᠡᠬᠢ ᠰᠤᠨᠢᠭᠤᠴᠢ ᠰᠡᠳᠬᠢᠯᠬᠡ ᠵᠢ ᠤᠯᠠᠮ ᠲᠠᠳᠠᠵᠠᠢ᠃ ᠤᠤᠯ ᠨᠢ ᠨᠢᠭᠡᠨᠲᠡ ᠣᠨᠳᠣᠣ ᠦᠨᠦᠷ᠎ᠢ ᠠᠷᠭᠠᠴᠠᠭᠠᠬᠤ ᠦᠵᠡᠯ ᠰᠠᠨᠠᠭᠠᠨ ᠤ᠋ ᠪᠡᠯᠡᠳᠭᠡᠯ ᠬᠢᠵᠦ᠍ ᠪᠠᠢᠭᠰᠠᠨ ᠵᠢᠡᠨ ᠭᠠᠭ᠍ᠠᠢ᠎ᠶ᠋ᠢᠨ ᠡᠬᠦᠷ ᠲᠤ᠌ ᠠᠯᠬᠤᠨ ᠣᠷᠣᠬᠤ ᠭᠱᠠᠨ ᠵᠠᠭᠤᠷ᠎ᠠ ᠬᠠᠷᠢᠨ ᠰᠠᠨᠠᠭᠠᠨᠠ᠋ᠴᠠ ᠭᠠᠳᠠᠭᠤᠷ ᠰᠠᠨᠠᠭ᠍ᠳᠠᠪᠠ᠄ ᠬᠠᠭᠤᠷᠠᠢ ᠴᠡᠪᠡᠷ ᠱᠠᠯᠠ᠂ ᠲᠣᠭ᠍ᠲᠠᠮᠠᠯ ᠳᠤᠯᠠᠭᠠᠨ ᠣᠷᠴᠢᠨ ᠲᠣᠭᠤᠷᠢᠨ᠂ ᠴᠡᠪᠡᠷ ᠬᠦᠭᠡᠷᠦᠭᠦᠨ ᠳᠤᠷᠤᠢ ᠨᠤᠭᠤᠳ ᠨᠢ ᠤᠯᠠᠮᠵᠢᠯᠠᠯᠲᠤ ᠭᠠᠬᠠᠢ ᠲᠡᠵᠢᠭᠡᠬᠦ᠌ ᠲᠠᠯᠠᠪᠠᠢ᠎ᠶᠢᠨ ᠬᠡᠪ ᠵᠠᠭ᠍ᠪᠤᠷ᠎ᠢ᠋ ᠲᠤᠢᠯᠪᠤᠷᠢᠲᠠᠢ ᠬᠤᠪᠢᠷᠠᠭᠤᠯᠤᠭᠰᠠᠨ ᠪᠠᠢᠨ᠎ᠠ᠃
ᠣᠶᠤᠨᠳᠤ ᠲᠣᠬᠢᠷᠠᠭᠤᠯᠤᠨ ᠡᠵᠡᠮᠳᠡᠬᠦ᠌ 《ᠲᠠᠭᠠᠯᠠᠮᠵᠢᠲᠠᠶ ᠬᠠᠱᠢᠶ᠎ᠠ ᠰᠠᠷᠠᠪᠴᠢ》 ᠡᠴᠡ ᠨᠠᠷᠢᠯᠢᠭ ᠣᠨᠣᠪᠴᠢᠳᠠᠢ᠎ᠪᠠᠷ ᠲᠡᠵᠢᠭᠡᠨ ᠦᠷᠡᠵᠢᠭᠦᠯᠬᠦ᠌ 《ᠱᠢᠨᠵᠢᠯᠡᠬᠦ᠌ ᠤᠬᠠᠭᠠᠨᠴᠢ ᠱᠢᠮ᠎ᠡ ᠲᠡᠵᠢᠭᠡᠯᠳᠤ ᠬᠤᠭᠤᠯᠠ》 ᠬᠦᠷᠲᠡᠯ᠎ᠡ᠂ ᠳᠠᠬᠢᠨ ᠭᠠᠵᠠᠷ ᠳᠣᠤᠷᠠᠬᠢ ᠬᠤᠭᠤᠯᠠᠶ ᠲᠣᠤᠷ᠎ᠲᠤ ᠪᠠᠢᠭᠤᠯᠤᠭ᠍ᠰᠠᠨ ᠳᠠᠯᠳᠠ ᠡᠷᠭᠢᠯᠲᠡ᠎ᠶ᠋ᠢᠨ ᠨᠡᠪᠲᠡᠷᠡᠬᠦ᠌ ᠵᠠᠮ ᠬᠦᠷᠲᠡᠯ᠎ᠡ᠂ ᠮᠠᠯ ᠵᠢᠭᠦᠷᠲᠡᠨ᠎ᠤ ᠢᠯᠭᠠᠳᠠᠰᠤ᠎ᠨᠢ ᠣᠷᠴᠢᠨ ᠲᠣᠭᠤᠷᠢᠨ᠎ᠤ ᠳᠠᠷᠤᠭᠠᠰᠤ ᠪᠣᠯᠤᠭᠰᠠᠨ ᠥᠬᠡᠶ᠂ ᠬᠠᠷᠢᠨ ᠲᠠᠷᠢᠶᠠᠨ ᠭᠠᠵᠠᠷ᠎ᠢ ᠱᠢᠮᠡᠵᠢᠭᠦᠯᠬᠦ᠌ ᠪᠣᠬᠢᠷᠲᠤᠯ ᠥᠬᠡᠶ ᠡᠬᠢ ᠪᠠᠶᠠᠯᠢᠭ ᠪᠣᠯᠪᠠ᠃ ᠨᠠᠮᠤᠭ᠎ᠤᠨ ᠬᠡᠢ᠎ᠶ᠋ᠢᠨ ᠥᠷᠲᠡᠭᠡᠨ᠎ᠤ ᠳᠣᠲᠣᠷᠠᠬᠢ ᠲᠣᠮᠣ ᠬᠡᠯᠪᠡᠷᠢ᠎ᠶ᠋ᠢᠨ ᠢᠰᠭᠡᠬᠦ᠌ ᠰᠠᠪᠠ᠎ᠨᠢ ᠢᠯᠭᠠᠳᠠᠰᠤ ᠵᠢ ᠡᠷᠳᠡᠨᠢ ᠪᠣᠯᠭᠠᠨ ᠬᠤᠪᠢᠷᠠᠭᠤᠯᠵᠤ᠂ ᠨᠠᠮᠤᠭ᠎ᠤᠨ ᠱᠢᠩᠭᠡᠨ ᠵᠢᠡᠷ ᠲᠠᠷᠢᠶᠠᠨ ᠭᠠᠵᠠᠷ ᠢ᠋ ᠰᠢᠮᠡᠵᠢᠬᠦᠯᠵᠦ᠂ ᠲᠠᠷᠢᠶᠠᠴᠢᠨ ᠡᠷᠦᠬᠡ᠎ᠶ᠋ᠢᠨ ᠥᠪᠡᠷ᠎ᠤᠨ ᠥᠷᠲᠡᠭ᠎ᠢ ᠠᠷᠪᠢᠯᠠᠵᠤ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠦᠨᠡᠨ ᠬᠦ᠌ ᠪᠡᠶᠡᠯᠡᠭᠦᠯᠪᠡ᠃
ᠶᠤᠸᠠᠨ ᠪᠦᠦ ᠸᠠ ᠲᠣᠰᠭᠤᠨ᠎ᠤ ᠲᠠᠷᠢᠶᠠᠨ ᠳᠠᠯᠠᠩ ᠳᠡᠭᠡᠷ᠎ᠡ ᠵᠣᠭ᠍ᠰᠣᠵᠤ᠂ ᠲᠣᠰᠭᠤᠨ᠎ᠤ ᠡᠷᠬᠢᠯᠡᠭ᠌ᠴᠢ ᠯᠢᠨ ᠢᠦᠢ ᠬᠤᠷᠤᠭᠤ ᠲᠠᠷᠤᠵᠤ ᠳᠠᠩᠰᠠ ᠪᠣᠳᠣᠬᠤ ᠦᠶ᠎ᠡ᠎ᠳᠤ ᠴᠢᠷᠠᠢ ᠲᠡᠬᠡᠷ᠎ᠠ ᠨᠢ ᠪᠠᠶᠠᠷ ᠤ᠋ᠨ ᠮᠦᠰᠢᠶᠠᠳᠤ ᠳᠤᠳᠤᠷᠠᠭᠰᠠᠨ ᠢ᠋ ᠬᠠᠷᠠᠭᠠᠳ ᠰᠤᠷᠪᠤᠯᠵᠢᠯᠠᠭ᠍ᠴᠢ ᠰᠠᠢᠨ ᠠᠮᠢ ᠠᠬᠤᠢ ᠨᠢ ᠰᠠᠢᠨ ᠤᠷᠴᠢᠯ ᠡᠴᠡ ᠡᠬᠦᠰᠦᠯᠳᠡᠢ ᠬᠡᠳᠡᠭ ᠢ᠋ ᠮᠡᠳᠡᠷᠡᠪᠡ᠃ ᠭᠠᠭ᠍ᠠᠢ᠎ᠶ᠋ᠢᠨ ᠡᠬᠦᠷ᠎ᠠᠴᠠ ᠲᠠᠷᠢᠶᠠᠨ ᠭᠠᠵᠠᠷ ᠬᠦᠷᠲᠡᠯ᠎ᠡ᠂ ᠢᠯᠭᠠᠳᠠᠰᠤ ᠡᠴᠡ ᠪᠤᠷᠳᠤᠭᠤᠷ ᠬᠦᠷᠲᠡᠯ᠎ᠡ᠂ ᠡᠨᠡᠬᠦ᠌ ᠤᠷᠴᠢᠯ᠎ᠨᠢ ᠪᠣᠬᠢᠷᠲᠤᠯ ᠦᠭᠡᠢ ᠠᠵᠤ ᠦᠢᠯᠡᠰ᠎ᠢ ᠪᠤᠢ ᠪᠤᠯᠭᠠᠭᠰᠠᠨ᠎ᠢᠶᠠᠷ ᠪᠠᠷᠠᠬᠤ ᠦᠭᠡᠢ᠂ ᠨᠡᠩ ᠴᠤ᠌ ᠡᠨᠡ ᠨᠤᠲᠤᠭ᠎ᠤᠨ ᠬᠦᠮᠦᠨ ᠠᠷᠠᠳ ᠲᠤ᠌ ᠵᠣᠯ ᠵᠢᠷᠭᠠᠯᠲᠤ ᠠᠮᠢᠳᠤᠷᠠᠯ᠎ᠢ ᠡᠳ᠋ᠯᠡᠬᠦᠯᠦᠭᠰᠡᠨ ᠪᠠᠢᠨ᠎ᠠ᠃